ᠮᠡᠷᠭᠡᠨ ᠡᠳ᠋ (ᠬᠡᠦᠬᠡᠳ ᠤᠨ ᠰᠢᠯᠦᠭ᠌)

ᠡᠯᠳᠡᠵᠤ ᠵᠤᠳᠤᠳᠠᠭ ᠪᠠᠷᠢᠭᠤᠯ ᠳᠠᠢ

ᠡᠷᠳᠡᠮ ᠢᠯᠡᠷᠡᠭᠦᠯᠳᠡᠭ᠌ ᠰᠠᠮᠪᠠᠷ᠎ᠠ ᠳᠠᠢ

ᠡᠷᠢᠵᠤ ᠰᠤᠪᠢᠳᠠᠭ ᠬᠠᠢ᠌ᠭᠤᠷ ᠳᠠᠢ

ᠡᠷᠡᠰ ᠳᠤᠭᠳᠠᠭᠠᠳᠠᠭ ᠳᠠᠷᠤᠭᠤᠯ ᠳᠠᠢ

        ᠡᠯᠸᠺᠲ᠋ᠷᠤᠨ ᠳᠠᠷᠢᠭᠢ ᠭᠡᠵᠤ

        ᠡᠨᠡ ᠶᠡᠭᠡ ᠮᠡᠷᠭᠡᠨ ᠡᠳ᠋︕

        ᠡᠳ᠋ᠯᠡᠵᠤ ᠭᠡᠷᠡᠭᠯᠡᠵᠤ ᠴᠢᠳᠠᠪᠠᠯ

        ᠡᠳᠡᠭᠡᠳ ᠳᠤᠰᠠᠯᠠᠮᠵᠢ ᠥᠵᠡᠭᠦᠯᠭᠦ ᠡᠳ᠋︕

ᠡᠯᠳᠡᠪ ᠵᠢᠵᠢᠭ᠍‍ᠬᠡᠨ ᠳᠤᠪᠴᠢ ᠳᠠᠢ

ᠡᠪᠭᠡᠵᠤ ᠬᠠᠭᠠᠳᠠᠭ ᠨᠡᠭᠡᠭᠡᠪᠴᠢ ᠳᠠᠢ

ᠡᠷᠡᠨ ᠢ ᠪᠠᠭᠳᠠᠭᠠᠳᠠᠭ ᠴᠡᠭᠡᠵᠢ ᠳᠠᠢ

ᠭᠦᠷᠤᠨ ᠢ ᠳᠠᠨᠢᠭᠤᠯᠳᠠᠭ ᠣᠪᠢᠳᠠᠰ ᠳᠠᠢ

        ᠡᠯᠸᠺᠲ᠋ᠷᠤᠨ ᠳᠠᠷᠢᠭᠢ ᠭᠡᠵᠤ

        ᠡᠨᠡ ᠶᠡᠭᠡ ᠮᠡᠷᠭᠡᠨ ᠡᠳ᠋︕

        ᠡᠷᠡᠮᠪᠡ ᠳᠠᠷᠠᠮᠪᠠ ᠦᠭᠡᠶ ᠨᠠᠭᠠᠳᠪᠠᠯ

        ᠡᠮᠭᠡᠭ᠌ ᠵᠤᠪᠠᠯᠠᠩ ᠢ ᠳᠠᠷᠢᠬᠤ ᠡᠳ᠋︕ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1334
ᠴᠠᠭ᠄ 2010 ᠤᠨ ᠤ 11 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁