ᠲᠠᠯ᠎ᠠ ᠶᠢᠨ ᠠᠮᠢᠳᠤᠷᠠᠯ

ᠠᠭᠤᠯᠠ ᠨᠢ ᠰᠦᠷᠯᠢᠭ᠌ ᠂ ᠣᠰᠤ ᠨᠢ ᠳᠤᠩᠭ᠋ᠠᠯᠠᠭ ᠂ ᠠᠭᠤᠳᠠᠮ ᠳᠠᠯ᠎ᠠ ᠨᠢ ᠨᠤᠭᠤᠭᠠᠷᠠᠨ ᠳᠠᠪᠠᠯᠭᠠᠯᠠᠨ᠎ᠠ ᠃ ᠪᠠᠶᠠᠨ ᠵᠢᠷᠭᠠᠯ ᠤᠨ ᠳᠡᠭᠡᠵᠢ ᠪᠣᠯᠤᠭᠰᠠᠨ ᠮᠤᠩᠭ᠋ᠤᠯ ᠠᠮᠢᠳᠤᠷᠠᠯ ᠪᠣᠯ ᠣᠯᠠᠯᠵᠠᠨ ᠪᠠᠳᠠᠷᠠᠭᠰᠠᠨ ᠭᠠᠯ ᠲᠡᠶ ᠵᠤᠤᠬ᠎ᠠ ᠂ ᠳᠤᠯᠠᠭᠠᠨ ᠥᠷᠦᠭᠡ ᠃

ᠰᠠᠤᠠᠭᠢᠯ ᠨᠢ ᠴᠠᠢ᠌ᠪᠣᠷ ᠂ ᠠᠮᠢᠳᠤᠷᠠᠯ ᠨᠢ ᠪᠣᠯᠪᠠᠰᠤᠨ ᠃ ᠭᠠᠩ ᠵᠤᠷᠢᠭᠳᠠᠨ ᠤ ᠭᠦᠳᠡᠯᠮᠦᠷᠢ ᠶᠢᠨ ᠭᠦᠯᠦᠰᠤ ᠪᠣᠯ ᠳᠦᠷᠡᠯᠵᠡᠨ ᠨᠤᠴᠤᠵᠤ ᠪᠠᠢ᠌ᠭ᠎ᠠ ᠳᠤᠯᠭ᠎ᠠ ᠶᠢᠨ ᠳᠡᠭᠡᠷᠡᠭᠢ ᠳᠠᠪᠣᠷ᠎ᠠ ᠲᠡᠶ ᠣᠰᠤ ᠃ ᠠᠭᠤᠷ ᠨᠢ ᠰᠠᠪᠰᠠᠨ ᠭᠠᠷᠴᠤ ᠠᠮᠢᠳᠤᠷᠠᠯ ᠢ ᠳᠤᠯᠠᠭᠠᠯᠠᠨ᠎ᠠ ᠃

ᠭᠦᠷᠦᠰᠤ ᠨᠢ ᠴᠢᠬᠢᠭ᠍ᠯᠢᠭ᠌ ᠂ ᠮᠠᠯᠴᠢᠤᠨ ᠨᠢ ᠠᠵᠢᠯᠴᠢ ᠂ ᠨᠤᠭᠤᠭᠠᠨ ᠳᠠᠯ᠎ᠠ ᠨᠢ ᠠᠢ᠌ᠷᠠᠭ ᠳᠠᠷᠠᠭ ᠶᠢᠡᠷ ᠠᠩᠬᠢᠯᠤᠵᠤ ᠂ ᠠᠳᠤᠭᠤᠴᠢᠨ ᠤ ᠳᠠᠭᠤᠤ ᠬᠠᠩᠭᠢᠨᠠᠭᠰᠠᠨ ᠳᠠᠯ᠎ᠠ ᠶᠢᠨ ᠠᠮᠢᠳᠤᠷᠠᠯ ᠰᠠᠢ᠌ᠬᠠᠨ ᠃

ᠭᠦᠭ᠍ᠵᠢᠯᠳᠡ ᠨᠢ ᠵᠤᠷᠢᠭᠳᠤ ᠪᠦᠷᠭᠦᠤᠨ ᠤᠨ ᠳᠠᠪᠢᠯᠳᠠ ᠲᠡᠶ᠃ ᠵᠢᠷᠭᠠᠯ ᠨᠢ ᠣᠯᠠᠭᠠᠨ ᠨᠠᠷᠠᠨ ᠤ ᠢᠪᠠᠭᠡᠯ ᠲᠡᠶ᠃ ᠳᠠᠯ᠎ᠠ ᠶᠢᠨ ᠠᠮᠢᠳᠤᠷᠠᠯ ᠮᠢᠨᠢ ᠬᠠᠮᠤᠭ ᠤᠨ ᠬᠠᠢ᠌ᠷᠠᠳᠠᠢ ᠭᠦᠰᠡᠯ ᠤᠨ ᠠᠯᠳᠠᠨ ᠥᠯᠦᠭᠡᠢ ᠃

ᠭᠦᠷᠭᠢᠷ᠎ᠡ ᠠᠭᠤᠯᠠᠰ ᠵᠢᠭ᠍ᠳᠡᠷᠡᠨ ᠂ ᠭᠦᠷᠭᠢᠷ᠎ᠡ ᠪᠠᠭᠤᠭᠰᠠᠨ ᠰᠤᠳᠤᠨ ᠰᠠᠢ᠌ᠬᠠᠨ ᠶ‍ᠢᠷᠳᠢᠠᠴᠤ ᠨᠢᠳᠤᠨ ᠡᠮᠦᠨ᠎ᠡ ᠳᠤᠳᠤᠷᠠᠨ᠎ᠠ ᠃ ᠬᠠᠪᠴᠢᠯ ᠬᠠᠳᠠᠨ ᠤ ᠦᠨᠳᠦᠷ ᠣᠷᠭᠢᠯ ᠡᠴᠡ ᠮᠥᠩᠭᠦᠨ ᠴᠠᠭᠠᠨ ᠭᠦᠷᠭᠢᠷ᠎ᠡ ᠶᠢᠨ ᠬᠥᠷᠬᠢᠷᠡᠨ ᠪᠠᠭᠤᠬᠤ ᠳᠠᠭᠤᠨ ᠨᠢ᠋ᠮᠠᠨ ᠵᠤᠪᠭᠢᠰ ᠲᠤ ᠳᠠᠷᠬᠠᠵᠤ ᠂ ᠡᠬᠡ ᠪᠠᠢ᠌ᠭᠠᠯᠢ ᠶᠢᠨ ᠠᠶ᠎ᠠ ᠨᠢ ᠴᠢᠭᠢᠨ ᠤ ᠴᠢᠮᠡᠭ᠌ ᠂ ᠵᠢᠷᠤᠬᠡᠨ ᠤ ᠤᠶᠡᠡᠭᠭ᠎ᠡ᠃

ᠭᠦᠷᠭᠢᠷ᠎ᠡ ᠨᠢ ᠳᠤᠷᠭᠠᠨ ᠴᠠᠭᠠᠨ ᠬᠠᠳᠠᠭ ᠤᠨ ᠨᠢᠭᠡ ᠥᠵᠦᠭᠦᠷ ᠢ ᠰᠥᠷᠯᠢᠭ ᠬᠠᠳᠠᠨ ᠤ ᠣᠷᠤᠢ ᠡᠴᠡ ᠣᠶᠠᠵᠤ ᠂ ᠨᠥᠭᠦᠭᠡ ᠥᠵᠦᠭᠦᠷ ᠢ ᠨᠢ ᠰᠠᠯᠭᠢᠨ ᠤ ᠠᠶ᠎ᠠ ᠪᠠᠷ ᠭᠡᠢ᠌ᠰᠭᠡᠨ ᠣᠠᠵᠢᠭᠤᠯᠤᠭᠰᠠᠨ ᠰᠢᠭ ᠬᠠᠷᠠᠭᠳᠠᠵᠤ ᠂ ᠬᠤᠯᠠ ᠡᠴᠡ ᠡᠷᠭᠢᠨ ᠠᠵᠢᠭᠯᠠᠪᠠᠯ ᠰᠦᠨ ᠴᠠᠭᠠᠨ ᠰᠥ᠋ ᠠᠰᠬᠠᠷᠠᠨ ᠪᠠᠭᠤᠵᠤ ᠪᠠᠢ᠌ᠭ᠎ᠠ ᠴᠤ ᠶᠤᠮ ᠰᠢᠭ ᠪᠠᠢ᠌ᠭᠠᠯᠢ ᠶᠢᠨ ᠦᠵᠡᠮᠵᠢ ᠳᠤ ᠥᠩᠭᠡ ᠨᠠᠮᠠᠵᠤ ᠂ ᠵᠤᠭᠠᠴᠡᠬᠰᠡᠳ ᠤᠨ ᠬᠠᠢ᠌ᠷ᠎ᠠ ᠪᠠᠬᠠᠷᠤᠯ ᠢ ᠳᠡᠳᠡᠨ᠎ᠡ᠃

ᠨᠤᠭᠤᠭᠠᠨ ᠠᠷᠴᠠ ᠶᠢᠨ ᠮᠥᠩᠭᠦᠨ ᠰᠡᠭᠦᠳᠡᠷ ᠳᠤᠩᠭ᠋ᠠᠯᠠᠭ ᠳᠤᠨᠤᠮᠠᠯ ᠣᠰᠤᠨ ᠳᠤ ᠡᠯᠳᠡᠪ ᠤᠨ ᠳᠤᠩᠭ᠋ᠤᠷᠤᠤ ᠳᠦᠷᠰᠦ ᠪᠠᠷ ᠥᠵᠡᠭ᠍ᠳᠡᠵᠤ ᠂ ᠴᠠᠰᠤᠳᠤ ᠣᠷᠭᠢᠯ ᠠᠯᠤᠰ ᠲᠤ ᠰᠦᠨᠳᠠᠷᠯᠠᠨ ᠂ ᠡ᠊ᠡᠳᠡ ᠳᠠᠠᠳᠠᠭᠢ ᠮᠤᠩᠭ᠋ᠤᠯ ᠭᠡᠷ ᠡᠴᠡ ᠴᠠᠢ᠌ᠪᠣᠷ ᠰᠢᠩᠭᠡᠨ ᠣᠳᠤᠭ᠎ᠠ ᠰᠤᠭᠤᠨᠤᠭᠯᠠᠵᠤ ᠂ ᠭᠤᠤᠯ ᠤᠨ ᠭᠦᠪᠠᠭᠡᠨ ᠳ᠋ᠠᠭᠢ ᠰᠡᠷᠢᠭᠦᠨ ᠵᠥᠯᠭᠡᠨ ᠳᠤ ᠳᠠᠪᠤᠨ ᠬᠤᠰᠢᠭᠤ ᠮᠠᠯ ᠢᠳᠠᠰᠢᠯᠠᠨ ᠂ ᠠᠮᠢ ᠠᠬᠤᠢ ᠶᠢᠨ ᠰᠤᠨᠢᠷᠬᠠᠯᠳᠠᠢ ᠶ‍ᠢᠷᠳᠢᠠᠴᠤ ᠡ᠊ᠡᠳᠡ ᠰᠠᠭᠠᠳᠠᠵᠠᠢ ᠃


ᠭᠦᠳᠡᠭᠡ ᠳᠠᠯ᠎ᠠ


ᠭᠦᠳᠡᠭᠡ ᠳᠠᠯ᠎ᠠ ᠊᠊᠊᠊᠊᠊᠊᠊᠊᠊᠊᠊᠊᠊᠊᠊᠊ ᠴᠡᠴᠡᠭ᠌ ᠨᠠᠪᠴᠢ ᠪᠡᠳᠡᠷᠡᠨ ᠳᠡᠯᠭᠡᠷᠡᠵᠤ ᠂ ᠥᠩᠭᠡ ᠶᠢᠨ ᠰᠤᠯᠤᠩᠭ᠋᠎ᠠ ᠳᠠᠳᠠᠨ᠎ᠠ ᠃ ᠳᠤᠩᠭ᠋ᠠᠯᠠᠭ ᠪᠣᠯᠠᠭ ᠣᠠᠳᠤᠷᠤᠨ ᠣᠷᠭᠢᠯᠵᠤ ᠂ ᠭᠦᠳᠡᠭᠡ ᠳᠠᠯ᠎ᠠ ᠶᠢᠨ ᠦᠷᠦᠴᠠᠨ ᠳᠤ ᠴᠢᠮᠡᠭ᠌ ᠪᠣᠯᠤᠨ ᠰᠤᠨᠤᠯᠵᠠᠨ᠎ᠠ ᠃ ᠠ ︕ ᠶᠠᠭᠤᠳᠠᠢ ᠰᠠᠢ᠌ᠬᠠᠨ ᠭᠤᠸ᠎ᠠ ᠭᠦᠭᠡᠭᠡᠴᠡᠯᠳᠦᠯ ᠪᠣᠢ ︕

ᠰᠡᠷᠢᠭᠦᠨ ᠰᠠᠯᠭᠢᠨ ᠳᠤ ᠰᠥ᠋ ᠶᠢᠨ ᠦᠨᠦᠷ ᠬᠠᠩᠬᠤᠯᠤᠨ᠎ᠠ ᠃ ᠰᠡᠷᠭᠦᠯᠡᠩ ᠵᠠᠯᠠᠭᠤᠰ ᠤᠨ ᠭᠦᠰᠡᠯᠡᠩ ᠤᠨ ᠴᠡᠩᠭᠡᠷ ᠢᠷᠭᠤᠢ ᠶᠢ ᠳᠠᠯᠠᠯᠤᠨ᠎ᠠ ᠃ ᠵᠣᠢ᠌ᠯ ᠤᠨ ᠰᠢᠪᠠᠭᠤᠳ ᠤᠨ ᠣᠷᠠᠨ ᠡᠭᠡᠰᠢᠭ᠌ ᠭᠦᠳᠡᠭᠡ ᠳᠠᠯ᠎ᠠ ᠶᠢᠨ ᠭᠦᠷ ᠭᠦᠭ᠍ᠵᠢᠶᠡᠨ ᠢ ᠡᠭᠦᠰᠭᠡᠵᠤ ᠂ ᠭᠠᠢ᠌ᠬᠠᠮᠰᠢᠭᠳᠤ ᠦᠵᠡᠮᠵᠢ ᠶᠢᠨ ᠵᠦᠩᠨᠠᠯ ᠪᠣᠯᠵᠠᠢ ᠃ ᠠ ︕ ᠶᠠᠭᠤᠳᠠᠢ ᠰᠠᠢ᠌ᠬᠠᠨ ᠭᠦᠷ ᠭᠦᠭ᠍ᠵᠢᠶᠡᠨ ᠪᠣᠢ ︕


ᠮᠤᠷᠢᠳᠠᠨ


ᠳᠡᠯᠭᠡᠷ ᠵᠤᠨ ᠤ ᠴᠠᠭ ᠲᠤ ᠴᠡᠴᠡᠭ᠌ ᠤᠨ ᠴᠤᠮᠤᠷᠯᠢᠭ ᠮᠢᠷᠡᠯᠵᠡᠨ ᠳᠡᠯᠭᠡᠷᠡᠵᠤ ᠂ ᠣᠷᠠᠨ ᠪᠣᠯᠵᠤᠮᠤᠷ ᠳᠠᠷᠪᠠᠯᠵᠠᠨ ᠨᠢᠰᠦᠭᠡᠤᠨ ᠭᠦᠷ ᠭᠦᠭ᠍ᠵᠢᠶᠡᠨ ᠶᠢᠡᠷ ᠪᠢᠯᠬᠠᠨ᠎ᠠ ᠃ ᠠᠮᠢᠳᠠᠨ ᠤ ᠣᠭᠢ ᠂ ᠵᠣᠢ᠌ᠯ ᠤᠨ ᠡᠷᠪᠠᠭᠡᠢ ᠨᠠᠭᠠᠳᠤᠨ ᠪᠦᠵᠢᠭᠯᠡᠭᠡᠤᠨ ᠭᠦᠳᠡᠭᠡ ᠳᠠᠯ᠎ᠠ ᠶᠢᠨ ᠨᠣᠢ᠌ᠷᠮᠤᠭ ᠦᠷᠦᠴᠠ ᠶᠢ ᠢᠯᠪᠢᠨ᠎ᠠ ᠃ ᠡᠨᠡ ᠰᠠᠢ᠌ᠬᠠᠨ ᠴᠡᠩᠭᠡᠯ ᠢ ᠭᠦᠷᠳᠡᠵᠤ ᠶᠠᠪᠣᠭ᠎ᠠ ᠨᠢᠭᠡᠨ ᠮᠤᠷᠢᠳᠠᠨ ᠮᠠᠩᠨᠤᠭ ᠳᠠᠯ᠎ᠠ ᠳᠡᠭᠡᠭᠦᠷ ᠵᠢᠷᠪᠢᠯᠵᠠᠨ ᠳᠠᠪᠭᠢᠭᠤᠯᠬᠤ ᠨᠢ ᠮᠤᠩᠭ᠋ᠤᠯ ᠨᠤᠳᠤᠭ ᠤᠨ ᠴᠢᠮᠡᠭ᠌ ᠃


ᠨᠤᠳᠤᠭ ᠤᠨ ᠦᠵᠡᠮᠵᠢ ᠶᠢᠨ ᠭᠡᠰᠡᠭ᠌ ᠪᠣᠰᠠᠭ


ᠦᠷ ᠤᠨ ᠭᠡᠭᠡ ᠳᠤᠶᠠᠭᠠᠷᠠᠬᠤ ᠳᠤ ᠴᠠᠢ᠌ᠳᠠᠮ ᠨᠤᠳᠤᠭ ᠤᠨ ᠨᠣᠢ᠌ᠷᠮᠤᠭ ᠦᠷᠦᠴᠠᠨ ᠳᠤ ᠳᠤᠩᠭ᠋ᠠᠯᠠᠭ ᠨᠠᠭᠤᠷ ᠮᠡᠯᠳᠡᠡᠭᠨᠡᠨ ᠰᠥᠮᠡᠯᠵᠡᠨ᠎ᠡ ᠃ ᠡᠨᠡ ᠴᠢᠨᠢ ᠭᠦᠳᠡᠭᠡ ᠨᠤᠳᠤᠭ ᠤᠨ ᠴᠢᠮᠡᠭ᠌ ᠪᠣᠯᠤᠭᠰᠠᠨ ᠨᠠᠭᠤᠷ ᠪᠠᠢ᠌ᠨ᠎ᠠ ᠰᠢᠤ ᠃ ᠰᠡᠷᠭᠦᠯᠡᠩ ᠭᠡᠦᠭᠡᠤᠨ ᠮᠠᠠᠴᠤᠢ ᠳᠠᠭᠠᠨ ᠭᠡᠪᠳᠡᠭᠡᠤᠨ ᠭᠬᠢᠷ ᠦᠭᠡᠶ ᠳᠡᠭ᠍ᠷᠢ ᠶᠢ ᠰᠢᠷᠳᠠᠨ ᠳᠤᠷᠮᠤᠭᠤᠷ ᠬᠠᠷ᠎ᠠ ᠨᠢᠳᠤ ᠪᠠᠨ ᠠᠨᠢᠪᠠᠯᠵᠠᠭᠤᠯᠤᠨ ᠶᠠᠭᠤᠮ᠎ᠠ ᠪᠣᠳᠤᠵᠤ ᠪᠠᠢ᠌ᠭ᠎ᠠ ᠶᠤᠮ ᠰᠢᠭ ᠃ ᠣᠷᠴᠢᠨ ᠳᠤᠭᠤᠷᠢᠨ ᠤ ᠦᠵᠡᠮᠵᠢ ᠨᠢ ᠳᠤᠩᠭ᠋ᠤᠷᠤᠤ ᠳᠤᠰᠬᠤ ᠳᠤ ᠣᠷᠠᠨ ᠪᠦᠰᠡᠭᠦᠢ ᠶᠢᠨ ᠣᠷᠠᠯᠠᠨ ᠰᠢᠭᠢᠦᠡᠭᠡᠭ᠍ᠰᠡᠨ ᠭᠡᠪᠢᠰ ᠮᠠᠳᠤ᠃

ᠰᠢᠩᠭᠡᠭᠦ ᠨᠠᠷᠠᠨ ᠤ ᠣᠯᠠᠪᠢᠷ ᠳᠤᠶᠠᠭ᠎ᠠ ᠳᠡᠭ᠍ᠷᠢ ᠶᠢᠨ ᠭᠢᠵᠠᠭᠠᠷ ᠳᠠᠭᠢ ᠡᠭᠦᠯᠡᠰ ᠢ ᠪᠣᠳᠤᠭᠠᠤᠨ ᠣᠭᠳᠠᠷᠭᠤᠢ ᠳᠤ ᠣᠯᠠᠭᠠᠨ ᠱᠡ ᠡᠯᠭᠦᠭ᠍ᠰᠡᠨ ᠮᠠᠳᠤ ᠬᠠᠢ᠌ᠷ᠎ᠠ ᠳᠤᠷᠠᠯᠠᠯ ᠢ ᠪᠣᠯᠢᠶᠠᠨ᠎ᠠ ᠃ ᠬᠠᠶᠠ ᠪᠣᠭᠤ ᠭᠦᠷᠦᠭᠡᠰᠤ ᠬᠤᠤᠰ ᠬᠤᠤᠰ ᠶᠢᠡᠷ ᠨᠠᠭᠤᠷ ᠤᠨ ᠭᠦᠪᠠᠭᠡᠨ ᠳᠤ ᠢᠷᠠᠵᠤ ᠣᠰᠤ ᠣᠤᠭᠤᠬᠤ ᠳᠠᠭᠠᠨ ᠰᠡᠭᠦᠳᠡᠷ ᠡᠴᠡ ᠪᠠᠨ ᠥᠷᠭᠦᠵᠤ ᠂ ᠭᠦᠯ ᠤᠨ ᠳᠤᠭᠤᠰᠤ ᠪᠠᠨ ᠪᠣᠰᠬᠠᠨ ᠪᠣᠰᠬᠠᠨ ᠨᠠᠭᠠᠤᠠᠬᠤ ᠨᠢ ᠭᠠᠢ᠌ᠬᠠᠯᠳᠠᠢ ᠰᠠᠢ᠌ᠬᠠᠨ ᠃ ᠡᠨᠡ ᠪᠤᠯ ᠮᠤᠩᠭ᠋ᠤᠯ ᠤᠨ ᠰᠡᠢ᠌ᠬᠠᠨ ᠨᠤᠳᠤᠭ ︕


ᠵᠤᠬᠢᠶᠠᠭᠴᠢ᠄ ᠭᠠᠩᠪᠠᠲᠤ
ᠬᠠᠷᠢᠶ᠎ᠠ᠄ ᠨᠠᠢᠷᠠᠭᠤᠯᠤᠯ
ᠳᠠᠷᠤᠮ᠄ 9778
ᠴᠠᠭ᠄ 2006 ᠤᠨ ᠤ 07 ᠰᠠᠷ᠎ᠠ ᠶᠢᠨ 20