ᠳᠡᠭᠦᠦᠳᠡᠢ ᠠᠪᠣᠶ᠎ᠠ
(ᠬᠡᠦᠬᠡᠳ ᠤᠨ ᠰᠢᠯᠦᠭ᠌)

ᠭᠡᠷ ᠤᠨ ᠶᠢᠡᠨ ᠲᠦᠪ ᠪᠢ

ᠭᠦᠮᠤᠨ ᠤ ᠭᠠᠭᠴᠠ ᠬᠡᠦᠬᠡᠳ ᠶᠤᠮ

ᠭᠠᠷ ᠤᠨ ᠶᠢᠡᠨ ᠳᠤᠤᠷ᠎ᠠ ᠪᠢ

ᠭᠡᠦᠭᠡᠯᠳᠡᠢ ᠳᠡᠭᠦᠦᠳᠡᠢ ᠲᠡᠶ ᠯᠠ ᠶᠤᠮ


ᠭᠡᠦᠭᠡᠯᠳᠡᠢ ᠳᠡᠭᠦᠦᠳᠡᠢ ᠭᠡᠳᠦᠢ ᠰᠠᠢ᠌ᠬᠠᠨ ᠴᠤ

ᠭᠡᠯᠡ ᠮᠡᠳᠡᠭᠦ ᠦᠭᠡᠶ ᠣᠴᠠᠭᠠᠷ ᠭᠦᠷᠭᠡᠨ᠎ᠡ

ᠭᠢᠮᠠᠯ ᠳᠡᠭᠦᠦᠳᠡᠢ ᠬᠠᠵᠠᠭᠤ ᠳᠤ ᠪᠠᠢ᠌ᠪᠠᠴᠤ

ᠬᠠᠨᠢ ᠪᠣᠯᠬᠤ ᠦᠭᠡᠶ ᠪᠣᠭᠢᠨᠢᠳᠤᠯ ᠳᠦᠷᠦᠭᠦᠯᠤᠨ᠎ᠡ


ᠥᠭᠡ ᠭᠡᠯᠡ ᠪᠠᠨ ᠰᠤᠯᠢᠯᠴᠠᠵᠤ ᠰᠠᠭᠤᠳᠠᠭ

ᠦᠨᠡᠨ ᠬᠠᠢ᠌ᠷ᠎ᠠ ᠶᠢᠨ ᠳᠡᠭᠦᠦᠳᠡᠢ ᠠᠪᠣᠶ᠎ᠠ

ᠥᠭᠡᠯᠡᠢ ᠪᠣᠯᠤᠭᠰᠠᠨ ᠴᠤ ᠲᠦᠰᠢᠯᠴᠠᠵᠤ ᠶᠠᠪᠣᠯᠴᠠᠳᠠᠭ

ᠦᠪᠡᠷ ᠤᠨ ᠣᠳᠤᠮ ᠤᠨ ᠳᠡᠭᠦᠦᠳᠡᠢ ᠠᠪᠣᠶ᠎ᠠ


ᠡᠵᠢ ᠡ᠂ ᠡᠵᠢ ᠡ᠂ ᠳᠡᠭᠦᠦᠳᠡᠢ ᠠᠪᠣᠶ᠎ᠠ︕

ᠡᠭᠡᠴᠢ ᠳᠡᠭᠦᠤ ᠲᠡᠶ ᠰᠠᠢ᠌ᠬᠠᠨ ᠭᠡᠵᠤ ᠳᠡᠭᠦᠦᠳᠡᠢ ᠠᠪᠣᠶ᠎ᠠ︕

ᠠᠪᠣ ᠡ᠂ ᠠᠪᠣ ᠡ᠂ ᠳᠡᠭᠦᠦᠳᠡᠢ ᠠᠪᠣᠶ᠎ᠠ︕

ᠠᠬ᠎ᠠ ᠳᠡᠭᠦᠤ ᠲᠡᠶ ᠰᠠᠢ᠌ᠬᠠᠨ ᠭᠡᠵᠤ ᠳᠡᠭᠦᠦᠳᠡᠢ ᠠᠪᠣᠶ᠎ᠠ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠬᠠᠷᠢᠶ᠎ᠠ᠄ ᠰᠢᠯᠦᠭ
ᠳᠠᠷᠤᠮ᠄ 1850
ᠴᠠᠭ᠄ 2010 ᠤᠨ ᠤ 04 ᠰᠠᠷ᠎ᠠ ᠶᠢᠨ 27