ᠭᠠᠭᠴᠠ ᠰᠢᠷᠬᠡᠭ ᠮᠦᠩᠭᠦᠨ ᠦᠰᠦ

ᠳᠠᠴᠢᠷᠬᠠᠨ ᠬᠠᠯᠢᠮᠠᠭ ᠢ ᠮᠢᠨᠢ ᠵᠥᠭᠡᠷᠭᠡᠨ ᠵᠠᠰᠠᠳᠠᠭ ᠮᠤᠩᠭ᠋ᠤᠯ ᠦᠰᠦᠴᠢᠨ ᠤ ᠳᠤ ᠣᠷᠤᠬᠤ ᠳᠤ ᠨᠠᠷᠠ ᠪᠠᠭᠰᠢ ᠳᠤᠯᠤᠭᠠᠢ ᠪᠠᠨ ᠶᠠᠮᠠᠷ ᠨᠢᠭᠡᠨ ᠮᠠᠰᠢᠨ ᠳᠤ ᠣᠭᠯᠠᠴᠢᠬᠠᠭᠰᠠᠨ ᠳᠠᠨᠢᠭᠳᠠᠬᠤ ᠦᠭᠡᠶ ᠰᠢᠬᠠᠭᠤ ᠰᠠᠭᠤᠵᠤ ᠪᠠᠢ᠌ᠪᠠ᠃

᠊᠊᠊᠊᠊᠊᠊᠊᠊  ᠨᠠᠷᠠ ᠪᠠᠭᠰᠢ ᠦᠰᠦ ᠪᠠᠨ ᠶᠠᠡᠭᠵᠤᠯᠡᠵᠤ ᠪᠠᠢ᠌ᠭ᠎ᠠ ᠶᠤᠮ ᠦᠦ ︖ ᠭᠡᠵᠤ ᠠᠰᠠᠭᠤᠪᠠᠯ ᠄

᠊᠊᠊᠊᠊᠊᠊᠊᠊ ᠳᠠᠢ᠌ᠮᠤ ᠡ᠂ ᠭᠡᠵᠤ ᠢᠨᠢᠶᠡᠮᠰᠦᠭᠯᠡᠨ᠎ᠡ ᠃

ᠳᠠᠮᠠᠢ ᠣᠳᠠᠭᠰᠠᠨ ᠦᠭᠡᠶ ᠳᠤᠯᠤᠭᠠᠢ ᠳᠦᠷᠦᠭᠦᠤ ᠪᠠᠨ ᠣᠭᠢᠶᠠᠴᠢᠬᠠᠭᠠᠤᠨ ᠳᠤᠯᠢᠨ ᠤ ᠡᠮᠤᠨ᠎ᠡ ᠨᠣᠢ᠌ᠳᠠᠨ ᠭᠡᠵᠢᠭᠡ ᠪᠠᠨ ᠠᠩᠬᠠᠷᠤᠯ ᠳᠠᠢ ᠰᠠᠮᠨᠠᠬᠤ ᠳᠤ ᠦᠰᠦᠨ ᠡᠴᠠ ᠨᠢ ᠰᠢᠷᠭᠠᠯ ᠭᠡᠷᠡᠯ ᠰᠠᠴᠤᠷᠠᠨ᠎ᠠ᠃ ᠳᠦᠭᠡ ᠰᠢᠬᠠᠮ ᠦᠨᠳᠦᠷ ᠥᠰᠦᠭᠡᠢ ᠲᠡᠶ ᠱᠠᠬᠠᠢ ᠪᠠᠷ ᠱᠠᠯᠠᠨ ᠳᠡᠭᠡᠷ᠎ᠡ ᠳᠠᠱ ᠳᠠᠱ ᠭᠢᠰᠭᠢᠯᠠᠨ ᠨᠠᠰᠢ ᠴᠠᠰᠢ ᠭᠦᠳᠡᠯᠭᠦ ᠨᠢ ᠶᠡᠭᠡᠯ᠎ᠡ ᠳᠡᠭ᠍ᠵᠢᠨ᠃ ᠣᠬᠤᠷ ᠪᠠᠡᠭᠵᠠᠯ ᠤᠨ ᠭᠢᠨᠢ ᠳᠤᠤᠭᠤᠷ ᠬᠤᠰᠤᠨ ᠴᠠᠭᠠᠨ ᠭᠤᠶ᠎ᠠ ᠮᠠᠯᠴᠠᠢ᠌ᠵᠤ ᠂ ᠠᠷᠭ᠎ᠠ ᠦᠭᠡᠶ ᠯᠠ ᠡᠷ᠎ᠡ ᠭᠦᠮᠤᠨ ᠤ ᠰᠠᠤᠠᠭᠢᠯ ᠮᠠᠭᠠᠵᠢᠭᠰᠠᠨ ᠰᠠᠢ᠌ᠬᠠᠨ ᠠᠮᠢᠳᠠᠨ ᠶᠤᠮ ᠳ᠋ᠠ ᠭᠡᠵᠤ ᠪᠢ ᠬᠤᠪᠢᠨ ᠳᠠᠭᠠᠨ ᠪᠣᠳᠤᠵᠤ ᠠᠮᠵᠢᠪᠠ᠃

᠊᠊᠊᠊᠊᠊᠊᠊᠊ ᠬᠠᠯᠳᠠᠷ ᠳᠠᠷᠤᠭ᠎ᠠ ᠡ᠂ ᠮᠢᠨᠤ ᠦᠰᠦᠨ ᠤ ᠥᠩᠭᠡ ᠮᠠᠶ‍ᠢᠭ ᠨᠠᠳᠠ ᠵᠤᠭᠢᠷᠠᠵᠤ ᠪᠠᠢ᠌ᠨ᠎ᠠ ᠦᠦ︖ ᠭᠡᠵᠤ ᠨᠠᠷᠠ ᠪᠠᠭᠰᠢ ᠠᠰᠠᠭᠤᠨ᠎ᠠ᠃ ᠡᠭᠡ ᠡᠴᠠ ᠵᠠᠶᠠᠭᠠᠭᠰᠠᠨ ᠬᠠᠷᠠᠬᠠᠨ ᠭᠡᠵᠢᠭᠡ ᠪᠠᠨ ᠰᠢᠷᠠᠯᠠᠭᠤᠯᠵᠤ ᠪᠣᠳᠤᠭᠰᠠᠨ ᠨᠢ ᠨᠠᠳᠠ ᠥᠴᠦᠭᠡᠨ ᠬᠠᠷᠠᠮᠰᠠᠯ ᠳᠦᠷᠦᠭᠦᠯᠭᠦ ᠪᠣᠯᠪᠠᠴᠤ ᠪᠦᠰᠡᠭᠦᠢ ᠭᠦᠮᠤᠨ ᠢ ᠣᠷᠮᠠᠰᠢᠭᠤᠯᠬᠤ ᠨᠢ ᠡᠷ᠎ᠡ ᠭᠦᠮᠤᠨ ᠤ ᠪᠣᠯᠪᠠᠰᠤᠷᠠᠯ ᠣᠴᠢᠷ ᠄

᠊᠊᠊᠊᠊᠊᠊᠊᠊ ᠮᠠᠷᠢᠯᠤᠨ ᠮᠤᠨᠠᠷᠤ ᠶᠢ ᠰᠠᠨᠠᠭᠳᠠᠭᠤᠯᠮᠠᠷ᠂ ᠭᠤᠴᠤ ᠵᠤᠭᠢᠷᠠᠵᠠᠢ᠃ ᠡᠨᠡ ᠬᠤᠳᠤᠭᠤᠷ ᠤᠨ ᠡᠷᠡᠴᠦᠦᠯ ᠴᠢᠨᠤ ᠬᠣᠢ᠌ᠨ᠎ᠠ ᠡᠴᠠ ᠰᠠᠯᠭᠢ ᠰᠢᠭ᠌ ᠬᠣᠢ᠌ᠯᠠᠷᠠᠵᠤ ᠮᠠᠳᠠᠨ᠎ᠡ ᠳ᠋ᠠ ᠭᠡᠪᠠᠯ ᠄

᠊᠊᠊᠊᠊᠊᠊᠊᠊ ᠬᠠ᠂ ᠬᠠ᠁ ᠬᠠᠯᠢᠭᠤᠳᠤ ᠶᠢᠨ ᠮᠠᠭᠤᠰᠠᠢ᠌ᠨ ᠡᠷᠡᠴᠦᠦᠯ ᠨᠠᠳᠠ ᠶᠠᠭᠤᠨ ᠬᠠᠮᠢᠶ᠎ᠠ ᠪᠠᠢ᠌ᠬᠤᠪ ᠂ ᠬᠠᠷᠢᠨ ᠳᠠᠨ ᠤ ᠠᠮᠠ ᠶᠢ ᠰᠢᠷ᠎ᠠ ᠳᠤᠰᠤ ᠪᠠᠷ ᠳᠤᠰᠤᠯᠠᠶ᠎ᠠ ᠂ ᠮᠠᠨᠠᠢ᠌ᠭᠢ ᠪᠠᠷ ᠠᠢ᠌ᠯᠴᠢᠯᠠᠵᠤ ᠣᠴᠢᠭᠠᠷᠠᠢ ᠭᠡᠤᠨ ᠮᠠᠰᠢ ᠪᠠᠶᠠᠰᠬᠤᠯᠠᠩ ᠲᠡᠶ ᠠᠯᠬᠤᠵᠤ ᠣᠤᠠᠪᠠ ᠃

ᠦᠰᠦ ᠪᠠᠨ ᠵᠠᠰᠠᠭᠤᠯᠴᠢᠬᠠᠭᠠᠤᠨ ᠬᠠᠷᠢᠪᠠᠯ ᠪᠦᠰᠡᠭᠦᠢ ᠭᠦᠷᠭᠢᠷ᠎ᠡ ᠰᠢᠭ᠌ ᠠᠰᠬᠠᠷᠠᠨ ᠬᠤᠠᠳᠤᠯᠠᠢ ᠭᠦᠷᠦᠭ᠍ᠰᠡᠨ ᠣᠷᠳᠤ ᠭᠡᠵᠢᠭᠡ ᠪᠠᠨ ᠰᠠᠮᠨᠠᠵᠤ ᠪᠠᠢ᠌ᠪᠠ ᠃ ᠨᠠᠷᠠ ᠪᠠᠭᠰᠢ ᠲᠡᠶ ᠠᠭᠤᠯᠵᠠᠵᠤ ᠶᠠᠷᠢᠯᠴᠠᠭᠰᠠᠨ ᠶᠢᠡᠨ ᠭᠡᠯᠡᠪᠠᠯ ᠄

᠊᠊᠊᠊᠊᠊᠊᠊᠊ ᠭᠦᠮᠤᠨ ᠤ ᠪᠦᠰᠡᠭᠦᠢ ᠶᠢ ᠳᠡᠩᠳᠡᠭᠦᠤ ᠮᠠᠭᠳᠠᠭᠠᠤᠨ ᠂ ᠪᠣᠷᠤᠭᠤ ᠰᠠᠨᠠᠬᠤ ᠦᠭᠡᠶ ᠶᠤᠮ ᠦᠦ︖ ᠴᠠᠭᠠᠨ ᠦᠰᠦ ᠲᠡᠶ ᠪᠣᠯᠴᠢᠬᠠᠭᠠᠤᠨ ᠪᠣᠳᠤᠵᠤ ᠪᠠᠢ᠌ᠬᠤ ᠶᠢ ᠨᠢ ᠮᠡᠳᠡᠳᠡᠭ᠌ ᠦᠭᠡᠶ ᠴᠢ ᠮᠦᠨ ᠳᠡᠨᠡᠭ᠌ ᠤᠨ ᠨᠢᠭᠡ ᠰᠢᠤ ᠭᠡᠵᠤ ᠳᠤᠷ᠎ᠠ ᠥᠭᠡᠢ᠌ᠯᠡᠪᠡ ᠃

ᠡᠨᠡ ᠦᠶ᠎ᠡ ᠪᠢ ᠪᠦᠰᠡᠭᠦᠢ ᠶᠢᠨ ᠶᠢᠡᠨ ᠰᠠᠠᠴᠢᠭ ᠲᠤ ᠨᠢᠭᠡᠨ ᠰᠢᠷᠭᠡᠭ᠌ ᠴᠠᠭᠠᠨ ᠦᠰᠦ ᠪᠠᠢ᠌ᠬᠤ ᠶᠢ ᠣᠯᠵᠤ ᠬᠠᠷᠠᠭᠠᠤᠨ ᠄

᠊᠊᠊᠊᠊᠊᠊᠊᠊ ᠰᠠᠠᠴᠢᠭ ᠲᠤ ᠴᠢᠨᠢ ᠨᠢᠭᠡ ᠰᠢᠷᠭᠡᠭ᠌ ᠴᠠᠭᠠᠨ ᠦᠰᠦ ᠪᠠᠢ᠌ᠨ᠎ᠠ ᠂ ᠥᠭ᠍ᠳᠡᠭᠡᠭᠡᠤᠨ ᠦᠭ‍ᠭᠦᠶ᠎ᠡ ᠭᠡᠪᠠᠯ ᠄

᠊᠊᠊᠊᠊᠊᠊᠊᠊ ᠮᠦᠩᠭᠦᠨ ᠦᠰᠦ ᠭᠡᠭᠡᠴᠢ ᠂ ᠴᠠᠭᠠᠨ ᠦᠰᠦ ᠭᠡᠳᠡᠭ᠌ ᠥᠭᠡ ᠨᠠᠳᠠ ᠳᠠᠪᠠ ᠦᠭᠡᠶ ᠰᠠᠨᠠᠭᠳᠠᠵᠤ ᠪᠠᠢ᠌ᠨ᠎ᠠ᠃ ᠰᠠᠢ᠌ᠨ ᠬᠠᠷᠠᠭᠠᠴᠢ᠂ ᠥᠭᠡᠷ᠎ᠡ ᠪᠠᠢ᠌ᠨ᠎ᠠ ᠦᠦ︖ ᠭᠡᠵᠤ ᠣᠴᠠᠭᠠᠷᠳᠠᠪᠠ᠃ ᠦᠰᠦ ᠶᠢ ᠨᠢ ᠢᠷᠠᠵᠤ ᠥᠵᠡᠭᠡᠤᠨ ᠄

᠊᠊᠊᠊᠊᠊᠊᠊᠊ ᠥᠭᠡᠷ᠎ᠡ ᠪᠠᠢ᠌ᠬᠤ ᠦᠭᠡᠶ᠂ ᠭᠠᠭᠴᠠᠬᠠᠨ ᠰᠢᠷᠭᠡᠭ᠌ ᠮᠦᠩᠭᠦᠨ ᠦᠰᠦ ᠪᠠᠢ᠌ᠨ᠎ᠠ ᠭᠡᠪᠠᠯ ᠄

᠊᠊᠊᠊᠊᠊᠊᠊᠊ ᠭᠠᠭᠴᠠ ᠰᠢᠷᠭᠡᠭ᠌ ᠪᠣᠯ ᠪᠠᠢ᠌ᠵᠤ ᠪᠠᠢ᠌ᠭ ᠂ ᠬᠠᠢ᠌ᠷᠠᠨ ᠮᠦᠩᠭᠦᠨ ᠦᠰᠦ ᠂ ᠦᠰᠦᠨ ᠳᠤ ᠭᠢᠷᠠᠭᠤ ᠪᠠᠭᠤᠵᠤ ᠪᠠᠢ᠌ᠬᠤ ᠶᠢᠨ ᠠᠩᠬᠠᠨ ᠤ ᠳᠡᠮᠳᠡᠭ᠌ ᠃ ᠪᠦᠰᠡᠭᠦᠢ ᠭᠦᠮᠤᠨ ᠳᠦᠴᠢ ᠭᠦᠷᠪᠠᠯ ᠦᠰᠦᠨ ᠳᠤ ᠭᠢᠷᠠᠭᠤ ᠪᠠᠭᠤᠳᠠᠭ ᠂ ᠵᠢᠷᠠ ᠭᠦᠷᠪᠠᠯ ᠨᠠᠰᠤᠨ ᠳᠤ ᠭᠢᠷᠠᠭᠤ ᠪᠠᠭᠤᠨ᠎ᠠ ᠭᠡᠵᠤ ᠡᠵᠢ ᠶᠢᠨ ᠭᠡᠯᠡᠳᠡᠭ᠌ ᠦᠨᠡᠨ ᠪᠠᠢ᠌ᠵᠤ ᠭᠡᠤᠨ ᠰᠠᠨᠠᠭ᠎ᠠ ᠠᠯᠳᠠᠪᠠ ᠃

ᠡᠮᠡᠭ᠍ᠳᠡᠢ᠌ᠴᠦᠳ ᠥᠳᠡᠯᠭᠦ ᠶᠢᠨ ᠣᠷᠤᠨ ᠳᠤ ᠥᠭᠦᠭ᠍ᠰᠡᠨ ᠨᠢ ᠳᠡᠭᠡᠷ᠎ᠡ ᠭᠡᠵᠤ ᠪᠣᠳᠤᠳᠠᠭ ᠪᠣᠯᠤᠯᠳᠠᠢ ᠃ ᠪᠢ ᠪᠦᠰᠡᠭᠦᠢ ᠶᠢᠨ ᠰᠠᠤᠠᠭᠢᠯ ᠢ ᠵᠠᠰᠠᠬᠤ ᠥᠭᠡ ᠪᠠᠨ ᠣᠯᠵᠤ ᠶᠠᠳᠠᠨ᠄

᠊᠊᠊᠊᠊᠊᠊᠊᠊ ᠳᠦᠷᠦᠭᠦᠤ ᠭᠡᠳᠤᠨ ᠵᠢᠯ ᠡᠴᠠ ᠬᠠᠯᠢᠭᠤᠳᠤ ᠶᠢᠨ ᠪᠦᠰᠡᠭᠦᠢ᠌ᠴᠦᠳ ᠦᠰᠦ ᠪᠠᠨ ᠰᠢᠷᠠᠯᠠᠭᠤᠯᠵᠤ ᠪᠣᠳᠤᠭᠠᠤᠨ ᠪᠠᠢ᠌ᠳᠠᠭ ᠤᠨ ᠣᠴᠢᠷ ᠢ ᠰᠠᠶ‍ᠢ ᠯᠠ ᠮᠠᠳᠠᠯ᠎ᠠ ᠂ ᠳᠠᠳᠠᠨ ᠢ ᠪᠣᠳᠤᠪᠠᠯ ᠴᠢ ᠬᠤᠵᠢᠮᠳᠠᠵᠤ ᠭᠡᠳᠤᠨ ᠵᠢᠯ ᠮᠦᠩᠭᠦᠨ ᠦᠰᠦ ᠲᠡᠶ ᠪᠣᠯᠵᠤ ᠪᠠᠢ᠌ᠭ᠎ᠠ ᠶᠤᠮ ᠪᠠᠢ᠌ᠨ᠎ᠠ ᠭᠡᠵᠤ ᠰᠠᠢ᠌ᠮᠤᠰᠠᠷᠠᠪᠠᠯ ᠄

᠊᠊᠊᠊᠊᠊᠊᠊᠊ ᠨᠠᠮ᠎ᠠ ᠶᠢ ᠥᠳᠡᠯᠴᠢᠭᠡᠯ᠎ᠡ ᠭᠡᠵᠤ ᠭᠤᠯᠤᠬᠤ ᠦᠭᠡᠶ ᠪᠢᠵᠠ ︖ ᠡᠷᠡᠴᠦᠦᠯ ᠶᠠᠷᠤᠨᠢ ᠵᠠᠯᠠᠭᠤ ᠭᠡᠦᠭᠡᠨ ᠳᠤ ᠨᠢᠳᠤ ᠢᠯᠡᠭᠦᠤ ᠬᠠᠶᠠᠳᠠᠭ ᠭᠡᠵᠤ  ᠦᠷᠪᠠᠳᠤᠮᠠᠷ ᠶᠠᠭᠤᠮ᠎ᠠ ᠠᠰᠠᠭᠤᠯ᠎ᠠ ᠃

᠊᠊᠊᠊᠊᠊᠊᠊᠊ ᠬᠠᠨᠠᠰᠠ ᠳ᠋ᠠ ᠂ ᠦᠰᠦᠨ ᠳᠤ ᠴᠢᠨᠢ ᠭᠢᠷᠠᠭᠤ ᠪᠠᠭᠤᠭᠰᠠᠨ ᠴᠤ ᠦᠨᠡᠨ ᠰᠠᠤᠠᠭᠢᠯ ᠮᠢᠨᠢ ᠭᠡᠪ ᠶᠢᠡᠷ᠂ ᠨᠠᠰᠤᠨ ᠳᠤ ᠴᠢᠨᠢ ᠭᠢᠷᠠᠭᠤ ᠣᠨᠠᠭᠰᠠᠨ ᠴᠤ ᠨᠠᠭᠠᠯᠢᠩᠬᠠᠢ ᠵᠢᠷᠦᠭᠡ ᠮᠢᠨᠢ ᠶᠤᠰᠤ ᠪᠡᠷ᠃ ᠴᠢᠮ᠎ᠠ ᠶᠢ ᠬᠠᠢ᠌ᠷᠠᠯᠬᠤ ᠮᠢᠨᠤ ᠬᠠᠢ᠌ᠷ᠎ᠠ ᠶᠢ ᠪᠣᠯᠠᠭ ᠤᠨ ᠣᠰᠤ ᠲᠡᠶ ᠵᠣᠢ᠌ᠷᠯᠠᠪᠠᠯ ᠮᠢᠨᠤ ᠬᠠᠢ᠌ᠷ᠎ᠠ ᠰᠢᠷᠭᠢᠳᠡᠭ᠌ ᠦᠭᠡᠶ ᠮᠥᠩᠭᠡ ᠶᠢᠨ ᠣᠠᠳᠤᠷᠠᠭ᠎ᠠ ᠲᠡᠶ ᠪᠣᠯᠠᠭ ᠭᠡᠰᠡᠨ ᠥᠭᠡ ᠂ ᠮᠢᠨᠤ ᠮᠠᠭᠤ ᠨᠠᠢ᠌ᠵᠢ ᠨᠠᠳᠠ ᠳᠠᠭᠠᠨ ᠭᠠᠭᠴᠠᠬᠠᠨ ᠡᠷᠳᠡᠨᠢ ᠰᠢᠤ ᠭᠡᠵᠤ ᠦᠪᠡᠷ ᠢ ᠪᠠᠨ ᠢᠳᠡᠭᠡᠮ᠎ᠡ ᠦᠭᠡᠶ ᠨᠢᠯᠤᠭᠤᠨ ᠥᠭᠡ ᠣᠷᠤᠰᠬᠠᠪᠠᠯ ᠄

᠊᠊᠊᠊᠊᠊᠊᠊᠊ ᠮᠢᠨᠤ ᠮᠠᠭᠤ ᠡᠪᠦᠭᠡᠨ ᠰᠠᠢ᠌ᠬᠠᠨ ᠬᠤᠩᠰᠢᠶᠠᠷᠯᠠᠵᠤ ᠮᠠᠢ᠌ᠬᠠᠨ ᠪᠣᠬᠤᠷᠯᠠᠵᠤ ᠴᠢᠳᠠᠨ᠎ᠠ ᠡ ᠂ ᠠᠮᠠ ᠶᠢ ᠴᠢᠨᠢ ᠳᠤᠰᠤᠯᠠᠶ᠎ᠠ ᠭᠡᠵᠤ ᠢᠨᠢᠶᠠᠰ ᠠᠯᠳᠠᠨ ᠳᠠᠪᠠᠷᠢᠪᠠ ᠃


ᠵᠤᠬᠢᠶᠠᠭᠴᠢ ᠶᠢᠨ ᠬᠠᠶ‍ᠢᠭ᠄ ᠣᠷᠠᠤᠨ

ᠵᠤᠬᠢᠶᠠᠭᠴᠢ᠄ ᠬᠠᠯᠲᠠᠷ
ᠬᠠᠷᠢᠶ᠎ᠠ᠄ ᠥᠭᠥᠯᠡᠯᠭᠡ
ᠳᠠᠷᠤᠮ᠄ 5737
ᠴᠠᠭ᠄ 2010 ᠤᠨ ᠤ 12 ᠰᠠᠷ᠎ᠠ ᠶᠢᠨ 24