ᠭᠠᠩᠭ᠋ᠠᠩ ᠪᠣᠤᠷ᠎ᠠ ᠶᠢᠨ ᠭᠠᠩᠰᠠᠷᠠᠯ

ᠳᠡᠨᠢᠭᠡᠷ ᠭᠤᠪᠢ ᠶᠢᠨ ᠭᠠᠢ᠌ᠬᠠᠮᠰᠢᠭ ᠲᠤ ᠰᠤᠭᠳᠤᠭᠤᠷᠠᠨ

ᠳᠠᠨᠤᠨ ᠭᠠᠵᠠᠷᠯᠠᠭᠰᠠᠨ ᠭᠠᠩᠭ᠋ᠠᠩ ᠪᠣᠤᠷ᠎ᠠ

ᠳᠡᠮᠡᠭᠡ ᠦᠵᠡᠪᠠᠯ ᠢᠵᠢᠯᠢ ᠪᠠᠨ ᠭᠡᠭ᠍ᠰᠡᠭᠡᠷ

ᠳᠠᠰᠭᠢᠮ᠎ᠠ ᠭᠦᠢᠳᠡᠨ ᠡᠪᠦᠯ ᠢ ᠳᠤᠰᠪᠠ᠃

ᠭᠠᠴᠢᠭ ᠡᠴᠠ ᠠᠪᠣᠷᠠᠳᠠᠭ ᠡᠵᠡᠨ ᠶᠢᠡᠨ ᠰᠠᠨᠠᠭᠰᠠᠨ

ᠭᠠᠩᠭ᠋ᠠᠩ ᠪᠣᠤᠷ᠎ᠠ ᠶᠢᠨ ᠥᠶ‍ᠦᠭ᠌ ᠭᠦᠰᠡᠯ

ᠭᠠᠵᠠᠷ ᠢ ᠪᠦᠷᠭᠦᠭ᠍ᠰᠡᠨ ᠢᠩᠭᠡ ᠪᠠᠨ ᠭᠡᠭ᠍ᠰᠡᠭᠡᠷ

ᠭᠠᠭᠴᠠ ᠭᠦᠰᠡᠯ ᠶᠢᠡᠷ ᠨᠤᠳᠤᠭ ᠶᠢᠡᠨ ᠴᠢᠭᠯᠡᠪᠡ᠃

ᠲᠦᠮᠡᠨ ᠢᠩᠭᠡ ᠪᠠᠨ ᠬᠤᠷᠢᠶᠠᠵᠤ ᠶᠠᠪᠣᠭᠰᠠᠨ

ᠳᠡᠦᠭᠡ ᠡ᠊ᠨᠳᠡ ᠡᠴᠠ ᠣᠷᠭᠤᠵᠤ ᠪᠠᠢ᠌ᠭᠰᠠᠨ

ᠪᠣᠳᠤᠭᠤ ᠪᠠᠨ ᠰᠠᠨᠠᠭᠠᠤᠨ ᠪᠣᠢ᠌ᠯᠠᠵᠤ ᠡᠩᠰᠡᠷᠡᠭ᠍ᠰᠡᠨ

ᠪᠦᠪᠠᠢ ᠶᠢᠨ ᠳᠠᠭᠤᠨ ᠡᠭᠡᠰᠢᠭᠯᠡᠵᠤ ᠪᠠᠢ᠌ᠭᠰᠠᠨ᠃

ᠭᠦᠭᠡᠷᠡᠨ ᠬᠠᠷᠠᠭᠳᠠᠬᠤ ᠨᠤᠳᠤᠭ ᠤᠨ ᠵᠠᠭ ᠡᠴᠠ

ᠢᠵᠢᠯᠢ ᠨᠢ ᠭᠠᠷᠤᠭᠠᠤᠨ ᠢᠷᠡᠳᠡᠭ᠌ ᠪᠠᠢ᠌ᠭᠰᠠᠨ

ᠭᠦᠳᠡᠭᠡ ᠶᠢᠨ ᠭᠦᠨ ᠳ᠋ᠠᠭᠢ ᠬᠤᠯᠠ ᠶᠢᠨ ᠵᠡᠷᠭᠡᠯᠭᠡᠨ ᠡᠴᠠ

ᠢᠩᠭᠡ ᠨᠢ ᠪᠣᠢ᠌ᠯᠠᠭᠠᠤᠨ ᠬᠠᠷᠢᠳᠠᠭ ᠪᠠᠢ᠌ᠭᠰᠠᠨ᠃

ᠥᠩᠭᠡᠷᠡᠭᠦ ᠵᠤᠨ ᠤ ᠥᠩᠰᠢᠭ᠌ ᠣᠯᠠᠷᠢᠯ ᠳ᠋ᠤ

ᠥᠭᠡᠷ ᠤᠨ ᠮᠢᠬᠠᠨ ᠤ ᠦᠨ᠎ᠡ ᠦᠰᠴᠠᠢ ᠭᠡᠨ᠎ᠡ

ᠥᠭᠡᠷ ᠶᠢᠡᠨ ᠪᠠᠷᠠᠭᠰᠠᠨ ᠠᠷᠤ ᠭᠤᠪᠢ ᠶᠢᠨ ᠭᠢᠨ

ᠳᠡᠮᠡᠭᠡᠨ ᠤ ᠥᠭᠡᠭᠦ ᠶᠢ ᠰᠢᠷᠠᠯᠠᠭᠤᠯᠳᠠᠭ ᠪᠣᠯᠤᠭᠰᠠᠨ᠃

ᠮᠢᠩᠭ᠋ᠠᠨ ᠳᠡᠮᠡᠭᠡ ᠲᠡᠶ ᠦᠯᠢᠭᠡᠷᠴᠢᠨ ᠭᠢᠮᠫᠢᠯ ᠳ᠋ᠤ

ᠮᠦᠩᠭᠦ ᠲᠡᠶ ᠪᠣᠯᠬᠤ ᠵᠠᠪᠰᠢᠶᠠᠨ ᠳᠠᠭᠠᠷᠠᠭᠰᠠᠨ

ᠳᠡᠮᠡᠭᠡ ᠪᠠᠨ ᠨᠢᠳᠤᠯᠠᠭᠠᠤᠨ ᠥᠭᠡᠷ ᠤᠨ ᠮᠢᠬ᠎ᠠ ᠪᠠᠷ

ᠮᠠᠢ᠌ᠮᠠᠢ᠌ᠯᠠᠵᠤ ᠪᠣᠯᠬᠤ ᠬᠤᠠᠵᠢᠶ᠎ᠠ ᠢᠷᠡᠭ᠍ᠰᠡᠨ᠃

ᠥᠭᠡᠷ ᠳᠡᠮᠡᠭᠡ ᠶᠢᠨ ᠮᠢᠬᠠᠨ ᠤ ᠬᠠᠩᠰᠢ

ᠨᠢ᠋ᠮᠠᠨ ᠳᠦᠭᠦᠷᠢᠭ᠌ ᠤᠨ ᠵᠦᠷᠢᠶ᠎ᠠ ᠲᠡᠶ ᠭᠡᠨ᠎ᠡ

ᠦᠨᠡᠨ ᠬᠤᠳᠠᠯ ᠤᠨ ᠭᠤᠯᠭᠢᠶᠠᠨ ᠳᠤᠮᠳᠠ ᠡᠴᠠ

ᠦᠯᠢᠭᠡᠷᠴᠢᠨ ᠭᠢᠮᠫᠢᠯ ᠴᠠᠪᠠᠷ ᠬᠤᠠᠵᠢᠶ᠎ᠠ ᠭᠦᠷᠳᠡᠨ᠎ᠡ᠃

ᠵᠤᠭᠳᠤᠷ ᠢ ᠨᠢ ᠬᠠᠢ᠌ᠴᠢᠯᠠᠳᠠᠭ ᠡᠵᠡᠨ ᠭᠢᠮᠫᠢᠯ ᠨᠢ

ᠵᠤᠭᠤᠰᠤᠨ ᠳᠤ ᠰᠢᠨᠤᠭᠰᠠᠨ ᠰᠢᠮᠨᠤᠰ ᠪᠠᠢ᠌ᠵᠠᠢ᠂

ᠵᠤᠭ᠎ᠠ ᠲᠡᠶ ᠳᠠᠰᠤᠯᠴᠢᠭᠰᠠᠨ ᠢᠵᠢᠯ ᠤᠳ ᠢ ᠨᠢ

ᠵᠤᠪᠠᠯᠠᠩ ᠳᠤ ᠲᠦᠯᠭᠢᠳᠡᠭ᠌ ᠡᠯᠴᠢᠨ ᠪᠠᠢ᠌ᠵᠠᠢ᠃

ᠭᠠᠮᠰᠢᠭ ᠡᠴᠠ ᠠᠪᠣᠷᠠᠳᠠᠭ ᠡᠵᠡᠨ ᠭᠢᠮᠫᠢᠯ ᠨᠢ

ᠭᠠᠢ ᠳᠠᠷᠢᠳᠠᠭ ᠴᠢᠦᠡᠭᠦᠷ ᠪᠠᠢ᠌ᠵᠠᠢ

ᠭᠠᠵᠠᠷ ᠪᠦᠷᠭᠦᠭ᠍ᠰᠡᠨ ᠢᠩᠭᠡ ᠰᠢᠯᠪᠠᠭ᠌ ᠢ ᠨᠢ

ᠭᠠᠢ᠌ᠳᠠᠭᠤᠯᠵᠤ ᠭᠦᠨᠦᠭᠡᠳᠡᠭ᠌ ᠮᠠᠩᠭ᠋ᠤᠰ ᠪᠠᠢ᠌ᠵᠠᠢ᠃

ᠡᠪᠦᠯ ᠤᠨ ᠳᠠᠰᠭᠢᠮ᠎ᠠ ᠭᠦᠢᠳᠡᠨ ᠣᠯᠠᠷᠢᠯ ᠳ᠋ᠤ

ᠳᠡᠮᠡᠭᠡᠨ ᠤ ᠭᠦᠭ᠌ ᠤᠨ ᠶ‍ᠢᠰᠤ ᠣᠷᠤᠪᠠ᠂

ᠡᠷᠢᠭ᠍ᠳᠡᠵᠤ ᠥᠭᠡᠢ᠌ᠯᠡᠭ᠍ᠳᠡᠭᠦ ᠢᠩᠭᠡ ᠪᠠᠨ ᠭᠡᠭ᠍ᠰᠡᠭᠡᠷ

ᠳᠡᠨᠦᠭ᠍ᠰᠡᠨ ᠪᠣᠤᠷ᠎ᠠ ᠬᠤᠳᠠ ᠪᠠᠨ ᠴᠢᠭᠯᠡᠪᠡ᠃

ᠬᠤᠷᠸ᠎ᠠ ᠳᠤ ᠭᠤᠶᠤᠬᠠᠨ ᠳᠦᠷᠭᠦᠮ ᠶᠢᠡᠨ ᠭᠡᠭ᠍ᠰᠡᠭᠡᠷ

ᠬᠤᠯᠠ ᠡᠴᠠ ᠪᠣᠴᠠᠭᠰᠠᠨ ᠭᠠᠩᠭ᠋ᠠᠩ ᠪᠣᠤᠷ᠎ᠠ

ᠬᠤᠨᠤᠭ ᠤᠨ ᠭᠠᠵᠠᠷ ᠢ ᠴᠠᠭ ᠶᠢᠡᠷ ᠳᠤᠪᠴᠢᠯᠠᠵᠤ

ᠬᠤᠩᠭᠢᠯ ᠳᠠᠪᠠᠭ᠎ᠠ ᠶᠢ ᠳᠤᠭᠤᠯᠵᠤ ᠶᠠᠪᠣᠭᠰᠠᠨ᠃

ᠨᠢᠰᠭᠦ ᠪᠣᠳᠤᠯ ᠶᠢᠡᠷ ᠬᠤᠳᠠ ᠪᠠᠨ ᠪᠠᠷᠠᠯᠠᠭᠰᠠᠭᠠᠷ

ᠨᠢᠯᠪᠣᠰᠤ ᠠᠰᠬᠠᠷᠠᠭᠤᠯᠤᠨ ᠵᠤᠠᠵᠢᠵᠤ ᠭᠦᠷᠦᠭ᠍ᠰᠡᠨ

ᠰᠢᠨᠤᠯ ᠳᠠᠭᠠᠨ ᠴᠢᠷᠦᠭ᠍ᠳᠡᠭ᠍ᠰᠡᠨ ᠭᠠᠩᠭ᠋ᠠᠩ ᠪᠣᠤᠷ᠎ᠠ

ᠰᠢᠯᠤᠰᠤ ᠰᠠᠪᠢᠷᠠᠭᠤᠯᠤᠨ ᠬᠠᠪᠰᠢᠭᠰᠠᠭᠠᠷ ᠬᠠᠷᠢᠭᠰᠠᠨ᠃

ᠬᠤᠳᠠ ᠪᠠᠨ ᠬᠤᠷᠢᠶᠠᠭᠰᠠᠨ ᠭᠢᠮᠫᠢᠯ ᠤᠨ ᠰᠠᠭᠤᠷᠢᠰᠢᠯ

ᠬᠤᠷᠭᠤᠯ ᠤᠨ ᠳᠤᠮᠳᠠ ᠪᠠᠨ ᠵᠢᠪᠠᠭᠦᠨ ᠬᠠᠷᠠᠯᠠᠨ᠎ᠠ᠂

ᠬᠠᠢ᠌ᠷ᠎ᠠ ᠶᠢᠨ ᠭᠠᠯ ᠶᠢᠡᠷ ᠳᠡᠭ᠍ᠰᠡᠯᠡᠭ᠍ᠰᠡᠨ ᠪᠣᠤᠷ᠎ᠠ ᠳ᠋ᠤ

ᠬᠠᠴᠢᠨ ᠵᠢᠪᠠᠭᠦᠨ ᠭᠦᠢᠳᠡᠨ ᠬᠠᠷᠠᠭᠳᠠᠨ᠎ᠠ᠃

ᠡᠢ᠌ᠯᠡᠭ᠍ᠰᠡᠨ ᠪᠣᠤᠷ᠎ᠠ ᠶᠢᠨ ᠶᠢᠡᠨ ᠪᠠᠷ᠎ᠠ ᠶᠢ ᠬᠠᠷᠠᠭᠰᠠᠨ

ᠳᠡᠮᠡᠭᠡᠴᠢᠨ ᠭᠢᠮᠫᠢᠯ ᠪᠠᠶᠠᠷᠯᠠᠵᠤ ᠭᠡᠨ᠎ᠡ᠃

ᠡᠪᠳᠡᠢ ᠠᠷᠭᠠᠳᠠᠨ ᠵᠥᠭᠡᠯᠡᠨ ᠱᠤᠭᠰᠢᠭᠰᠠᠭᠠᠷ

ᠳᠡᠭ᠍ᠷᠢ ᠶᠢᠨ ᠪᠣᠳᠤᠭᠤ ᠶᠢ ᠪᠠᠷᠢᠵᠤ ᠠᠷᠭᠠᠮᠵᠢᠪᠠ᠃

ᠳᠦᠭᠦᠮ ᠨᠢ ᠬᠠᠷᠠᠯᠠᠨ ᠠᠢ᠌ᠯ ᠨᠢ ᠪᠠᠯᠠᠷᠠᠭᠰᠠᠨ

ᠳᠡᠮᠡᠭᠡᠴᠢᠨ ᠭᠢᠮᠫᠢᠯ ᠤᠨ ᠨᠤᠳᠤᠭ ᠳᠡᠭᠡᠷ᠎ᠡ

ᠲᠦᠮᠡᠨ ᠢᠩᠭᠡ ᠪᠠᠨ ᠮᠦᠷᠦᠭᠡᠳᠤᠨ ᠰᠠᠨᠠᠭᠰᠠᠨ

ᠳᠡᠩᠰᠡᠯᠡᠭ᠍ᠰᠡᠨ ᠪᠣᠤᠷ᠎ᠠ ᠦᠨᠦᠴᠢᠨ ᠠᠷᠭᠠᠮᠵᠢᠭᠳᠠᠨ᠎ᠠ᠃

ᠭᠤᠨ᠎ᠠ ᠶᠢᠨ ᠡᠪᠠᠷ ᠭᠦᠯᠳᠡᠵᠤ ᠬᠤᠭᠤᠷᠤᠮᠠᠷ

ᠭᠤᠷᠪᠠ ᠶ‍ᠢᠰᠤ ᠶᠢᠨ ᠭᠦᠢᠳᠡᠨ ᠪᠣᠯᠤᠯ᠎ᠠ᠂

ᠭᠤᠷᠢ ᠳᠤ ᠪᠠᠨ ᠰᠢᠳᠠᠭᠰᠠᠨ ᠭᠠᠩᠭ᠋ᠠᠩ ᠪᠣᠤᠷ᠎ᠠ

ᠭᠤᠪᠢ ᠪᠠᠨ ᠪᠠᠷᠠᠯᠠᠨ ᠭᠤᠨᠢᠭᠳᠠᠢ ᠰᠢᠯᠭᠡᠭᠡᠨ᠎ᠡ᠃

ᠵᠡᠷᠭᠡᠯᠭᠡᠨ ᠳᠤᠭᠯᠠᠭᠤᠯᠤᠭᠰᠠᠨ ᠭᠤᠪᠢ ᠶᠢᠨ ᠭᠦᠨ ᠵᠢᠠᠷ

ᠥᠶᠡᠩᠭᠡᠷᠡᠭ᠍ᠰᠡᠨ ᠢᠩᠭᠡᠳ ᠨᠢ ᠵᠢᠬᠠᠷᠠᠵᠤ ᠬᠠᠷᠠᠭᠳᠠᠨ᠎ᠠ᠂

ᠵᠢᠭ᠍ᠳᠡᠢ ᠭᠤᠷᠢᠯᠠᠭᠰᠠᠨ ᠣᠷᠤᠭᠠᠨ ᠤ ᠭᠠᠯ ᠭᠦᠭ᠌

ᠵᠡᠷᠯᠢᠭ᠌ ᠪᠣᠤᠷ᠎ᠠ ᠶᠢ ᠳᠠᠷᠴᠢᠯᠭᠠᠨ ᠰᠤᠭᠳᠤᠭᠤᠷᠤᠭᠤᠯᠤᠨ᠎ᠠ᠃

ᠭᠠᠯᠠᠪ ᠤᠨ ᠴᠠᠭᠠᠨᠠᠭᠢ ᠢᠵᠢᠯ ᠶᠢᠡᠨ ᠰᠠᠨᠠᠭᠰᠠᠨ

ᠭᠠᠩᠭ᠋ᠠᠩ ᠪᠣᠤᠷ᠎ᠠ ᠶᠢᠨ ᠬᠤᠷᠤᠰᠤᠯᠳᠠᠢ ᠬᠠᠷᠠᠴᠠ

ᠭᠠᠳᠠᠨ᠎ᠠ ᠪᠠᠨ ᠳᠡᠮᠡᠭᠡ ᠦᠭᠡᠶ ᠭᠢᠮᠫᠢᠯ ᠢ ᠵᠢᠭ᠍ᠰᠢᠨ

ᠭᠠᠩᠰᠠᠷᠳᠠᠯ᠎ᠠ ᠵᠠᠨᠤᠨ ᠰᠢᠳᠤ ᠪᠠᠨ ᠬᠠᠪᠢᠷᠠᠨ᠎ᠠ᠃

ᠲᠦᠮᠡᠨ ᠤ ᠠᠮᠠ ᠪᠠᠷ ᠮᠠᠭᠳᠠᠭᠳᠠᠵᠤ ᠶᠠᠪᠣᠭᠰᠠᠨ

ᠳᠡᠦᠭᠡ ᠪᠠᠨ ᠡᠷᠭᠢᠴᠡᠭᠦᠯᠤᠨ ᠭᠠᠩᠰᠠᠷᠠᠵᠤ ᠭᠤᠨᠢᠭᠯᠠᠨ᠎ᠠ᠂

ᠳᠦᠭᠡ ᠣᠷᠳᠤᠬᠠᠨ ᠪᠣᠢ᠌ᠯᠠ ᠳᠤ ᠪᠠᠨ ᠳᠤᠷᠭᠤᠭᠠᠭᠳᠠᠨ

ᠳᠠᠰᠪᠣᠷᠢᠯᠠᠵᠤ ᠶᠠᠳᠠᠨ ᠪᠣᠯᠠᠭ᠎ᠠ ᠪᠠᠨ ᠡᠷᠭᠢᠨ᠎ᠡ᠃

ᠰᠢᠯᠢ ᠶᠢᠨ ᠭᠢᠨᠢ ᠠᠷᠤ ᠡᠴᠠ ᠪᠣᠭᠢ ᠰᠢᠭᠦᠷᠡᠨ

ᠰᠢᠳᠢ ᠶᠢ ᠨᠢ ᠦᠵᠡᠮᠠᠷ ᠳᠠᠷᠴᠢᠯᠭᠠᠨ ᠵᠤᠪᠠᠭᠠᠬᠤ ᠳ᠋ᠤ

ᠰᠢᠳᠤ ᠪᠠᠨ ᠬᠠᠪᠢᠷᠠᠨ ᠭᠦᠭᠡᠷᠦᠰᠤ ᠪᠣᠳᠠᠷᠠᠭᠠᠭᠰᠠᠭᠠᠷ

ᠰᠢᠭᠡᠰᠤ ᠪᠠᠨ ᠳᠡᠭ᠍ᠷᠢ ᠳᠤ ᠰᠠᠴᠤᠨ ᠭᠦᠰᠡᠯ ᠶᠢᠡᠨ ᠳᠠᠭᠠᠳᠬᠠᠨ᠎ᠠ᠃

ᠣᠮᠤᠭᠳᠤ ᠪᠣᠤᠷ᠎ᠠ ᠶᠢᠨ ᠬᠤᠷᠤᠰᠤᠯᠳᠠᠢ ᠭᠦᠩᠭᠢᠨᠡᠭᠡ

ᠣᠯᠳᠤᠢ ᠭᠢᠮᠫᠢᠯ ᠤᠨ ᠵᠢᠷᠦᠭᠡ ᠶᠢ ᠴᠡᠴᠡᠷᠡᠭᠦᠯᠤᠨ᠎ᠡ᠂

ᠢᠩᠭᠡ ᠪᠠᠨ ᠭᠦᠰᠡᠭ᠍ᠰᠡᠨ ᠣᠷᠤᠭᠠᠨ ᠤ ᠨᠢᠳᠤ

ᠢᠷᠳᠤ ᠵᠢᠳᠠ ᠶᠢᠨ ᠬᠤᠷᠴᠠ ᠮᠠᠰᠠ᠃

ᠣᠷᠤᠭᠠᠨ ᠤ ᠭᠠᠯ ᠤᠨ ᠣᠴᠢ ᠲᠡᠶ ᠬᠠᠷᠠᠴᠠ ᠡᠴᠠ

ᠭᠢᠮᠫᠢᠯ ᠤᠨ ᠵᠢᠷᠦᠭᠡ ᠴᠠᠴᠠᠷᠠᠵᠤ ᠰᠦᠷᠳᠠᠨ᠎ᠡ᠂

ᠭᠠᠯᠳᠤ ᠮᠤᠭᠠᠢ ᠰᠢᠭ ᠴᠤᠷᠭᠢᠬᠤ ᠠᠭᠤᠷ ᠲᠤ ᠨᠢ

ᠭᠠᠯ ᠤᠨ ᠳᠤᠯᠤ ᠨᠢᠭᠤᠭᠳᠠᠵᠤ ᠬᠠᠷᠠᠭᠳᠠᠨ᠎ᠠ᠃

ᠬᠠᠷᠠᠯᠠᠳᠠᠯ᠎ᠠ ᠪᠦᠮᠪᠦᠷᠢᠭᠦ ᠢᠩᠭᠡᠨ ᠤ ᠬᠤᠷᠭᠤᠯ ᠡᠴᠠ

ᠳᠠᠰᠤᠯᠬᠠᠨ ᠰᠢᠩᠭᠡᠭ᠌ ᠰᠠᠩᠭᠢᠨᠠᠨ ᠦᠨᠦᠷᠳᠠᠨ᠎ᠡ᠂

ᠬᠠᠪᠢᠷᠠᠵᠤ ᠵᠢᠭᠤᠷᠠᠬᠤ ᠠᠷᠠᠭ᠎ᠠ ᠶᠢᠨ ᠳᠠᠭᠤᠨ ᠡᠴᠠ

ᠳᠠᠭᠠᠷᠢᠵᠤ ᠨᠢᠴᠠᠯᠠᠬᠤ ᠳᠤᠭᠢᠶ᠎ᠠ ᠦᠰᠦᠷᠤᠨ᠎ᠡ᠃


ᠵᠤᠬᠢᠶᠠᠭᠴᠢ ᠶᠢᠨ ᠬᠠᠶ‍ᠢᠭ ᠄ ᠣᠷᠠᠤᠨ ᠤᠨ ᠬᠣᠢ᠌ᠳᠤ ᠬᠤᠰᠢᠭᠤ

ᠵᠤᠬᠢᠶᠠᠭᠴᠢ᠄ ᠶᠠᠩ·ᠪᠣᠶᠠᠨ
ᠬᠠᠷᠢᠶ᠎ᠠ᠄ ᠰᠢᠯᠦᠭ
ᠳᠠᠷᠤᠮ᠄ 1745
ᠴᠠᠭ᠄ 2010 ᠤᠨ ᠤ 05 ᠰᠠᠷ᠎ᠠ ᠶᠢᠨ 04