ᠦᠷᠦᠭᠡᠰᠤᠨ ᠴᠢᠭᠢ ᠡᠪᠠᠦᠡᠭᠦᠯᠡᠷ ᠦᠯᠡᠮᠵᠢ ᠪᠣᠳᠤᠭᠳᠠᠭᠰᠠᠨ ᠰᠢᠯᠦᠭ᠌

  ᠴᠢᠭᠢ ᠡᠪᠠᠳᠦᠭᠡᠳ ᠯᠠ

  ᠵᠢᠭ᠌ ᠪᠣᠯᠤᠭᠠᠤᠨ

  ᠵᠡᠭᠦᠤ ᠬᠠᠳᠬᠤᠭᠠᠤᠨ ᠯᠠ

  ᠡᠮ ᠶᠡᠭᠦᠯᠡᠭᠡᠳ ᠯᠠ

  ᠡᠰ ᠪᠦᠭᠦᠨ ᠡᠷᠪᠠᠢ᠌ᠵᠤ

  ᠡᠳᠡᠭᠡᠭᠦ ᠶᠢᠨ ᠭᠦᠰᠡᠯ ᠰᠠᠷᠪᠠᠢ᠌ᠵᠤ

  ᠭᠢᠳᠠᠯ ᠵᠠᠢ᠌ᠳᠠᠵᠤ ᠭᠤᠳᠤᠯ᠎ᠠ

  ᠣᠷᠮ᠎ᠠ ᠠᠯᠳᠠᠵᠤ ᠭᠤᠠᠳᠠᠯ᠎ᠠ

  ᠱᠥᠭᠦᠰᠤ ᠦᠭᠡᠶ ᠳᠦᠷᠭᠡᠨ ᠵᠠᠰᠠᠷᠠᠬᠤ ᠵᠢ

  ᠵᠡᠭᠦᠳᠦ ᠦᠭᠡᠶ ᠰᠦᠨᠢᠵᠢᠨ ᠮᠠᠨᠠᠯ᠎ᠠ

  ᠦᠷᠦᠭᠡᠰᠤᠨ ᠴᠢᠭᠢ ᠡᠪᠠᠦᠡᠭᠦᠯᠡᠷ ᠰᠠᠶ‍ᠢ

  ᠦᠷᠦᠭᠡᠯ ᠭᠦᠮᠤᠨ ᠵᠢᠷᠭᠠᠵᠤ ᠬᠠᠷᠠᠭᠳᠠᠨ

  ᠥᠭᠡ ᠪᠦᠭᠦᠨ ᠨᠢ ᠱᠤᠤᠭᠢᠵᠤ ᠰᠤᠨᠤᠰᠳᠠᠨ

  ᠥᠭᠡᠳᠡ ᠡᠴᠠ ᠨᠢ ᠭᠡᠷᠭᠢᠭᠦ ᠪᠠᠨ ᠣᠯᠵᠤ ᠶᠠᠳᠠᠨ᠎ᠠ

   《ᠬᠠᠯᠠᠭᠤᠨ ᠭᠦᠢᠳᠡᠨ ᠬᠠᠷᠭᠤᠴᠢᠬᠠᠵᠠᠢ ︕》

  ᠬᠠᠴᠢᠷᠬᠠᠵᠤ ᠪᠠᠢ᠌ᠬᠤ ᠨᠢ ᠭᠡᠳᠤ ᠪᠣᠢ ︕

   《ᠬᠠᠷ᠎ᠠ ᠠᠷᠢᠭᠢ ᠪᠠᠷ ᠮᠢᠡᠴᠦᠷᠡᠭᠦᠯᠴᠢᠭᠡ ︕》

  ᠬᠠᠰᠢᠷᠭᠠᠵᠤ ᠪᠠᠢ᠌ᠬᠤ ᠨᠢ ᠣᠯᠠᠨ ᠪᠣᠢ ︕

   《ᠥᠩᠭᠡᠷᠡᠤ ᠵᠤᠪᠠᠭᠠᠤᠨ ᠢᠯᠡᠭᠦᠴᠡ ᠳ᠋ᠡ ︕》

  ᠥᠳᠦᠭᠡᠵᠤ ᠭᠡᠯᠡᠭᠦ ᠨᠢ ᠭᠡᠳᠤ ᠪᠣᠢ ︕

   《ᠥᠭᠦᠭᠦ ᠡᠪᠡᠳᠴᠢᠨ ᠪᠢᠰᠢ ᠯᠠ ᠳ᠋ᠡ ︕》

  ᠦᠯᠡᠮᠵᠢ ᠮᠡᠷᠭᠡᠯᠡᠭᠦ ᠨᠢ ᠣᠯᠠᠨ ᠪᠣᠢ ︕

   《ᠭᠡᠢ ᠴᠢᠰᠤᠨ ᠤ ᠣᠴᠢᠷ ᠳ᠋ᠠ ︕》

  ᠭᠡᠳᠦᠷᠭᠡᠢ ᠣᠨᠤᠰᠢᠯᠠᠬᠤ ᠨᠢ ᠭᠡᠳᠤ ᠪᠣᠢ ︕

   《ᠭᠡᠪᠳᠡᠵᠤ ᠠᠮᠠᠷᠠᠭᠰᠠᠨ ᠳᠠᠩᠳᠠᠯ᠎ᠠ ︕》

  ᠭᠡᠷᠰᠡᠤ ᠰᠤᠷᠭᠠᠭᠰᠠᠨ ᠴᠤ ᠣᠯᠠᠨ ᠪᠣᠢ ︕

  ᠶᠠᠷᠢᠭᠠᠤᠨ ᠪᠠᠷᠠᠬᠤ ᠦᠭᠡᠶ ᠥᠭᠡ ᠶᠢ ᠨᠢ ᠭᠠᠢ᠌ᠬᠠᠨ

  ᠶᠠᠩᠰᠢᠭᠠᠤᠨ ᠪᠠᠷᠠᠬᠤ ᠦᠭᠡᠶ ᠠᠮᠠ ᠶᠢ ᠨᠢ ᠰᠤᠨᠢᠷᠬᠠᠨ

  ᠶᠠᠷᠰᠢᠭ ᠲᠤ ᠳᠤᠷᠠᠳᠠᠢ ᠵᠠᠩ ᠢ ᠨᠢ ᠡᠭ᠍ᠳᠡᠭᠦᠴᠡᠨ

  ᠶᠠᠪᠣᠳᠠᠯ ᠢ ᠶᠡᠭᠡᠰᠭᠡᠭᠦ ᠠᠷᠠᠠᠰᠢᠨ ᠢ ᠨᠢ ᠵᠢᠭ᠍ᠰᠢᠨ

  ᠵᠢᠵᠢᠭ᠌ ᠣᠴᠢᠷ ᠲᠤ ᠰᠡᠵᠢᠭ᠌ ᠳᠦᠷᠤᠨ

  ᠵᠢᠷ ᠤᠨ ᠭᠡᠷᠡᠭ᠌ ᠢ ᠵᠢᠭ᠍ᠳᠡᠢ ᠪᠣᠯᠭᠠᠨ

  ᠶᠠᠮᠠᠷ ᠴᠤ ᠥᠭᠡ ᠪᠠᠷ ᠱᠠᠯᠠᠵᠤ

  ᠶᠠᠩᠵᠤ ᠪᠠᠷ ᠰᠢᠷᠭᠠᠭᠠᠨ ᠰᠢᠯᠭᠠᠬᠤ ᠳ᠋ᠤ

  ᠶᠠᠭ ᠳᠠᠭ ᠳᠤᠭᠣᠢ᠌ᠷᠠᠵᠤ

  ᠶᠠᠪᠠ ᠶᠤᠮ ᠰᠢᠭ ᠳᠤᠮᠪᠣᠢ᠌ᠵᠤ

  ᠶᠠᠭᠠᠭᠢᠬᠤ ᠪᠠᠨ ᠣᠯᠬᠤ ᠦᠭᠡᠶ ᠪᠠᠴᠢᠮᠳᠠᠨ

  ᠶᠠᠰᠤᠨ ᠳᠤ ᠣᠷᠤᠳᠠᠯ᠎ᠠ ᠰᠢᠷᠭᠢᠷᠠᠨ

  ᠵᠡᠭᠦᠤ ᠪᠠᠷ ᠰᠢᠪᠠᠭ᠍ᠰᠡᠨ ᠥᠭᠡᠷ᠎ᠡ ᠥᠭᠡᠢ

  ᠵᠢᠷᠦᠭᠡᠨ ᠳᠤ ᠭᠦᠷᠳᠡᠯ᠎ᠡ ᠰᠢᠮᠰᠢᠷᠠᠨ

  ᠰᠤᠨᠤᠰᠬᠤ ᠳᠤᠷ᠎ᠠ ᠦᠭᠡᠶ ᠥᠭᠡ

  ᠰᠤᠯᠢᠭᠠᠢ ᠪᠣᠷᠤᠭᠤ ᠳᠤᠭᠤᠯᠳᠠᠨ

  ᠳᠦᠵᠢᠷᠡᠭ᠍ᠰᠡᠨ ᠳᠤᠯᠤᠭᠠᠢ ᠥᠭᠡᠷ᠎ᠡ ᠥᠭᠡᠢ

  ᠲᠦᠯᠠᠢ ᠪᠣᠯᠴᠢᠬᠠᠶ᠎ᠠ ᠰᠠᠨᠠᠭᠠᠤᠨ

  ᠭᠡᠯᠡᠶ᠎ᠡ ᠭᠡᠵᠤ ᠰᠠᠨᠠᠬᠤ ᠦᠭᠡᠶ ᠵᠢ

  ᠭᠡᠵᠢᠶ᠎ᠡ ᠴᠤ ᠶᠠᠷᠢᠬᠤ ᠶᠢ ᠪᠣᠳᠤᠬᠤ ᠥᠭᠡᠢ

  ᠭᠡᠷᠡᠭ᠌ ᠪᠣᠯᠭᠠᠵᠤ ᠰᠤᠨᠤᠰᠬᠤ ᠦᠭᠡᠶ ᠥᠭᠡ ᠵᠢ

  ᠭᠡᠨ ᠡᠴᠠ ᠴᠤ ᠪᠢ ᠭᠦᠰᠡᠭᠦ ᠥᠭᠡᠢ

  ᠭᠡᠷᠰᠡᠤ ᠠᠪᠣᠭᠰᠠᠨ ᠶᠠᠷᠢᠶ᠎ᠠ

  ᠭᠡᠪᠠᠷᠡᠭ᠌ ᠭᠡᠩᠭᠡᠷᠭᠡ ᠶᠢ ᠳᠠᠯᠠᠳᠤᠨ᠎ᠡ

  ᠦᠷᠦᠭᠡᠰᠤᠨ ᠴᠢᠭᠢ ᠡᠪᠠᠦᠡᠭᠦᠯᠡᠷ

  ᠦᠪᠡᠷ ᠢ ᠪᠠᠨ ᠭᠢᠴᠢᠶᠡᠭᠦ ᠶᠢ ᠮᠠᠳᠠᠯ᠎ᠠ

  ᠡᠪᠡᠳᠴᠢᠨ ᠡᠴᠠ ᠢᠯᠡᠭᠦᠤ ᠰᠢᠨᠠᠯᠤᠯ

  ᠡᠷᠢᠵᠤ ᠪᠠᠢ᠌ᠬᠤ ᠶᠢ ᠣᠢ᠌ᠯᠠᠭᠠᠯ᠎ᠠ ︕

  ᠲ᠋ᠠᠯ᠎ᠠ ᠳᠠᠯ᠎ᠠ ᠡᠴᠠ ᠳᠠᠷᠴᠢᠯᠭᠠᠬᠤ

  ᠲ᠋ᠠᠬᠤᠯ ᠶᠤᠮ ᠰᠢᠭ ᠴᠠᠯᠴᠢᠶ᠎ᠠ

  ᠡᠷᠡᠭᠦᠯ ᠴᠢᠭᠢ ᠶᠢ ᠭᠦᠷᠳᠡᠯ᠎ᠡ

  ᠡᠪᠠᠦᠡᠭᠦ ᠡᠴᠠ ᠢᠯᠡᠭᠦᠤ ᠬᠠᠳᠬᠤᠯ᠎ᠠ

  ᠴᠠᠰᠤᠨ ᠳᠡᠭᠡᠷᠡᠭᠢ ᠭᠢᠷᠠᠭᠤ ᠦᠦ ︖

  ᠴᠠᠰᠢ ᠪᠠᠨ ᠣᠯᠠᠨ ᠢ ᠰᠡᠳᠭᠢᠯ᠎ᠠ

  ᠪᠦᠳᠦᠷᠢᠭ᠍ᠰᠡᠨ ᠳᠡᠭᠡᠷ᠎ᠡ ᠨᠤᠳᠤᠷᠤᠭᠰᠠᠨ ᠦᠦ ︖

  ᠪᠦᠭᠦᠭᠡᠨ ᠳᠤᠮᠳᠠ ᠨᠢᠭᠡ ᠶᠢ ᠣᠬᠠᠯ᠎ᠠ᠃


ᠵᠤᠬᠢᠶᠠᠭᠴᠢ ᠶᠢᠨ ᠬᠠ‍‌ᠶᠢᠭ ᠄ ᠵᠠᠷᠤᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1490
ᠴᠠᠭ᠄ 2011 ᠤᠨ ᠤ 08 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁