ᠠᠰᠠᠷ ᠤᠨ ᠢᠷᠦᠭᠡᠯ

ᠣᠸᠮ ᠰᠠᠢ᠌ᠨ ᠠᠮᠤᠭᠤᠯᠠᠩ ᠪᠣᠯᠳᠤᠭᠠᠢ︕

ᠡᠩᠭᠡ ᠰᠠᠢ᠌ᠨ ᠵᠢᠷᠭᠠᠯᠠᠩ ᠪᠣᠯᠳᠤᠭᠠᠢ ︕

ᠪᠣᠮᠠᠨ ᠪᠣᠶᠠᠨ ᠢ ᠬᠤᠷᠠᠭᠰᠠᠨ

ᠮᠢᠩᠭ᠋ᠠᠨ ᠪᠣᠶᠠᠨ ᠢ ᠴᠤᠭᠯᠠᠭᠤᠯᠤᠭᠰᠠᠨ

ᠲᠦᠮᠡᠨ ᠦᠯᠵᠠᠢ ᠪᠦᠷᠢᠳᠦᠭ᠍ᠰᠡᠨ

ᠳᠦᠭᠡᠮᠡᠯ ᠣᠳᠤ ᠣᠴᠠᠷᠠᠭᠰᠠᠨ

ᠡᠨᠡ ᠰᠠᠢ᠌ᠨ ᠡᠳᠦᠷ᠄

ᠬᠤᠯᠠ ᠤᠢ᠌ᠷ᠎ᠡ ᠶᠢᠨ ᠵᠤᠴᠢᠳ

ᠬᠤᠳᠠᠯᠠ ᠳᠠᠶᠠᠭᠠᠷ ᠶᠢᠡᠷ ᠰᠠᠭᠠᠳᠠᠵᠤ

ᠬᠤᠳᠠ ᠣᠰᠤᠨ ᠤ ᠠᠬ᠎ᠠ ᠳᠡᠭᠦᠤ ᠨᠠᠷ

ᠬᠤᠷᠠᠵᠤ ᠪᠦᠭᠦᠳᠡᠭᠡᠷ ᠶᠢᠡᠨ ᠴᠤᠭᠯᠠᠷᠠᠵᠤ

ᠠᠷᠢᠭᠤᠨ ᠠᠮᠢᠳᠤᠷᠠᠯ ᠤᠨ ᠭᠤᠯᠤᠮᠳᠠ ᠪᠣᠯᠤᠭᠰᠠᠨ

ᠠᠵᠢᠯᠯᠠᠵᠤ ᠭᠦᠳᠡᠯᠮᠦᠷᠢᠯᠡᠭᠦ ᠶᠢᠨ ᠰᠠᠭᠤᠷᠢᠨ ᠪᠣᠯᠤᠭᠰᠠᠨ

ᠡᠷᠳᠡᠮᠳᠡᠳ ᠴᠢᠳᠠᠪᠣᠷᠢᠳᠠᠤᠨ ᠤᠨ ᠦᠯᠦᠭᠡᠢ ᠪᠣᠯᠤᠭᠰᠠᠨ

ᠠᠯᠮᠠᠰ ᠴᠠᠭᠠᠨ ᠠᠰᠠᠷ ᠤᠨ ᠵᠢᠠᠨ

ᠠᠰᠢᠳᠠ ᠶᠢᠨ ᠭᠦᠭ᠍ᠵᠢᠯ ᠢ ᠨᠢ ᠪᠠᠯᠭᠡᠳᠡᠨ ᠪᠠᠢ᠌ᠵᠤ

ᠡᠩ ᠲᠡᠶ ᠳᠤᠷᠭᠠᠨ ᠬᠠᠳᠠᠭ ᠳᠡᠭᠡᠷ᠎ᠡ

ᠡᠳ᠋ᠯᠡᠯ ᠤᠨ ᠮᠦᠩᠭᠦ ᠴᠥᠭᠦᠴᠡ ᠳ᠋ᠤ

ᠢᠳᠡᠭᠡᠨ ᠤ ᠳᠡᠭᠡᠵᠢ

ᠠᠷᠢᠭᠤᠨ ᠴᠠᠭᠠᠨ ᠰᠥ᠋ ᠵᠢ

ᠠᠮᠠᠰᠠᠷ ᠪᠢᠯᠬᠠᠮ᠎ᠠ ᠮᠡᠯᠮᠡᠯᠵᠡᠭᠦᠯᠤᠨ ᠪᠠᠢ᠌ᠵᠤ

ᠡᠪᠳᠡᠷᠡᠰᠢ ᠦᠭᠡᠶ ᠪᠠᠳᠤ

ᠡᠯᠡᠭ᠍ᠳᠡᠰᠢ ᠦᠭᠡᠶ ᠮᠥᠩᠭᠡ

ᠪᠠᠯᠠᠷᠠᠰᠢ ᠦᠭᠡᠶ ᠪᠠᠳᠤ

ᠪᠠᠷᠠᠭᠳᠠᠰᠢ ᠦᠭᠡᠶ ᠮᠥᠩᠭᠡ

ᠡᠭᠡᠪᠦᠷ ᠭᠡᠷᠡᠯᠳᠤ ᠠᠰᠠᠷ ᠢ

ᠡᠭᠡᠨᠡᠭ᠍ᠰᠢᠨ ᠰᠠᠢ᠌ᠬᠠᠨ ᠮᠢᠯᠢᠶᠠᠶ᠎ᠠ︕

ᠪᠠᠶᠠᠨ ᠡᠷᠭᠢᠮ ᠤᠨ ᠪᠣᠶᠠᠨ ᠭᠡᠰᠢᠭ᠌

ᠪᠠᠬᠠᠷᠠᠮ᠎ᠠ ᠠᠰᠠᠷ ᠲᠤ ᠣᠷᠤᠰᠢᠳᠤᠭᠠᠢ︕

ᠣᠷᠤᠰᠬᠠᠯ ᠣᠰᠤᠨ ᠳᠤ ᠵᠢᠭᠤᠷᠠᠵᠤ

ᠣᠷᠢᠬᠠᠨ ᠰᠠᠯᠭᠢᠨ ᠳᠤ ᠬᠠᠳᠠᠭᠠᠵᠤ

ᠣᠷᠠᠨ ᠳᠠᠷᠬᠠᠨ ᠭᠡᠪᠯᠡᠵᠤ ᠭᠢᠭ᠍ᠰᠡᠨ

ᠣᠷᠳᠤ ᠳᠦᠷᠪᠠᠯᠵᠠᠨ ᠳᠤᠭᠤᠰᠬᠠᠤᠨ ᠢ

ᠳᠢᠩ ᠣᠳᠠᠰᠤ ᠪᠠᠷ ᠱᠤᠭᠤᠮᠳᠠᠵᠤ ᠪᠣᠰᠬᠠᠭᠰᠠᠨ

ᠳᠡᠭ᠍ᠰᠢ ᠳᠦᠷᠪᠠᠯᠵᠠᠨ ᠭᠡᠷᠡᠮ ᠢ ᠨᠢ ᠮᠢᠯᠢᠶᠠᠶ᠎ᠠ︕

ᠳᠡᠯᠭᠡᠷ ᠬᠤᠷᠠ ᠪᠣᠶᠠᠨ ᠭᠡᠰᠢᠭ᠌

ᠳᠠᠭᠳᠤ ᠬᠠᠩᠭ᠋ᠠᠢ ᠠᠰᠠᠷ ᠲᠤ ᠣᠷᠤᠰᠢᠳᠤᠭᠠᠢ︕

ᠵᠢᠷᠠᠨ ᠵᠢᠷᠠᠨ ᠴᠤᠩᠬᠤ ᠳᠠᠢ

ᠵᠠᠩᠭᠢᠶ᠎ᠠ ᠬᠤᠸᠠᠷ ᠤᠨ ᠰᠠᠢ᠌ᠯᠤᠮᠠᠯ ᠳᠠᠢ

ᠰᠢᠯ ᠪᠣᠯᠤᠷ ᠴᠢᠮᠡᠭ᠌ ᠳᠠᠢ

ᠰᠢᠷ ᠪᠣᠳᠤᠭ ᠤᠨ ᠥᠩᠭᠡ ᠳᠠᠢ

ᠨᠠᠷᠠᠨ ᠰᠠᠷᠠᠨ ᠰᠠᠴᠤᠷᠠᠨ ᠭᠡᠷᠡᠯᠳᠦᠭ᠍ᠰᠡᠨ

ᠨᠠᠰᠤᠳᠠᠢ ᠵᠠᠯᠠᠭᠤᠰ ᠢ ᠪᠠᠶᠠᠰᠬᠠᠭᠴᠢ

ᠰᠢᠨ᠎ᠡ ᠠᠰᠠᠷ ᠤᠨ ᠭᠡᠭᠡᠪᠴᠢ ᠵᠢ

ᠰᠦᠨ ᠤ ᠪᠠᠨ ᠳᠡᠭᠡᠵᠢ ᠪᠠᠷ ᠮᠢᠯᠢᠶᠠᠶ᠎ᠠ︕

ᠰᠢᠯᠵᠢᠰᠢ ᠦᠭᠡᠶ ᠪᠣᠶᠠᠨ ᠭᠡᠰᠢᠭ᠌

ᠰᠢᠯᠢᠷᠠᠰᠢ ᠦᠭᠡᠶ ᠠᠰᠠᠷ ᠲᠤ ᠪᠣᠯᠳᠤᠭᠠᠢ︕

ᠦᠯᠦᠭᠡᠢ ᠨᠤᠳᠤᠭ ᠡᠭᠡ ᠣᠷᠤᠨ ᠤ ᠪᠠᠨ

ᠦᠷᠤᠴᠠ ᠡᠯᠢᠭᠡᠨ ᠳᠤ ᠪᠠᠢ᠌ᠷᠢᠯᠠᠭᠰᠠᠨ

ᠠᠮᠢᠨ ᠰᠦᠨᠠᠰᠤ ᠠᠯᠳᠠᠨ ᠰᠢᠷᠤᠢ ᠶᠢᠨ ᠵᠢᠠᠨ

ᠠᠰᠢᠳᠠ ᠶᠢᠨ ᠨᠤᠳᠤᠭ ᠲᠤ ᠴᠤᠭᠴᠠᠯᠠᠭᠰᠠᠨ

ᠱᠢᠷᠤᠨ ᠪᠣᠯᠤᠷ ᠳᠡᠭᠡᠪᠦᠷ ᠳᠠᠢ

ᠰᠤᠪᠣᠤᠨ ᠡᠷᠳᠡᠨᠢ ᠶᠢᠨ ᠬᠠᠨ᠎ᠠ ᠳᠠᠢ

ᠬᠠᠰ ᠡᠷᠳᠡᠨᠢ ᠳᠤᠪᠵᠢᠶ᠎ᠠ ᠳᠠᠢ

ᠬᠠᠮᠤᠭ ᠡᠷᠳᠡᠨᠢ ᠳᠤᠭᠤᠷᠭ᠎ᠠ ᠳᠠᠢ

ᠵᠣᠢ᠌ᠳᠠᠯ ᠦᠭᠡᠶ ᠮᠥᠩᠭᠡ ᠳᠡᠭᠡᠪᠦᠷ ᠳᠠᠢ

ᠵᠥᠰᠦᠭᠡ ᠦᠭᠡᠶ ᠪᠠᠳᠤ ᠨᠢᠷᠤᠭᠤ ᠳᠠᠢ

ᠳᠠᠯᠠᠢ ᠳᠡᠯᠭᠡᠷ ᠡᠨᠡ ᠠᠰᠠᠷ ᠵᠢᠠᠨ

ᠳᠠᠯᠠᠯᠭ᠎ᠠ ᠶᠢᠨ ᠳᠡᠭᠡᠵᠢ ᠪᠠᠷ ᠮᠢᠯᠢᠶᠠᠶ᠎ᠠ︕

ᠳᠠᠩᠰᠤᠭ ᠶᠡᠭᠡ ᠪᠠᠶᠠᠷ ᠵᠢᠷᠭᠠᠯ

ᠳᠠᠨᠠᠨ ᠬᠤᠨ ᠠᠰᠠᠷ ᠲᠤ ᠣᠷᠤᠰᠢᠳᠤᠭᠠᠢ︕

ᠡᠩᠭᠡ ᠵᠤᠯᠪᠣᠭᠠᠳᠤ ᠠᠰᠠᠷ ᠤᠨ

ᠡᠵᠡᠨ ᠨᠢ ᠪᠣᠯᠤᠭᠰᠠᠨ

ᠡᠯᠢᠭᠡᠨ ᠳᠦᠷᠤᠯ ᠦᠷ᠎ᠡ ᠠᠴᠢᠨᠠᠷ

ᠡᠷᠭᠢᠮ ᠠᠠᠳᠠ ᠨᠠᠢ᠌ᠵᠢ ᠨᠠᠷ

ᠳᠠᠯ᠎ᠠ ᠶᠢ ᠪᠦᠷᠭᠦᠭ᠍ᠰᠡᠨ ᠮᠠᠯ ᠬᠠᠷ᠎ᠠ ᠲᠡᠶ ᠪᠣᠯ

ᠳᠤᠭᠠᠯᠠᠭᠠᠤᠨ ᠪᠠᠷᠠᠰᠢ ᠦᠭᠡᠶ ᠡᠷᠳᠡᠨᠢ ᠲᠡᠶ ᠪᠣᠯ

ᠡᠳ᠋ᠯᠡᠭᠡᠳ ᠪᠠᠷᠠᠰᠢ ᠦᠭᠡᠶ ᠡᠷᠳᠡᠮ ᠲᠡᠶ ᠪᠣᠯ

ᠡᠩ ᠳᠡᠯᠡᠭᠡᠢ ᠶᠢ ᠡᠵᠡᠮᠳᠡᠭᠦ ᠴᠢᠳᠠᠪᠣᠷᠢ ᠲᠡᠶ ᠪᠣᠯ

ᠠᠮᠢᠳᠤᠷᠠᠯ ᠨᠡᠯᠦᠭᠡᠷ ᠪᠣᠶᠠᠨ ᠭᠡᠰᠢᠭ᠌

ᠠᠭᠠᠷ ᠰᠦᠮᠪᠦᠷ ᠠᠰᠠᠷ ᠲᠤ ᠣᠷᠤᠰᠢᠳᠤᠭᠠᠢ︕


ᠵᠤᠬᠢᠶᠠᠭᠴᠢ ᠶᠢᠨ ᠬᠠᠶ‍ᠢᠭ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠠᠴᠢᠨ
ᠬᠠᠷᠢᠶ᠎ᠠ᠄ ᠰᠤᠶᠤᠯ ᠣᠷᠠᠯᠢᠭ
ᠳᠠᠷᠤᠮ᠄ 4524
ᠴᠠᠭ᠄ 2010 ᠤᠨ ᠤ 06 ᠰᠠᠷ᠎ᠠ ᠶᠢᠨ 10