ᠰᠠᠷᠠᠭᠤᠯᠬᠠᠨ ᠬᠤᠷᠸ᠎ᠠ

ᠭᠦᠮᠤᠨ ᠳᠤ ᠶᠠᠭᠤ ᠱᠠᠭᠠᠷᠳᠠᠭᠳᠠᠬᠤ ᠪᠣᠢ ︖

ᠡᠨᠡᠭᠦ ᠠᠰᠠᠭᠤᠯᠳᠠ ᠳᠤ ᠳᠥᠮᠡ ᠪᠤᠮᠡᠨ ᠬᠠᠷᠢᠭᠤᠯᠳᠠ ᠪᠠᠢ᠌ᠭᠰᠠᠨ ᠴᠤ ᠶᠡᠭᠠᠬᠢᠬᠤᠪ ᠁ ᠠᠮᠢᠳᠤᠷᠠᠵᠤ ᠪᠠᠢ᠌ᠭ᠎ᠠ ᠭᠦᠮᠤᠨ ᠳᠤ ᠳᠤᠳᠠᠭᠳᠠᠵᠤ ᠪᠠᠢ᠌ᠭ᠎ᠠ ᠵᠣᠢ᠌ᠯ ᠣᠯᠠᠠ ᠳᠠᠢ ᠃ ᠡᠳ᠋ ᠮᠥᠩᠭᠦ᠂ ᠡᠷᠭᠡ ᠵᠡᠷᠭᠡ᠂ ᠭᠠᠵᠠᠷ ᠰᠢᠷᠤᠢ᠂ ᠦᠵᠡᠯ ᠪᠣᠳᠤᠯ ᠁ ᠣᠯᠬᠤ ᠭᠡᠵᠤ ᠮᠠᠷᠠᠢ᠌ᠵᠤ ᠪᠠᠢ᠌ᠭ᠎ᠠ ᠵᠣᠢ᠌ᠯ᠂ ᠣᠩᠭ᠋ᠤᠯᠢᠳᠠᠵᠤ ᠪᠠᠢ᠌ᠭ᠎ᠠ ᠵᠣᠢ᠌ᠯ᠂ ᠡᠷᠢᠯᠭᠢᠯᠡᠵᠤ ᠪᠠᠢ᠌ᠭ᠎ᠠ ᠵᠣᠢ᠌ᠯ ᠳᠤᠭᠠᠯᠠᠰᠢ ᠦᠭᠡᠶ ᠣᠯᠠᠨ ᠃ ᠴᠠᠭ ᠤᠨ ᠣᠷᠤᠰᠬᠠᠯ ᠳᠤ ᠭᠦᠰᠡᠯ ᠨᠢ ᠶᠠᠭ ᠣᠷᠭᠢᠯᠵᠤ ᠪᠠᠢ᠌ᠭ᠎ᠠ ᠪᠣᠯᠠᠭ ᠮᠠᠳᠤ᠂ ᠳᠠᠰᠭᠢᠮ᠎ᠠ ᠭᠦᠢᠳᠡᠨ ᠳᠤ ᠴᠤ ᠭᠤᠷᠴᠢᠭᠢᠨᠠᠨ ᠣᠷᠤᠰᠳᠠᠭ ᠬᠠᠷᠠᠵᠠ ᠪᠣᠯᠠᠭ ᠮᠠᠳᠤ ᠮᠥᠩᠭᠡ ᠶᠢᠨ ᠶᠤᠮ ᠡ ︕

《ᠮᠥᠩᠭᠡ ᠶᠢᠨ ᠷᠠᠰᠢᠶᠠᠨ ᠢ ᠡᠳ᠋ᠯᠡᠨ᠎ᠡ ︕》ᠭᠡᠵᠤ ᠮᠤᠩᠭ᠋ᠤᠯᠴᠤᠳ ᠮᠢᠨᠢ ᠶᠠᠷᠢᠳᠠᠭ ᠰᠠᠨ ᠂《ᠠᠮᠢᠳᠤ ᠪᠠᠢ᠌ᠪᠠᠯ ᠠᠯᠳᠠᠨ ᠠᠶᠠᠭᠠᠨ ᠡᠴᠡ ᠣᠰᠤ ᠣᠤᠭᠤᠨ᠎ᠠ ︕》ᠭᠡᠵᠤ ᠨᠠᠰᠤᠳᠠᠨ ᠡᠪᠦᠭᠡᠴᠦᠳ ᠮᠡᠷᠭᠡᠯᠡᠳᠡᠭ᠌ ︕ ᠣᠬᠤᠷᠬᠠᠨ ᠡᠨᠡ ᠡᠡᠮᠢ ᠨᠠᠰᠤ ᠪᠣᠶᠤ ᠦᠨᠢᠳᠠ ᠶᠢᠨ ᠠᠮᠢ ᠨᠠᠰᠤ ᠨᠢ ᠭᠦᠮᠦᠰ ᠲᠤ ᠱᠠᠭᠠᠷᠳᠠᠭᠳᠠᠬᠤ ᠬᠠᠮᠤᠭ ᠴᠢᠬᠤᠯᠠ ᠵᠣᠢ᠌ᠯ ᠪᠢᠯᠢᠤ ⁈ ᠠᠮᠢ ᠲᠡᠶ ᠡᠴᠡ ᠰᠠᠶ‍ᠢ ᠨᠠᠷᠠᠨ ᠳᠤᠩᠭ᠋ᠠᠯᠠᠭ ᠰᠠᠷᠠᠨ ᠭᠡᠷᠡᠯ ᠳᠡᠢ ᠶᠢ ᠠᠵᠢᠶᠠᠷᠠᠵᠤ᠂ ᠰᠠᠯᠭᠢᠨ ᠰᠡᠪᠠᠭᠡᠯᠵᠡᠨ ᠴᠠᠰᠤ ᠪᠣᠷᠭᠠᠨᠢᠬᠤ ᠶᠢ ᠮᠡᠳᠡᠷᠡᠳᠡᠭ᠌ ᠡᠴᠡ ᠠᠮᠢ ᠨᠠᠰᠤ ᠨᠢ ᠭᠡᠷᠡᠯ ᠣᠢ᠌ᠭ᠎ᠠ ᠶᠢ ᠣᠯᠭᠤᠳᠠᠭ ᠬᠠᠮᠤᠭ ᠤᠨ ᠠᠩᠬᠠᠨ ᠤ ᠱᠠᠭᠠᠷᠳᠠᠯᠭ᠎ᠠ ᠪᠠᠢ᠌ᠬᠤ ᠡ ︕

ᠭᠦᠮᠤᠨ ᠢ ᠶᠡᠷᠦᠳᠡᠭᠡᠨ ᠡᠡᠭ᠌ ᠤᠨ ᠭᠦᠮᠤᠨ ᠪᠠ ᠠᠭᠤᠤ ᠶᠡᠭᠡ ᠭᠦᠮᠤᠨ ᠭᠡᠵᠤ ᠬᠤᠪᠢᠶᠠᠳᠠᠭ᠃ ᠡᠡᠭ᠌ ᠤᠨ ᠭᠦᠮᠤᠨ ᠶᠠᠭᠤ ᠶᠢ ᠭᠦᠰᠡᠳᠡᠭ᠌ ᠪᠣᠢ ︖ ᠵᠥᠪᠭᠡᠨ ᠢᠳᠠᠵᠤ ᠡᠮᠦᠰᠭᠦ ᠶᠢᠨ ᠶᠢᠡᠨ ᠳᠦᠯᠦᠭᠡ ᠰᠠᠨᠠᠭ᠎ᠠ ᠵᠤᠪᠠᠳᠠᠭ ᠪᠢᠵᠠ ︖ ᠠᠭᠤᠤ ᠶᠡᠭᠡ ᠭᠦᠮᠤᠨ ᠶᠠᠭᠤ ᠶᠢ ᠭᠦᠰᠡᠳᠡᠭ᠌ ᠪᠣᠢ ︖ ᠦᠨᠳᠦᠷ ᠲᠤ ᠵᠤᠭᠰᠤᠵᠤ ᠬᠤᠯᠠ ᠶᠢ ᠪᠠᠷᠠᠭᠠᠯᠠᠨ ᠂ ᠠᠭᠤᠯᠠᠨ ᠤ ᠰᠥᠷᠯᠢᠭ᠌ ᠣᠰᠤᠨ ᠤ ᠭᠦᠨ ᠢ ᠭᠡᠮᠵᠢᠳᠡᠭ᠌ ᠪᠢᠵᠠ ︖

ᠨᠢᠭᠡ ᠣᠳᠠᠭ᠎ᠠ ᠪᠢ ᠭᠠᠭᠴᠠᠭᠠᠷ ᠠᠯᠬᠤᠭ᠎ᠠ ᠪᠠᠷ ᠢᠠᠳᠠᠷ ᠡᠴᠡ ᠴᠤᠤᠯ ᠳᠤ ᠭᠦᠷᠴᠤ ᠳᠠᠭᠢᠨ ᠠᠯᠬᠤᠭᠠᠤᠨ ᠪᠤᠴᠡᠵᠤ ᠢᠷᠡᠭᠦ ᠳᠡᠭᠡᠨ ᠦᠯᠦᠰᠴᠤ ᠣᠮᠳᠠᠭᠠᠰᠴᠤ᠂ ᠭᠦᠯᠦᠷᠡᠵᠤ ᠴᠤᠴᠠᠬᠤ ᠳᠠᠭᠠᠨ ᠰᠢᠷᠠᠭᠰᠠᠨ ᠳᠠᠭᠢᠶᠠᠨ ᠮᠢᠬ᠎ᠠ ᠶᠢ ᠰᠠᠨᠠᠭᠰᠠᠨ ᠦᠭᠡᠶ᠂ ᠨᠢᠭᠡ ᠬᠤᠠᠳᠠᠭ᠎ᠠ ᠠᠷᠢᠭᠢ ᠶᠢ ᠴᠤ ᠡᠷᠡᠮᠡᠯᠵᠡᠭᠡ ᠦᠭᠡᠶ ᠃ ᠬᠠᠷᠢᠨ ᠨᠢᠭᠡ ᠬᠤᠯᠤ ᠭᠦᠢᠳᠡᠨ ᠣᠰᠤ ᠂ ᠨᠢᠭᠡ ᠠᠶᠠᠭ᠎ᠠ ᠡᠷᠳᠡᠨᠢ ᠰᠢᠰᠢ ᠶᠢᠨ ᠪᠣᠳᠠᠭ᠎ᠠ ᠶᠢ ᠯᠠ ᠭᠦᠰᠡᠭ᠍ᠰᠡᠨ ᠃ ᠡᠨᠡ ᠨᠢ ᠳᠠᠷᠤᠢ ᠡᠡᠭ᠌ ᠤᠨ ᠭᠦᠮᠤᠨ ᠤ ᠬᠠᠮᠤᠭ ᠤᠨ ᠪᠠᠢ᠌ᠭᠠᠯᠢᠯᠢᠬ ᠪᠤᠷᠤᠬᠵᠢᠭᠤᠨ ᠭᠦᠰᠡᠯ ᠪᠢᠰᠢ ᠭᠡᠵᠤ ᠦᠦ︖ ᠡᠪᠦᠭᠡ ᠶᠢᠨ ᠭᠡᠯᠡᠳᠡᠭ᠌ ᠥᠯᠢᠭᠡᠷ ᠳᠠᠭᠢ ᠳᠡᠷᠡᠭᠦ ᠭᠡᠳᠡᠰᠤ ᠥᠯᠪᠠᠷᠡᠭ᠍ᠰᠡᠨ ᠬᠠᠭᠠᠨ ᠤ ᠢᠳᠡᠭ᠍ᠰᠡᠨ《ᠳᠠᠪᠤᠨ ᠠᠯᠠᠭᠠᠨ ᠤ ᠣᠷᠤ ᠲᠡᠶ ᠳᠡᠯᠡᠭᠡᠢ ᠳᠡᠭᠡᠷᠡᠭᠢ ᠬᠠᠮᠤᠭ ᠤᠨ ᠠᠮᠳᠠᠳᠠᠢ ᠳᠤᠭᠤᠭᠠᠨ ᠳᠤ ᠳᠠᠰᠢᠭᠰᠠᠨ ᠡᠷᠳᠡᠨᠢ ᠶᠢᠨ ᠰᠢᠰᠢ ᠶᠢᠨ ᠪᠣᠤᠪᠣ 》  ᠵᠢᠨ ᠣᠴᠠᠷᠠᠯ ᠲᠡᠶ ᠠᠳᠠᠯᠢ ᠦᠭᠡᠶ ᠭᠡᠵᠤ ᠦᠦ︖ ᠦᠯᠦᠰᠴᠤ ᠥᠯᠪᠠᠷᠭᠦ ᠦᠶ᠎ᠡ ᠳᠤ ᠬᠠᠭᠠᠨ ᠭᠦᠮᠤᠨ ᠤ ᠪᠣᠳᠤᠯ ᠴᠤ ᠶᠠᠭᠤ ᠯᠠ ᠪᠠᠢ᠌ᠬᠤ ᠪᠢᠯᠠ ︕ ᠶᠠᠳᠠᠷ ᠳᠠᠷᠢᠶᠠᠴᠢᠨ ᠭᠦᠷᠦᠰᠤ ᠰᠢᠷᠤᠢ᠂ ᠴᠢᠭᠢ ᠨᠤᠭᠤᠭ᠎ᠠ ᠲᠡᠶ ᠣᠢ᠌ᠯᠠ ᠪᠠᠨ ᠪᠠᠷᠠᠳᠠᠯ᠎ᠠ ᠨᠤᠴᠤᠯᠳᠤᠭᠠᠤᠨ ᠳᠠᠷᠢᠶᠠᠨ ᠵᠠᠬ᠎ᠠ ᠶᠢᠨ ᠮᠤᠳᠤᠨ ᠰᠡᠭᠦᠳᠡᠷ ᠲᠤ ᠬᠠᠠᠳᠠᠯ᠎ᠠ ᠣᠠᠳᠠᠵᠤ ᠶᠠᠳᠠᠷᠠᠭ᠎ᠠ ᠪᠠᠨ ᠳᠠᠢ᠌ᠯᠵᠤ ᠰᠡᠷᠡᠭᠡᠤᠨ ᠭᠦᠢᠳᠡᠨ ᠣᠰᠤ ᠪᠠᠨ ᠬᠠᠠᠳᠠᠯ᠎ᠠ ᠪᠠᠯᠭᠤᠭᠠᠤᠨ ᠂ ᠭᠡᠳᠡᠰᠤ ᠴᠠᠤᠠᠬᠤᠯᠠᠩ ᠰᠠᠤᠠᠭᠢᠯ ᠳᠡᠨᠢᠭᠦᠨ ᠶᠢᠡᠷ《ᠬᠠᠭᠠᠨ ᠡᠵᠡᠨ ᠤ ᠡᠳ᠋ᠯᠡᠵᠤ ᠪᠠᠢ᠌ᠭ᠎ᠠ ᠵᠢᠷᠭᠠᠯ ᠭᠡᠵᠤ ᠴᠤ ᠡᠢ᠌ᠮᠤ ᠯᠠ ᠰᠢᠳᠠ ︕》ᠭᠡᠵᠤ ᠭᠡᠯᠡᠭ᠍ᠰᠡᠨ ᠨᠢ ᠦᠨᠡᠨ ᠶᠤᠰᠤ ᠠᠵᠢ᠃

ᠠᠭᠤᠳᠠᠮ ᠬᠤᠷᠸ᠎ᠠ ᠭᠡᠵᠤ ᠬᠠᠮᠤᠭ ᠡᠴᠡ ᠦᠨᠡᠠᠴᠢ ᠪᠦᠭᠡᠤᠨ ᠬᠠᠷᠠᠮᠴᠢ ᠦᠭᠡᠶ ᠪᠠᠢ᠌ᠳᠠᠭ᠃ ᠭᠦᠮᠤᠨ ᠪᠦᠭᠦᠨ ᠳᠤ ᠠᠳᠠᠯᠢᠬᠠᠨ ᠲᠤᠬᠢᠶᠠᠯ ᠵᠠᠪᠰᠢᠶᠠᠨ ᠣᠯᠭᠤᠵᠤ᠂ ᠭᠦᠮᠤᠨ ᠪᠦᠭᠦᠨ ᠳᠤ ᠠᠳᠠᠯᠢᠬᠠᠨ ᠡᠷᠭᠡ ᠳᠠᠷᠬ᠎ᠠ ᠶᠢ ᠬᠤᠪᠢᠶᠠᠷᠢᠯᠠᠵᠤ ᠦᠭ‍ᠭᠦᠭ᠍ᠰᠡᠨ ᠣᠴᠢᠷ ᠲᠡᠶ᠃ ᠠᠮᠢᠳᠤᠷᠠᠯ ᠪᠢᠳᠠᠨ ᠳᠤ ᠣᠰᠤᠯᠳᠠᠭᠰᠠᠨ ᠵᠣᠢ᠌ᠯ ᠳᠠᠭ ᠦᠭᠡᠶ᠂ ᠪᠢᠳᠠ ᠠᠮᠢᠳᠤᠷᠠᠯ ᠳᠤ ᠣᠰᠤᠯᠳᠠᠭᠰᠠᠨ ᠵᠣᠢ᠌ᠯ ᠭᠡᠳᠦᠷᠭᠡᠢ ᠣᠯᠠᠨ ᠪᠣᠯᠵᠠᠢ᠃ ᠬᠤᠷᠸ᠎ᠠ ᠦᠨᠡᠨ ᠳᠡᠭᠡᠨ ᠰᠠᠷᠠᠭᠤᠯᠬᠠᠨ᠂ ᠶᠠᠭ ᠭᠡᠷᠡᠯᠳᠤ ᠨᠡᠷᠡ ᠦᠨᠢᠳᠠ ᠶᠢᠨ ᠭᠡᠭᠡ ᠪᠠᠷ ᠶᠢᠡᠨ ᠡᠨᠡ ᠣᠷᠴᠢᠯᠠᠩ ᠢ ᠭᠡᠢ᠌ᠭᠦᠯᠵᠤ ᠪᠠᠢ᠌ᠬᠤ ᠳᠤ᠂ ᠳᠡᠯᠡᠭᠡᠢ ᠶᠢᠨ ᠪᠦᠮᠪᠦᠷᠴᠡᠭ ᠬᠠᠷᠢᠨ ᠦᠪᠡᠷ ᠤᠨ ᠡᠷᠭᠢᠯᠳᠡ ᠡᠴᠡ ᠪᠣᠯᠵᠤ ᠡᠳᠦᠷ ᠰᠦᠨᠢ ᠶᠢᠨ ᠣᠷᠴᠢᠯ ᠰᠤᠯᠢᠭᠳᠠᠯ ᠢ ᠡᠭᠦᠰᠭᠡᠵᠤ ᠪᠠᠢ᠌ᠭ᠎ᠠ ᠲᠡᠶ ᠠᠳᠠᠯᠢ᠃ ᠠᠯᠢᠪᠠ ᠭᠦᠮᠤᠨ ᠵᠤᠨ ᠤ ᠵᠢᠷᠭᠠᠯ ᠵᠤᠪᠠᠯᠠᠩ ᠨᠢ ᠪᠦᠷ ᠯᠠ ᠬᠤᠪᠢ ᠪᠠᠶ᠎ᠠ ᠶᠢᠨ ᠭᠦᠰᠡᠯ ᠭᠤᠷᠢᠳᠠᠯ ᠭᠢᠭᠡᠤᠨ ᠣᠬᠠᠭᠠᠨ ᠪᠣᠳᠤᠯᠭ᠎ᠠ ᠶᠢᠨ ᠭᠢᠨᠢ ᠵᠦᠪ ᠪᠣᠷᠤᠭᠤ ᠡᠴᠡ ᠰᠢᠯᠳᠠᠭᠠᠯᠠᠭᠳᠠᠨ᠎ᠠ᠃

ᠳᠠᠢ᠌ᠸᠠᠨ ᠤ ᠠᠯᠳᠠᠷᠳᠤ ᠨᠠᠢ᠌ᠷᠠᠭᠤᠯᠤᠯ ᠤᠨ ᠵᠤᠬᠢᠶᠠᠭᠴᠢ ᠰᠠᠨ ᠮᠤᠤ ᠶᠢ ᠮᠡᠳᠡᠭᠦ ᠭᠦᠮᠤᠨ ᠪᠦᠭᠦᠨ ᠳᠤᠷᠠᠰᠤᠳᠠᠭ᠃ ᠰᠠᠨ ᠮᠤᠤ ᠶᠠᠮᠠᠷ ᠠᠭᠤᠤ ᠶᠡᠭᠡ ᠠᠵᠢᠯᠯᠠᠭ᠎ᠠ᠂ ᠳᠡᠯᠡᠭᠡᠢ ᠶᠢ ᠳᠤᠩᠰᠤᠯᠭᠠᠭᠰᠠᠨ ᠶᠠᠪᠣᠳᠠᠯ ᠭᠢᠭᠡ ᠦᠭᠡᠶ᠂ ᠳᠠᠷᠠ ᠵᠥᠪᠭᠡᠨ ᠦᠪᠡᠷ ᠤᠨ ᠦᠨᠡᠨ ᠰᠠᠤᠠᠭᠢᠯ ᠤᠨ ᠥᠭᠡ᠂ ᠦᠪᠡᠷ ᠤᠨ ᠪᠣᠳᠠᠳᠠᠢ ᠠᠮᠢᠳᠤᠷᠠᠯ ᠥᠩᠭᠡᠷᠡᠯᠳᠡ ᠂ ᠦᠪᠡᠷ ᠤᠨ ᠡᠷᠭᠢᠴᠡᠭᠦᠯᠦᠯ ᠳᠤᠷᠠᠰᠤᠮᠵᠢ ᠂ ᠦᠪᠡᠷ ᠤᠨ ᠣᠯᠤᠯᠳᠠ ᠠᠯᠳᠠᠭᠳᠠᠯ ᠂ ᠦᠪᠡᠷ ᠤᠨ ᠬᠠᠢ᠌ᠷ᠎ᠠ ᠬᠤᠷᠤᠰᠤᠯ ᠂ ᠦᠪᠡᠷ ᠤᠨ ᠬᠤᠭᠤᠰᠤᠷᠤᠯ ᠭᠠᠭᠴᠠᠭᠠᠷᠳᠠᠯ ᠂ ᠴᠢᠨᠠᠭᠰᠢᠯᠠᠪᠠᠯ ᠦᠪᠡᠷ ᠤᠨ ᠭᠤᠷᠢ ᠳᠠᠰᠤᠷᠠᠯ ᠶᠢᠡᠨ ᠡᠨᠡ ᠳᠡᠯᠡᠭᠡᠢ ᠶᠢᠨ ᠠᠯᠢ ᠨᠢᠭᠡ ᠭᠦᠮᠤᠨ ᠡᠴᠡ ᠴᠤ ᠨᠢᠭᠤᠵᠤ ᠳᠠᠯᠳᠠᠯᠠᠯ ᠦᠭᠡᠶ ᠳᠡᠯᠭᠡᠨ ᠪᠢᠴᠢᠭᠯᠡᠵᠤ᠂ ᠵᠢᠩᠭᠢᠨᠢ ᠠᠮᠢᠳᠤᠷᠠᠯ ᠳᠠᠭᠠᠨ ᠡᠷᠭᠡ ᠴᠢᠯᠦᠭᠡ ᠭᠢᠭᠡᠤᠨ ᠡᠷᠢᠯ ᠭᠦᠰᠡᠯ ᠶᠢᠡᠨ ᠳᠡᠭᠡᠵᠢᠯᠡᠭᠡᠤᠨ᠂ ᠬᠤᠶᠠᠷ ᠦᠭᠡᠶ ᠬᠠᠢ᠌ᠷ᠎ᠠ ᠪᠠᠨ ᠬᠠᠢ᠌ᠷ᠎ᠠ ᠬᠠᠪᠰᠤᠷᠤᠯᠭ᠎ᠠ ᠶᠢ ᠱᠠᠭᠠᠷᠳᠠᠵᠤ ᠪᠠᠢ᠌ᠭ᠎ᠠ ᠭᠦᠮᠤᠨ ᠨᠠᠢ᠌ᠳᠠ ᠳᠤ ᠭᠦᠷᠳᠡᠭᠡᠨ᠂ ᠪᠣᠰᠤᠳ ᠢ ᠳᠡᠮᠵᠢᠭᠦ ᠪᠠᠷ ᠦᠪᠡᠷ ᠤᠨ ᠵᠢᠷᠭᠠᠯ ᠶᠢᠡᠨ ᠪᠣᠯᠭᠠᠳᠠᠭ ᠡᠴᠡ ᠨᠡᠢ᠌ᠳᠡ ᠣᠯᠠᠨ ᠤ ᠠᠩᠬᠠᠷᠤᠯ ᠢ ᠡᠷᠡᠭᠡᠯᠵᠡᠯ ᠥᠭᠡᠢ ᠲᠠᠳᠠᠭᠰᠠᠨ ᠪᠠᠢ᠌ᠨ᠎ᠠ᠃ ᠰᠠᠨ ᠮᠤᠤ ᠶᠢᠨ ᠱᠠᠭᠠᠷᠳᠠᠯᠭ᠎ᠠ ᠭᠢᠭᠡᠤᠨ ᠭᠦᠰᠡᠯ ᠨᠢ ᠶᠠᠭᠤ ᠪᠣᠢ ︖ ᠣᠯᠠᠨ ᠤ ᠰᠠᠤᠠᠭᠢᠯ ᠢ ᠣᠯᠬᠤ ᠭᠡᠰᠡᠨ ᠦᠤ︖ ᠳᠠᠢ᠌ᠮᠤ ᠪᠢᠰᠢ ︕ ᠰᠠᠨ ᠮᠤᠤ ᠬᠠᠢ᠌ᠷ᠎ᠠ ᠪᠠᠷ ᠬᠠᠢ᠌ᠷ᠎ᠠ ᠪᠠᠨ ᠪᠢᠴᠢᠭᠯᠡᠵᠤ᠂ ᠵᠤᠬᠢᠶᠠᠯ ᠤᠨ ᠭᠢᠨᠢ ᠭᠤᠷᠤᠬᠠᠨ ᠣᠷᠤᠰᠬᠠᠯ ᠰᠢᠭ ᠨᠠᠮᠤᠭᠤᠬᠠᠨ᠂ ᠳᠤᠨᠤᠷᠠᠬᠤ ᠮᠠᠨᠠᠨ ᠰᠢᠭ ᠭᠦᠪᠰᠦᠭᠡᠷ᠂ ᠨᠠᠮᠢᠷᠠᠭ᠎ᠠ ᠬᠤᠷ᠎ᠠ ᠰᠢᠭ ᠰᠡᠮᠰᠡᠷᠭᠡᠨ ᠠᠭᠤᠯᠭ᠎ᠠ ᠰᠠᠳᠤᠪ ᠨᠢ᠂ ᠥᠭᠡ ᠥᠭᠦᠯᠡᠪᠦᠷᠢ ᠨᠢ᠂ ᠥᠩᠭᠡ ᠠᠶᠠᠰ ᠨᠢ᠂ ᠣᠩᠰᠢᠭᠴᠢᠤᠨ ᠣᠯᠠᠨ ᠊ᠤ ᠦᠨᠡᠨ ᠰᠠᠤᠠᠭᠢᠯ ᠤᠨ ᠬᠠᠢ᠌ᠷ᠎ᠠ ᠪᠠᠬᠠᠷᠬᠠᠯ ᠭᠢᠭᠡᠤᠨ ᠭᠦᠡᠳᠦᠦᠡᠭᠡᠯ ᠢ ᠣᠯᠤᠭᠰᠠᠨ ᠪᠠᠢ᠌ᠨ᠎ᠠ᠃ ᠠᠮᠢᠳᠤᠷᠠᠯ ᠳᠠᠭᠠᠨ ᠴᠠᠪᠠᠷ ᠴᠠᠢ᠌ᠯᠭᠠᠨ ᠬᠠᠠᠳᠤᠭᠰᠠᠨ ᠳ᠋ᠤᠨᠢ᠂ ᠭᠦᠮᠤᠨ ᠵᠤᠨ ᠳᠤ ᠴᠠᠪᠠᠷ ᠴᠠᠢ᠌ᠯᠭᠠᠨ ᠬᠠᠠᠳᠤᠭᠰᠠᠨ ᠳ᠋ᠤᠨᠢ ᠣᠩᠰᠢᠭᠴᠢᠤᠨ ᠲᠦᠮᠡᠨ ᠳᠡᠭᠦᠨ ᠢ ᠮᠠᠷᠳᠠᠬᠤ ᠦᠭᠡᠶ᠂ ᠮᠠᠷᠳᠠᠬᠤ ᠶᠤᠰᠤ ᠴᠤ ᠦᠭᠡᠶ᠃ ᠬᠡᠳᠦᠢ᠌ᠪᠡᠷ ᠰᠠᠨ ᠮᠤᠤ ᠶᠠᠮᠠᠷ ᠨᠢᠭᠡ ᠪᠣᠶᠤ ᠭᠡᠳᠦᠢ ᠵᠣᠢ᠌ᠯ ᠤᠨ ᠭᠡᠯᠡᠵᠤ ᠪᠣᠯᠤᠰᠢ ᠦᠭᠡᠶ ᠰᠢᠯᠳᠠᠭᠠᠨ ᠡᠴᠡ ᠪᠣᠯᠵᠤ ᠪᠠᠶ᠎ᠠ ᠪᠠᠨ ᠬᠤᠤᠷᠯᠠᠭᠰᠠᠨ ᠪᠣᠯᠪᠠᠴᠤ ᠳᠡᠭᠦᠨ ᠢ ᠵᠢᠮᠡᠯᠡᠭ᠍ᠰᠡᠨ ᠭᠦᠮᠤᠨ ᠴᠥᠭᠡᠨ ᠂ ᠬᠠᠷᠢᠨ ᠳᠡᠭᠦᠨ ᠤ ᠳᠦᠯᠦᠭᠡ ᠬᠠᠷᠠᠮᠰᠠᠭᠰᠠᠨ ᠭᠦᠮᠤᠨ ᠮᠤᠡᠭ ᠦᠭᠡᠶ ᠣᠯᠠᠨ ᠪᠠᠢ᠌ᠬ᠎ᠠ ︕ ᠠᠮᠢᠳᠤᠷᠠᠯ ᠬᠠᠰᠢᠯᠠ ᠬᠠᠢ᠌ᠷ᠎ᠠ ᠳᠡᠭᠡᠷ᠎ᠡ ᠳᠤᠭᠳᠠᠳᠠᠭ ᠪᠠᠢ᠌ᠨ᠎ᠠ ᠳ᠋ᠠ ︕

ᠴᠢᠩ ᠣᠯᠤᠰ ᠤᠨ ᠨᠠᠯᠠ ᠣᠪᠣᠭᠳᠠᠨ ᠡᠮᠡᠭ᠍ᠳᠡᠢ ᠳᠡᠢ᠌ᠭᠡᠤ ᠴᠤ ᠳᠡᠯᠡᠭᠡᠢ ᠳᠤ ᠨᠠᠷᠠᠳᠠᠢ ᠭᠦᠮᠤᠨ ᠪᠢᠯᠠ᠃ ᠭᠡᠪᠠᠴᠤ ᠳᠡᠭᠦᠨ ᠤ ᠮᠠᠳᠤᠭᠰᠠᠨ ᠨᠠᠷ᠎ᠠ ᠨᠢ ᠬᠠᠷᠢᠨ ᠮᠠᠠᠵᠤ ᠦᠨᠳᠦᠰᠦᠳᠠᠨ ᠤ ᠪᠠᠨ ᠨᠢᠭᠤᠷ ᠢ ᠨᠢ ᠭᠡᠭᠡᠵᠤ᠂ ᠣᠯᠤᠰ ᠢ ᠨᠢ ᠮᠥᠭᠦᠭᠡᠭ᠍ᠰᠡᠨ ᠶᠢᠡᠷ ᠪᠠᠷᠠᠬᠤ ᠦᠭᠡᠶ᠂ ᠳᠤᠮᠳᠠᠳᠤ ᠶᠢᠨ ᠦᠨᠳᠦᠰᠦᠳᠠᠨ ᠤ ᠨᠠᠷ᠎ᠠ ᠨᠢᠭᠤᠷ ᠢ ᠴᠤ ᠳᠡᠦᠭᠡᠨ ᠳᠤ ᠦᠭᠡᠶ ᠪᠠᠷ ᠪᠠᠯᠠᠷᠠᠭᠤᠯᠵᠤ᠂ ᠮᠥᠩᠭᠦ ᠪᠠᠨ ᠡᠷᠭᠦᠵᠤ᠂ ᠭᠠᠵᠠᠷ ᠶᠢᠡᠨ ᠳᠡᠭᠡᠰᠦᠯᠦᠭᠦᠯᠦᠭᠡᠤᠨ᠂ ᠳᠡᠭ᠍ᠰᠢ ᠪᠣᠰᠤ ᠭᠡᠷ᠎ᠡ ᠳᠤ ᠭᠠᠷ ᠤᠨ ᠥᠰᠦᠭ᠌ ᠶᠢᠡᠨ ᠵᠢᠷᠤᠭᠠᠤᠨ ᠂ ᠶᠤᠸᠠᠨ ᠮᠢᠩ ᠶᠤᠸᠠᠨ ᠶᠢᠡᠨ ᠳᠠᠮᠳᠤᠭ ᠪᠣᠯᠭᠠᠭᠠᠤᠨ᠂ ᠳᠠᠢ᠌ᠭᠠᠨ ᠤ ᠪᠠᠨ ᠨᠢᠷᠤᠭᠤᠨ ᠳᠤ ᠡᠭᠦᠷᠦᠭ᠍ᠳᠡᠨ ᠴᠸᠩᠳᠧ ᠵᠥᠭ᠌ ᠠᠮᠢ ᠵᠤᠯᠪᠠᠨ ᠳᠤᠳᠠᠭᠠᠭᠰᠠᠨ ᠳᠤ ᠪᠠᠢ᠌ᠨ᠎ᠠ ︕ ᠨᠢᠭᠡ ᠡᠷᠡᠨ ᠤ ᠬᠤᠭᠤᠯᠠᠨ ᠳᠤ ᠬᠤᠶᠠᠷ ᠵᠠᠭᠤᠭᠠᠤᠨ ᠵᠣᠢ᠌ᠯ ᠤᠨ ᠨᠤᠭᠤᠭ᠎ᠠ ᠶᠢ ᠦᠷᠡᠳᠡᠭ ᠲᠤᠨᠢ ᠭᠦᠮᠤᠨ ᠪᠣᠯᠵᠤ ᠳᠦᠷᠦᠭ᠍ᠰᠡᠳ ᠪᠦᠷ ᠯᠠ ᠰᠤᠴᠢᠳᠠᠭ ᠪᠠᠢ᠌ᠬ᠎ᠠ ︕ ᠭᠡᠷᠪᠡ ᠭᠢᠨᠢᠰ ᠤᠨ ᠳᠡᠮᠳᠡᠭᠯᠡᠯ ᠳᠤ ᠨᠢᠭᠡ ᠡᠷᠡᠨ ᠤ ᠬᠤᠭᠤᠯᠠᠨ ᠳᠤ ᠬᠠᠮᠤᠭ ᠢᠯᠡᠭᠦᠤ ᠨᠤᠭᠤᠭ᠎ᠠ ᠳᠠᠯᠪᠢᠳᠠᠭ ᠢ ᠳᠡᠮᠳᠡᠭᠯᠡᠳᠡᠭ᠌ ᠪᠣᠯ ᠨᠠᠯᠠ ᠣᠪᠣᠭᠳᠠᠨ ᠯᠠᠪ ᠨᠢᠭᠡᠳᠦᠭᠡᠷ ᠪᠣᠯᠳᠠᠭ ᠪᠠᠢ᠌ᠨ᠎ᠠ ︕ ᠵᠢᠩᠰᠠ ᠶᠢ ᠨᠢ ᠵᠥᠭᠡᠷ ᠵᠡᠭᠦᠵᠤ ᠂ ᠵᠥᠪᠭᠡᠨ ᠵᠡᠭᠦᠷᠮᠡᠭᠯᠡᠭᠡᠤᠨ ᠯᠠ ᠵᠡᠭᠦᠳᠦᠯᠡᠭᠡᠤᠨ ᠯᠠ ᠪᠠᠢ᠌ᠳᠠᠭ ᠬᠣᠢ᠌ᠨ᠎ᠠ ᠂ ᠭᠢᠳᠡᠭ᠌ ᠨᠢ ᠪᠦᠷ ᠯᠠ ᠦᠰᠦᠨ ᠤ ᠣᠭ ᠢ ᠰᠤᠭᠤᠯᠮᠠᠷ ᠪᠠᠢ᠌ᠳᠠᠭ ᠰᠠᠨ ︕ ᠨᠢᠭᠡ ᠭᠦᠮᠤᠨ ᠤ ᠶᠠᠯ᠎ᠠ ᠪᠠᠷ ᠳᠤᠮᠳᠠᠳᠤ ᠶᠢᠨ ᠦᠨᠳᠦᠰᠦᠳᠠᠨ ᠤ ᠭᠦᠭ᠍ᠵᠢᠯᠳᠡ ᠶᠢ ᠣᠷᠢᠤᠨ ᠭᠠᠷᠤᠭ᠎ᠠ ᠦᠭᠡᠶ ᠳᠠᠳᠠᠷᠠᠭᠤᠯᠵᠤ ᠂ ᠭᠠᠭᠴᠠ ᠭᠦᠮᠤᠨ ᠤ ᠬᠤᠪᠢ ᠶᠢᠨ ᠭᠦᠰᠡᠯ ᠭᠤᠷᠢᠳᠠᠯ ᠂ ᠢᠯᠵᠠᠷᠠᠯ ᠳᠤᠷᠣᠢ᠌ᠳᠠᠯ ᠂ ᠠᠶᠤᠮᠳᠠᠭᠠᠢ ᠳᠤᠷᠤᠢ ᠡᠴᠡ ᠪᠣᠯᠵᠤ ᠨᠢᠭᠡ ᠣᠭᠰᠠᠭᠠᠳᠠᠨ ᠢ ᠪᠣᠰᠨᠢᠭᠤᠯᠬᠤ ᠭᠡᠳᠡᠭ᠌ ᠨᠢ ᠭᠡᠳᠦᠢ ᠠᠶᠤᠮᠠᠷ ᠣᠴᠢᠷ ᠪᠣᠢ ᠳ᠋ᠠ ︕ ᠵᠤᠷᠢᠭᠰᠠᠨ ᠵᠠᠮ ᠨᠢ ᠪᠣᠷᠤᠭᠤ ᠶᠤᠮ ᠴᠢᠨᠢ ᠵᠤᠷᠢᠯᠭ᠎ᠠ ᠬᠠᠷᠠᠯᠳᠠ ᠨᠢ ᠵᠥᠪᠭᠡᠨ ᠳᠠᠶᠠᠭᠳᠠᠯ ᠳᠤ ᠣᠴᠠᠷᠠᠬᠤ ᠠᠵᠠᠢ᠃ ᠳᠡᠦᠭᠡᠨ ᠳᠤ ᠡᠢ᠌ᠮᠤ ᠭᠦᠮᠦᠰ ᠮᠤᠡᠭ ᠦᠭᠡᠶ ︕ ᠣᠳᠤ ᠴᠤ ᠴᠥᠭᠡᠨ ᠪᠣᠰᠤ ᠪᠠᠢ᠌ᠨ᠎ᠠ ᠳ᠋ᠠ ︕

《ᠠᠭᠢ ᠥᠨᠦᠷᠳᠡᠭ᠍ᠰᠡᠨ ᠴᠡᠩᠭᠡᠷ ᠳᠠᠯ᠎ᠠ ᠶᠢᠨ / ᠠᠳᠤᠭᠤ ᠨᠢ ᠳᠠᠩᠳᠠ ᠪᠠᠨ ᠰᠤᠷᠯᠢᠭ ᠪᠠᠢ᠌ᠳᠠᠭ ᠡ / ᠠᠭᠤᠵᠢᠭᠤ ᠳᠠᠢ᠌ᠪᠣᠭᠤ ᠣᠬᠠᠭᠠᠠᠳᠤ ᠠᠪᠣ ᠶᠢᠨ ᠮᠢᠨᠢ / ᠥᠭᠡ ᠨᠢ ᠳᠠᠩᠳᠠ ᠪᠠᠨ ᠡᠷᠳᠡᠨᠢ ᠪᠠᠢ᠌ᠳᠠᠭ/ ᠵᠡᠭᠦᠳᠤ ᠭᠦᠷᠳᠡᠯ᠎ᠡ ᠵᠢᠷᠭᠠᠵᠤ ᠰᠡᠷᠢᠳᠡᠭ᠌/ ᠵᠦᠪ ᠶᠠᠪᠣᠪᠠᠯ ᠵᠥᠭᠡᠯᠡᠨ ᠵᠥᠭᠡᠯᠡᠨ ᠽᠠᠮᠪᠣᠯᠢᠩ 》ᠭᠡᠰᠡᠨ ᠰᠠᠤᠠᠭᠢᠯ ᠭᠦᠭ᠍ᠵᠢᠭᠡᠮ᠎ᠡ ᠰᠠᠢ᠌ᠬᠠᠨ ᠮᠤᠩᠭ᠋ᠤᠯ ᠳᠠᠭᠤᠤ ᠪᠠᠢ᠌ᠳᠠᠭ ᠰᠠᠨ ᠃ ᠰᠥ᠋ ᠳᠤ ᠬᠤᠷᠤᠭᠤ ᠳᠦᠷᠦᠭᠦ ᠦᠭᠡᠶ ᠰᠠᠢ᠌ᠬᠠᠨ ᠮᠤᠩᠭ᠋ᠤᠯ ᠵᠠᠩ ᠮᠢᠨᠢ ᠦᠨᠢᠳᠠ ᠪᠢᠳᠠᠨ ᠤ ᠰᠠᠤᠠᠭᠢᠯ ᠳᠤ ᠬᠤᠨᠤᠭᠰᠢᠨ ᠂ ᠠᠮᠢᠳᠤᠷᠠᠯ ᠳᠤ ᠳᠠᠳᠬᠤ ᠯᠡ ᠭᠡᠷᠡᠭ᠍ᠳᠡᠢ ᠳ᠋ᠠ ︕ ᠠᠮᠢᠳᠤᠷᠠᠯ ᠤᠨ ᠵᠢᠷᠭᠠᠯ ᠤᠨ ᠲ᠋ᠠᠭᠤᠤ ᠶᠢ ᠬᠤᠭᠤᠯᠠᠢ ᠪᠠᠷ ᠶᠢᠡᠨ ᠪᠢᠰᠢ ᠂ ᠰᠠᠤᠠᠭᠢᠯ ᠶᠢᠡᠷ ᠶᠢᠡᠨ ᠳᠠᠭᠤᠯᠠᠬᠤ ᠨᠢ ᠰᠠᠶ‍ᠢ ᠣᠠᠳᠤᠷᠤᠮᠠᠯ ᠪᠣᠯᠠᠭ ᠤᠨ ᠣᠰᠤ ᠰᠢᠭ ᠵᠢᠩᠭᠢᠨᠡᠮ᠎ᠡ ᠪᠠᠢ᠌ᠵᠤ ᠂ ᠭᠦᠮᠤᠨ ᠣᠯᠠᠨ ᠤ ᠰᠠᠤᠠᠭᠢᠯ ᠢ ᠬᠠᠩᠭ᠋ᠠᠳᠠᠭ ᠪᠠᠢ᠌ᠨ᠎ᠠ᠃ ᠥᠷᠦᠭᠡᠯ ᠪᠦᠭᠦᠳᠡ ᠶᠢ ᠪᠠᠶᠠᠰᠬᠠᠨ ᠠᠮᠢᠳᠤᠷᠠᠨ᠎ᠠ ᠭᠡᠳᠡᠭ᠌ ᠨᠢ ᠴᠤᠬᠤᠮ ᠡᠳ᠋ᠯᠡᠭᠡᠤᠨ ᠪᠠᠷᠠᠰᠢ ᠦᠭᠡᠶ ᠵᠢᠷᠭᠠᠯ ᠠᠵᠠᠢ︕

ᠡᠳ᠋ᠯᠡᠵᠤ ᠶᠠᠪᠣᠭ᠎ᠠ ᠪᠦᠭᠦᠨ ᠶᠢᠡᠨ ᠱᠠᠭᠠᠷᠳᠠᠵᠤ ᠪᠠᠢ᠌ᠭ᠎ᠠ ᠶᠠᠭᠤᠮ᠎ᠠ ᠪᠢᠰᠢ ᠭᠡᠵᠤ ᠪᠣᠳᠤᠵᠤ᠂ ᠠᠯᠳᠠᠵᠤ ᠶᠠᠪᠣᠭᠤᠯᠤᠭᠰᠠᠨ ᠪᠣᠶᠤ ᠣᠯᠵᠤ ᠳᠡᠢ᠌ᠯᠦᠭᠡ ᠦᠭᠡᠶ ᠶᠠᠭᠤᠮ᠎ᠠ ᠪᠠᠨ ᠱᠠᠭᠠᠷᠳᠠᠵᠤ ᠪᠠᠢ᠌ᠭ᠎ᠠ ᠵᠣᠢ᠌ᠯ ᠭᠡᠵᠤ ᠪᠣᠳᠤᠳᠠᠭ ᠡᠴᠡ᠂ ᠭᠦᠮᠤᠰ ᠵᠢᠷᠭᠠᠯ ᠭᠢᠭᠡᠤᠨ ᠵᠤᠪᠠᠯᠠᠩ᠂ ᠭᠦᠰᠡᠯᠡᠩ ᠭᠢᠭᠡᠤᠨ ᠭᠤᠷᠢ ᠳᠠᠰᠤᠷᠠᠯ ᠤᠨ ᠬᠤᠭᠤᠷᠤᠠᠳᠤ ᠰᠦᠯᠵᠢᠯᠳᠤᠨ ᠂ ᠬᠠᠢ᠌ᠴᠢᠨ ᠰᠡᠭᠦᠯ ᠲᠡᠶ ᠬᠠᠷᠢᠶᠠᠴᠢ ᠰᠢᠭ ᠡᠳᠦᠷ ᠪᠦᠭᠦᠨ ᠶᠠᠳᠠᠷᠠᠯ ᠵᠦᠳᠠᠷᠠᠯ  ᠢ ᠣᠮᠠᠷᠳᠠᠨ ᠵᠢᠷᠭᠢᠨ ᠨᠢᠰᠳᠡᠭ᠌ ᠯᠠ ᠳ᠋ᠠ ︕ ᠭᠡᠷᠪᠡ ᠬᠠᠷᠢᠶᠠᠴᠢ ᠶᠢᠨ ᠣᠬᠠᠭᠠᠨ ᠭᠦᠮᠤᠨ ᠡᠴᠡ ᠭᠡᠳᠦᠷᠡᠭ᠍ᠰᠡᠨ ᠪᠣᠯ ᠬᠠᠷᠢᠶᠠᠴᠢ ᠶᠠᠭᠤ ᠶᠢ ᠭᠦᠰᠡᠳᠡᠭ᠌ ᠪᠣᠯ ᠳ᠋ᠠ ︖

ᠬᠤᠷᠸ᠎ᠠ ᠭᠡᠵᠤ ᠰᠠᠷᠠᠭᠤᠯᠬᠠᠨ ᠶᠤᠮ ᠡ ︕ ᠠᠮᠢᠳᠤᠷᠠᠵᠤ ᠶᠠᠪᠣᠭ᠎ᠠ ᠨᠠᠰᠤᠨ ᠤ ᠪᠠᠨ ᠠᠯᠢᠪᠠ ᠰᠠᠢ᠌ᠨ ᠰᠠᠢ᠌ᠬᠠᠨ ᠪᠦᠭᠦᠨ ᠢ ᠪᠦᠷ ᠭᠠᠮᠨᠠᠵᠤ ᠨᠠᠳᠢᠩᠨᠠᠵᠤ ᠶᠠᠪᠣᠬᠤ ᠨᠢ ᠳᠠᠷᠤᠢ ᠰᠠᠷᠠᠭᠤᠯ ᠠᠮᠢᠳᠤᠷᠠᠯ ᠢ ᠡᠳ᠋ᠯᠡᠵᠤ ᠪᠠᠢ᠌ᠭ᠎ᠠ ᠣᠴᠢᠷ ︕ ᠠᠮᠢᠳᠤᠷᠠᠵᠤ ᠪᠠᠢ᠌ᠭ᠎ᠠ ᠨᠠᠰᠤᠨ ᠳᠠᠭᠠᠨ ᠠᠯᠢᠪᠠ ᠰᠠᠢ᠌ᠨ ᠰᠠᠢ᠌ᠬᠠᠨ ᠢ ᠡᠭᠦᠳᠤᠨ ᠪᠦᠳᠦᠭᠡᠵᠤ᠂ ᠥᠷᠦᠭᠡᠯ ᠪᠣᠰᠤᠳ ᠲᠤ ᠭᠦᠷᠳᠡᠭᠡᠭᠦ ᠶᠢ ᠰᠡᠳᠦᠳᠡᠭ᠌ ᠯᠠ ᠪᠣᠯ ᠳᠠᠷᠤᠢ ᠡᠨᠡ ᠳᠡᠯᠡᠭᠡᠢ ᠶᠢᠨ ᠬᠠᠮᠤᠭ ᠪᠠᠶᠠᠨ ᠭᠦᠮᠤᠨ ︕


ᠵᠤᠬᠢᠶᠡᠬᠴᠢ᠄ ᠬᠢᠩᠭᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠳᠠᠭᠢ ᠵᠢᠷᠭᠤᠳᠤᠭᠠᠷ ᠰᠤᠷᠠᠭᠠᠭᠤᠯᠢ


ᠵᠤᠬᠢᠶᠠᠭᠴᠢ᠄ ᠲᠡᠭᠷᠢᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1537
ᠴᠠᠭ᠄ 2009 ᠤᠨ ᠤ 09 ᠰᠠᠷ᠎ᠠ ᠶᠢᠨ 13
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠰᠠᠷᠠᠭᠤᠯᠬᠠᠨ ᠬᠤᠷᠸ᠎ᠠ