ᠴᠢᠮ᠎ᠠ ᠣᠷᠤᠭᠤ ᠳᠦᠭᠦᠯ᠎ᠡ

ᠴᠠᠴᠠᠨ ᠮᠠᠯᠠᠮᠢ ᠭᠦᠷᠭᠦ ᠥᠭᠡᠢ

ᠳᠠᠷᠠ ᠬᠤᠯᠠ ᠶᠢᠨ ᠭᠠᠵᠠᠷ ᠡᠴᠡ

ᠴᠢᠨᠤ ᠲ᠋ᠤᠢᠷᠢ ᠴᠢᠨᠢ ᠥᠵᠡᠭ᠍ᠳᠡᠭᠦ ᠪᠠᠷ

ᠪᠢ ᠴᠢᠮ᠎ᠠ ᠣᠷᠤᠭᠤ ᠳᠦᠭᠦᠯ᠎ᠡ︕

ᠴᠢᠭᠢᠨ ᠰᠤᠨᠤᠷ ᠲᠤ ᠢᠷᠡᠭᠦ ᠦᠭᠡᠶ

ᠳᠠᠷᠠ ᠠᠯᠤᠰ ᠤᠨ ᠵᠠᠢ ᠡᠴᠡ

ᠴᠢᠨᠤ ᠳᠠᠭᠤ ᠴᠢᠨᠢ ᠰᠤᠨᠤᠰᠳᠠᠬᠤ ᠪᠠᠷ

ᠪᠢ ᠴᠢᠮ᠎ᠠ ᠣᠷᠤᠭᠤ ᠳᠦᠭᠦᠯ᠎ᠡ︕

ᠠᠶᠠᠨ ᠵᠠᠮ ᠤᠨ ᠮᠢᠨᠢ ᠥᠵᠦᠭᠦᠷ

ᠭᠡᠪᠢᠰ ᠰᠢᠭ᠌ ᠡᠪᠭᠡᠭ᠍ᠳᠡᠭᠦ ᠬᠤᠷᠤᠮ ᠲᠤ

ᠠᠯᠠᠭ ᠬᠤᠶᠠᠷ ᠨᠢᠳᠤ ᠴᠢᠨᠢ

ᠴᠡᠴᠡᠭᠡᠨ ᠳᠤᠮᠳᠠ ᠳᠤᠷᠮᠤᠯᠵᠠᠵᠤ

ᠠᠯᠤᠰ ᠤᠨ ᠴᠡᠩᠭᠡᠷ ᠠᠭᠤᠯᠠᠰ

ᠵᠡᠷᠭᠡᠯᠭᠡᠨ ᠤ ᠭᠦᠯ ᠳᠤᠪᠦᠷᠳᠡᠯᠵᠡᠬᠤ ᠳᠤ

ᠠᠯᠳᠠᠬᠠᠨ ᠰᠠᠢ᠌ᠬᠠᠨ ᠪᠠᠶ᠎ᠠ ᠴᠢᠨᠢ

ᠳᠡᠭᠦᠨ ᠤ ᠳᠤᠮᠳᠠ ᠥᠵᠡᠭ᠍ᠳᠡᠵᠤ

ᠠᠮᠠᠷᠠᠭ ᠴᠢᠮ᠎ᠠ ᠣᠷᠤᠭᠤ ᠪᠠᠨ ᠪᠢ

ᠬᠠᠢ᠌ᠷ᠎ᠠ ᠪᠣᠯᠤᠨ ᠳᠦᠭᠦᠯ᠎ᠡ︕

ᠪᠢ ᠴᠢᠮ᠎ᠠ ᠣᠷᠤᠭᠤ ᠳᠦᠭᠦᠯ᠎ᠡ︕ ︕

ᠵᠤᠬᠢᠶᠠᠭᠴᠢ᠄ ᠰᠦᠨᠵᠤᠤ ᠣᠷᠬᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2013
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁