ᠨᠤᠨ ᠬᠤᠷᠴᠢᠨ ᠮᠤᠩᠭ᠋ᠤᠯᠴᠤᠳ ᠤᠨ ᠠᠮᠠᠨ ᠶᠠᠷᠢᠶᠠᠨ ᠤ ᠳᠡᠦᠭᠡᠨ ᠣᠯᠪᠠᠭ᠎ᠠ ᠶᠢ《ᠮᠤᠩᠭ᠋ᠤᠯ ᠤᠨ ᠨᠢᠭᠤᠴᠠ ᠳᠤᠪᠴᠢᠶᠠᠨ》 ᠡᠴᠡ ᠬᠠᠢ᠌ᠬᠤ ᠨᠢ

【ᠠᠭᠤᠯᠭ᠎ᠠ ᠶᠢᠨ ᠳᠤᠪᠴᠢ 】ᠲ᠋ᠤᠰ ᠥᠭᠦᠯᠡᠯ ᠳᠤ ᠬᠤᠷᠴᠢᠨ ᠮᠤᠩᠭ᠋ᠤᠯᠴᠤᠳ ᠤᠨ ᠠᠮᠠᠨ ᠶᠠᠷᠢᠶᠠᠨ ᠳᠤ ᠥᠯᠡᠳᠡᠭ᠍ᠳᠡᠵᠤ ᠢᠷᠡᠭ᠍ᠰᠡᠨ ᠡᠷᠳᠡᠨ ᠤ ᠥᠭᠡᠰ ᠢ 《ᠮᠤᠩᠭ᠋ᠤᠯ ᠤᠨ ᠨᠢᠭᠤᠴᠠ ᠳᠤᠪᠴᠢᠶᠠᠨ》 ᠮᠠᠳᠤ ᠶᠢᠨ ᠮᠤᠩᠭ᠋ᠤᠯ ᠤᠨ ᠳᠤᠯᠭᠤᠷ ᠪᠢᠴᠢᠭ᠌ ᠤᠳ ᠡᠴᠡ ᠬᠠᠢ᠌ᠨ ᠰᠢᠠᠵᠢᠯᠠᠵᠤ ᠢᠯᠡᠷᠡᠭᠦᠯᠤᠨ ᠭᠡᠷᠡᠴᠢᠯᠡᠭᠡᠳ ᠬᠤᠷᠴᠢᠨ ᠮᠤᠩᠭ᠋ᠤᠯᠴᠤᠳ ᠤᠨ ᠮᠤᠩᠭ᠋ᠤᠯ ᠭᠡᠯᠡᠨ ᠤ ᠥᠭᠡᠰ ᠤᠨ ᠰᠠᠩ ᠭᠦᠮᠦᠷᠭᠡ ᠶᠢ ᠪᠠᠶᠠᠯᠢᠭᠵᠢᠭᠤᠯᠤᠭᠰᠠᠨ ᠳᠡᠦᠭᠡᠳᠤ ᠭᠠᠪᠢᠶ᠎ᠠ ᠵᠢᠳᠭᠦᠯ ᠢ ᠰᠢᠭᠦᠮᠵᠢᠯᠡᠨ ᠦᠨᠡᠯᠠᠵᠤ ᠬᠤᠷᠴᠢᠨ ᠠᠮᠠᠨ ᠶᠠᠷᠢᠶᠠᠨ ᠤ ᠨᠡᠢ᠌ᠭᠡᠮ ᠳᠡᠦᠭᠡ ᠶᠢᠨ ᠪᠠᠢ᠌ᠷᠢ ᠰᠠᠭᠤᠷᠢ ᠶᠢ ᠵᠤᠭᠢᠬᠤ ᠲᠦᠪᠰᠢᠨ ᠳᠤ ᠡᠷᠭᠦᠭᠦ ᠶᠢ ᠰᠠᠨᠠᠭᠠᠷᠬᠠᠭᠰᠠᠨ ᠪᠠᠢ᠌ᠨ᠎ᠠ᠃

【ᠲᠦᠯᠭᠢᠭᠦᠷ ᠥᠭᠡ 】 ᠬᠤᠷᠴᠢᠨ ᠠᠮᠠᠨ ᠶᠠᠷᠢᠶ᠎ᠠ ᠨᠢᠭᠤᠴᠠ ᠳᠤᠪᠴᠢᠶᠠᠨ ᠰᠤᠶᠤᠯ ᠤᠨ ᠦᠪ ᠥᠭᠡᠰ ᠤᠨ ᠰᠠᠩ


ᠬᠤᠷᠴᠢᠨ ᠮᠤᠩᠭ᠋ᠤᠯᠴᠤᠳ ᠤᠨ ᠠᠮᠠᠨ ᠶᠠᠷᠢᠶᠠᠨ ᠤ ᠳᠡᠦᠭᠡᠨ ᠣᠯᠪᠠᠭ᠎ᠠ ᠶᠢ 《ᠮᠤᠩᠭ᠋ᠤᠯ ᠤᠨ ᠨᠢᠭᠤᠴᠠ ᠳᠤᠪᠴᠢᠶᠠᠨ》 ᠡᠴᠡ ᠬᠠᠢ᠌ᠬᠤ ᠨᠢ ᠮᠤᠩᠭ᠋ᠤᠯ ᠭᠡᠯᠡ ᠶᠠᠷᠢᠶᠠᠨ ᠤ ᠳᠡᠦᠭᠡ ᠶᠢᠨ ᠭᠦᠭ᠍ᠵᠢᠯ ᠤᠨ ᠪᠠᠢ᠌ᠳᠠᠯ ᠢ ᠪᠦᠭᠦᠯᠢ ᠴᠤᠭᠴᠠ ᠳᠤ ᠬᠠᠷᠢᠴᠠᠭᠤᠯᠤᠨ ᠳᠤᠳᠤᠷᠠᠭᠤᠯᠵᠤ᠂ ᠣᠷᠴᠢᠨ ᠴᠠᠭ ᠤᠨ ᠮᠤᠩᠭ᠋ᠤᠯ ᠭᠡᠯᠡ ᠶᠠᠷᠢᠶᠠᠨ ᠤ ᠳᠦᠷᠢᠮᠵᠢᠭᠦ᠂ ᠮᠤᠩᠭ᠋ᠤᠯ ᠥᠭᠡᠰ ᠤᠨ ᠰᠠᠩ ᠤᠨ ᠪᠠᠶᠠᠯᠢᠭᠵᠢᠯ ᠢ ᠠᠭᠢᠭᠤᠯᠬᠤ ᠳᠤ ᠭᠦᠡᠳᠤ ᠴᠢᠬᠤᠯᠠ ᠠᠴᠢ ᠬᠤᠯᠪᠣᠭᠳᠠᠯ ᠲᠡᠶ ᠪᠦᠭᠡᠳ 《ᠵᠢᠩᠭᠢᠨᠢ ᠠᠯᠳᠠ ᠶᠢᠨ ᠵᠢᠪᠠ ᠶᠢ ᠠᠷᠴᠢᠬᠤ》 ᠮᠠᠳᠤ ᠦᠨᠡᠨ ᠮᠦᠨ ᠴᠢᠨᠠᠷ ᠢ ᠨᠠᠩ ᠰᠠᠢ᠌ᠨ ᠳᠤᠪᠣᠢ᠌ᠯᠭᠠᠵᠤ ᠳᠡᠢ᠌ᠯᠭᠦ ᠶᠤᠮ᠃ ᠣᠠᠴᠠᠭᠠᠢ᠌ᠯᠠᠨ ᠬᠤᠷᠴᠢᠨ ᠮᠤᠩᠭ᠋ᠤᠯᠴᠤᠳ ᠤᠨ ᠠᠮᠠᠨ ᠠᠶᠠᠯᠭᠤ ᠶᠢᠨ ᠪᠣᠢ ᠪᠣᠯᠤᠭᠰᠠᠨ ᠨᠢ ᠪᠣᠰᠤᠳ ᠭᠠᠵᠠᠷ ᠣᠷᠤᠨ ᠲᠡᠶ ᠠᠳᠠᠯᠢᠳᠬᠠᠪᠠᠯ ᠳᠠᠷᠢᠶᠠᠯᠠᠬᠤ ᠰᠤᠶᠤᠯ ᠢ ᠭᠦᠯᠢᠶᠡᠵᠤ ᠠᠪᠣᠭᠰᠠᠨ ᠴᠠᠭ ᠨᠢ ᠳᠤᠩ ᠡᠷᠳᠡ ᠪᠣᠯᠬᠤᠷ ᠪᠣᠰᠤᠳ ᠮᠤᠩᠭ᠋ᠤᠯ ᠣᠷᠤᠨ ᠤ ᠭᠡᠯᠡ ᠶᠠᠷᠢᠶ᠎ᠠ ᠡᠴᠡ ᠢᠯᠭᠠᠭᠳᠠᠬᠤ ᠣᠠᠴᠠᠯᠢᠭ ᠨᠢ ᠨᠠᠯᠢᠶᠠᠤᠨ ᠢᠯᠡᠷᠭᠡᠢ ᠪᠦᠭᠡᠳ ᠦᠪᠡᠷᠮᠢᠴᠠ ᠴᠢᠨᠠᠷ ᠲᠡᠶ ᠪᠠᠢ᠌ᠳᠠᠭ ᠨᠢ ᠠᠩᠬᠠᠷᠤᠯᠳᠠᠢ᠃ ᠭᠡᠯᠡᠨ ᠤ ᠳᠡᠦᠭᠡᠨ ᠰᠤᠶᠤᠯ ᠤᠨ ᠣᠯᠪᠠᠭ᠎ᠠ 《ᠣᠭᠢ》 ᠵᠣᠢ᠌ᠯᠠᠰ ᠪᠠᠢ᠌ᠬᠤ ᠪᠦᠭᠡᠳ ᠪᠠᠰᠠ ᠭᠡᠯᠡᠨ ᠤ ᠴᠠᠭ ᠦᠶ᠎ᠡ ᠶᠢᠨ ᠰᠠᠮᠠᠭᠤᠷᠠᠯ 《ᠪᠣᠯᠭᠢ》 ᠵᠣᠢ᠌ᠯᠠᠰ ᠴᠤ ᠪᠠᠢ᠌ᠬᠤ ᠶᠢ ᠮᠡᠳᠡᠷᠡᠭᠦ ᠨᠢ ᠡᠷᠳᠡᠮ ᠰᠢᠡᠵᠢᠯᠡᠭᠡᠨ ᠤ ᠭᠦᠷᠢᠶ᠎ᠡ ᠴᠠᠷ᠎ᠠ ᠶᠢᠨ ᠨᠢᠭᠡ ᠰᠤᠳᠤᠯᠬᠤ ᠰᠠᠳᠤᠪ ᠪᠣᠯᠬᠤ ᠶᠤᠮ᠃ ᠬᠤᠷᠴᠢᠨ ᠠᠮᠠᠨ ᠶᠠᠷᠢᠶᠠᠨ ᠤ ᠣᠷᠤᠨ ᠭᠡᠪᠠᠯ ᠪᠦᠭᠦ ᠬᠤᠷᠴᠢᠨ ᠤ ᠭᠡᠪᠴᠢᠶ᠎ᠡ ᠪᠠᠷ ᠭᠡᠮᠵᠢᠶᠡᠯᠡᠭᠦ ᠪᠢᠰᠢ᠂ ᠭᠤᠤᠯᠳᠠᠭᠤ ᠵᠢᠷᠢᠮ ᠤᠨ ᠴᠢᠭᠤᠯᠭᠠᠨ ᠤ ᠨᠤᠨ ᠠᠷᠪᠠᠨ ᠬᠤᠰᠢᠭᠤ ᠪᠠᠭᠳᠠᠨ᠎ᠠ᠃ ᠳᠠᠷᠤᠢ ᠳᠠᠷᠬᠠᠨ ᠬᠤᠰᠢᠭᠤ᠂ ᠪᠣᠳᠤᠯᠭᠠᠳᠤ ᠴᠢᠨ ᠸᠠᠩ ᠤᠨ ᠬᠤᠰᠢᠭᠤ᠂ ᠪᠢᠩᠳᠤ ᠶᠢᠨ ᠬᠤᠰᠢᠭᠤ (ᠬᠤᠢᠲᠤ ᠬᠤᠰᠢᠭᠤ᠂ ᠭᠦᠷᠢᠶ᠎ᠡ ᠬᠤᠰᠢᠭᠤ᠂ ᠨᠢ᠋ᠮᠠᠨ ᠬᠤᠰᠢᠭᠤ ᠳᠤ ᠭᠡᠰᠡᠭᠯᠡᠭ᠍ᠳᠡᠨ ᠬᠤᠪᠢᠶᠠᠭᠳᠠᠪᠠ)᠂ ᠡᠮᠦᠨᠡᠳᠤ ᠭᠤᠷᠯᠤᠰ᠂ ᠬᠣᠢ᠌ᠳᠤ ᠭᠤᠷᠯᠤᠰ (ᠣᠳᠤ ᠶᠢᠨ ᠭᠢᠷᠢᠨ ᠮᠤᠵᠢ ᠶᠢᠨ ᠵᠤᠤ ᠶᠤᠸᠠᠨ ᠰᠢᠶᠠᠨ)᠂ ᠲᠦᠰᠢᠶᠠᠳᠤ ᠬᠤᠰᠢᠭᠤ᠂ ᠵᠠᠰᠠᠭᠳᠤ ᠬᠤᠰᠢᠭᠤ᠂ ᠰᠥᠨᠡᠭᠦᠩ ᠤᠨ ᠬᠤᠰᠢᠭᠤ (ᠣᠳᠤ ᠭᠢᠷᠢᠨ ᠮᠤᠵᠢ ᠶᠢᠨ ᠵᠧᠨ ᠯᠠᠢ ᠰᠢᠶᠠᠨ)᠂ ᠵᠠᠯᠠᠢ᠌ᠳ ᠬᠤᠰᠢᠭᠤ᠂ ᠬᠠᠷᠠᠮᠦ᠋ᠷᠠᠨ ᠮᠤᠵᠢ ᠶᠢᠨ ᠳᠦᠷᠪᠠᠤᠨ ᠬᠤᠰᠢᠭᠤ ᠵᠡᠷᠭᠡ ᠪᠣᠯᠤᠨ᠎ᠠ᠃ ᠣᠤᠯ ᠤᠨ ᠬᠤᠷᠴᠢᠨ ᠵᠡᠭᠦᠨ ᠭᠠᠷᠤᠨ ᠡᠮᠦᠨᠡᠳᠤ ᠬᠤᠰᠢᠭᠤ ᠪᠢᠩᠳᠤ ᠬᠤᠰᠢᠭᠤ ᠨᠢ ᠬᠣᠢ᠌ᠳᠤ ᠬᠤᠰᠢᠭᠤ᠂ ᠭᠦᠷᠢᠶ᠎ᠡ ᠬᠤᠰᠢᠭᠤ᠂ ᠨᠢ᠋ᠮᠠᠨ ᠬᠤᠰᠢᠭᠤ ᠳᠤ ᠭᠡᠰᠡᠭᠯᠡᠭ᠍ᠳᠡᠨ ᠣᠷᠤᠭᠰᠠᠨ ᠪᠠ ᠵᠠᠷᠤᠳ ᠬᠤᠰᠢᠭᠤᠨ ᠤ ᠵᠡᠭᠦᠨ ᠭᠡᠰᠡᠭ᠌᠂ ᠬᠤᠷᠴᠢᠨ ᠳᠤᠭᠤᠷᠢᠭ ᠤᠨ ᠮᠤᠩᠭ᠋ᠤᠯᠴᠤᠳ ᠪᠦᠷ ᠣᠤᠯ ᠤᠨ ᠳᠠᠷᠬᠠᠨ ᠬᠤᠰᠢᠭᠤᠨ ᠭᠦᠮᠦᠰ ᠪᠣᠯᠬᠤᠷ ᠡᠳᠡᠭᠡᠷ ᠭᠠᠵᠠᠷ ᠣᠷᠤᠨ ᠨᠢ ᠮᠦᠨ ᠬᠤᠷᠴᠢᠨ ᠠᠮᠠᠨ ᠶᠠᠷᠢᠶᠠᠨ ᠤ ᠣᠷᠤᠨ ᠪᠣᠯᠤᠨ᠎ᠠ᠃

ᠡ᠊ᠨᠳᠡ ᠣᠯᠳᠤᠢ ᠪᠢ ᠪᠠᠷ ᠬᠤᠷᠴᠢᠨ ᠠᠮᠠᠨ ᠶᠠᠷᠢᠶᠠᠨ ᠳᠤ ᠭᠡᠯᠡᠨ ᠤ ᠰᠠᠮᠠᠭᠤᠷᠠᠯ ᠤᠨ 《ᠪᠣᠯᠭᠢ》 ᠵᠣᠢ᠌ᠯᠠᠰ ᠪᠠᠢ᠌ᠬᠤ ᠶᠢ ᠮᠡᠳᠡᠷᠡᠭᠦ ᠶᠢᠨ ᠵᠡᠷᠭᠡᠪᠠᠷ ᠨᠠᠩ ᠴᠢᠬᠤᠯᠠ ᠨᠢ ᠭᠡᠯᠡᠨ ᠤ ᠳᠡᠦᠭᠡ ᠰᠤᠶᠤᠯ ᠤᠨ ᠦᠯᠠᠳᠠᠴᠠ ᠣᠯᠪᠠᠭ᠎ᠠ 《ᠣᠭᠢ》 ᠵᠣᠢ᠌ᠯᠠᠰ ᠪᠠᠢ᠌ᠬᠤ ᠶᠢ ᠴᠢᠷᠮᠠᠢ᠌ᠨ ᠢᠯᠡᠷᠡᠭᠦᠯᠵᠤ ᠡᠷᠭᠢᠮᠨᠡᠨ ᠨᠠᠠᠳᠢᠩᠨᠠᠨ᠂ ᠭᠦᠭ᠍ᠵᠢᠭᠦᠯᠤᠨ ᠳᠡᠯᠭᠡᠷᠡᠭᠦᠯᠭᠦ ᠶᠢ ᠰᠠᠨᠠᠭᠠᠷᠬᠠᠵᠠᠢ᠃

《ᠨᠡᠢ᠌ᠭᠡᠮ ᠤᠨ ᠭᠠᠳᠠᠨ᠎ᠠ ᠭᠡᠯᠡ ᠭᠡᠵᠤ ᠪᠠᠢ᠌ᠳᠠᠭ ᠦᠭᠡᠶ᠃ ᠡᠢ᠌ᠮᠤ ᠡᠴᠡ ᠶᠠᠮᠠᠷ ᠨᠢᠭᠡᠨ ᠭᠡᠯᠡ ᠪᠠ ᠭᠡᠯᠡᠨ ᠤ ᠭᠦᠭ᠍ᠵᠢᠯ ᠤᠨ ᠵᠢᠮ᠎ᠠ ᠬᠠᠤᠯᠢ ᠶᠢ ᠮᠡᠳᠡᠭᠦ ᠳᠤ ᠡᠷᠭᠡᠪᠰᠢ ᠨᠡᠢ᠌ᠭᠡᠮ ᠤᠨ ᠭᠦᠭ᠍ᠵᠢᠯ ᠤᠨ ᠳᠡᠦᠭᠡ᠂ ᠳᠡᠷᠡᠭᠦ ᠭᠡᠯᠡ ᠶᠢ ᠡᠭᠦᠳᠦᠭ᠍ᠰᠡᠨ ᠪᠠ ᠭᠡᠷᠡᠭᠯᠡᠵᠤ ᠪᠠᠢ᠌ᠭ᠎ᠠ ᠠᠷᠠᠤᠨ ᠲᠦᠮᠡᠨ ᠤ ᠳᠡᠦᠭᠡ ᠲᠡᠶ ᠨᠢᠭᠳᠠ ᠬᠤᠯᠪᠣᠵᠤ ᠥᠵᠡᠭᠦ ᠭᠡᠷᠡᠭ᠍ᠳᠡᠢ》 ① ᠬᠤᠷᠴᠢᠨ ᠮᠤᠩᠭ᠋ᠤᠯᠴᠤᠳ ᠤᠨ ᠶᠠᠷᠢᠶᠠᠨ ᠤ ᠭᠡᠯᠡ ᠨᠢ ᠮᠤᠩᠭ᠋ᠤᠯ ᠭᠡᠯᠡᠨ ᠤ ᠭᠦᠭ᠍ᠵᠢᠯ ᠤᠨ ᠨᠢᠭᠡ ᠳᠤᠮᠤ ᠠᠭᠤᠯᠭ᠎ᠠ ᠪᠣᠯᠤᠭᠰᠠᠨ ᠤ ᠬᠤᠪᠢ ᠳᠤ ᠬᠤᠷᠴᠢᠨ ᠮᠤᠩᠭ᠋ᠤᠯᠴᠤᠳ ᠤᠨ ᠨᠡᠢ᠌ᠭᠡᠮ ᠳᠡᠦᠭᠡ ᠶᠢᠨ ᠡᠭᠦᠰᠦᠯ ᠭᠦᠭ᠍ᠵᠢᠯ ᠲᠡᠶ ᠨᠢᠭᠳᠠ ᠬᠤᠯᠪᠣᠭ᠎ᠠ ᠲᠡᠶ ᠪᠠᠢ᠌ᠵᠤ᠂ ᠮᠠᠨ ᠤ ᠣᠯᠤᠰ ᠤᠨ ᠮᠤᠩᠭ᠋ᠤᠯ ᠭᠡᠯᠡᠨ ᠤ ᠳᠤᠮᠳᠠᠳᠤ ᠨᠤᠳᠤᠭ ᠤᠨ ᠠᠶᠠᠯᠭᠤ ᠶᠢᠨ ᠳᠤᠳᠤᠷ᠎ᠠ ᠭᠡᠷᠡᠭᠯᠡᠭ᠍ᠳᠡᠵᠤ ᠪᠠᠢ᠌ᠭ᠎ᠠ ᠭᠡᠪᠴᠢᠶ᠎ᠡ ᠨᠢ ᠬᠠᠮᠤᠭ ᠦᠷᠭᠡᠨ᠂ ᠭᠡᠷᠡᠭᠯᠡᠵᠤ ᠪᠠᠢ᠌ᠭ᠎ᠠ ᠭᠦᠮᠤᠨ ᠠᠮᠠ ᠨᠢ ᠬᠠᠮᠤᠭ ᠤᠨ ᠣᠯᠠᠨ᠂ ᠳᠠᠷᠢᠶᠠᠯᠠᠬᠤ ᠰᠤᠶᠤᠯ ᠢ ᠬᠠᠮᠤᠭ ᠤᠨ ᠡᠷᠳᠡ ᠭᠦᠯᠢᠶᠡᠭ᠍ᠰᠡᠨ ᠮᠤᠩᠭ᠋ᠤᠯ ᠣᠷᠤᠨ ᠪᠣᠯᠬᠤᠷ᠂ ᠭᠢᠳᠠᠤᠨ ᠮᠤᠩᠭ᠋ᠤᠯ ᠥᠭᠡ ᠶᠢ ᠬᠤᠯᠢᠯᠳᠠᠭᠤᠯᠤᠭᠰᠠᠨ ᠬᠤᠯᠢᠮᠠᠭ ᠭᠡᠯᠡ ᠶᠢ ᠪᠣᠢ ᠪᠣᠯᠭᠠᠭᠰᠠᠨ ᠮᠤᠩᠭ᠋ᠤᠯ ᠥᠭᠡᠰ ᠤᠨ ᠰᠠᠩ ᠢ ᠵᠤᠭᠢᠬᠤ ᠭᠡᠮᠵᠢᠶ᠎ᠡ ᠪᠠᠷ ᠪᠠᠶᠠᠯᠢᠭᠵᠢᠭᠤᠯᠤᠭᠰᠠᠨ ᠪᠠᠢ᠌ᠬᠤ ᠣᠴᠢᠷᠳᠠᠢ᠃ ᠣᠠᠴᠠᠯᠠᠨ ᠳᠤᠷᠠᠳᠤᠭᠤᠰᠢᠳᠠᠢ ᠨᠢ ᠡᠢ᠌ᠮᠦᠷᠭᠦ ᠬᠤᠯᠢᠮᠠᠭ ᠭᠡᠯᠡ ᠮᠠᠰᠢ ᠳᠡᠯᠭᠡᠷᠡᠵᠤ ᠪᠠᠢ᠌ᠬᠤ ᠡᠴᠡ ᠭᠠᠳᠠᠨ᠎ᠠ᠂ ᠡᠷᠳᠡᠨ ᠤ ᠮᠤᠩᠭ᠋ᠤᠯ ᠭᠡᠯᠡ ᠶ‍ᠷᠢᠶ᠎ᠠ᠂ ᠭᠡᠯᠡᠴᠡ ᠵᠡᠷᠭᠡ ᠨᠢ ᠣᠤᠯ ᠭᠡᠪ ᠶᠢᠡᠷ᠂ ᠤᠳᠬ᠎ᠠ ᠶᠢᠨ ᠬᠤᠪᠢᠯᠪᠣᠷᠢ ᠲᠡᠶ ᠪᠠᠷ ᠶᠡᠭᠡ ᠭᠡᠮᠵᠢᠶ᠎ᠡ ᠪᠠᠷ ᠥᠯᠡᠳᠡᠭ᠍ᠳᠡᠵᠤ᠂ ᠣᠯᠠᠮᠵᠢᠯᠠᠭᠳᠠᠨ ᠠᠮᠢᠳᠤ ᠶᠠᠷᠢᠶᠠᠨ ᠤ ᠭᠡᠯᠡᠨ ᠳᠤ ᠦᠷᠭᠡᠨ ᠶᠢᠡᠷ ᠭᠡᠷᠡᠭᠯᠡᠭ᠍ᠳᠡᠵᠤ ᠪᠠᠢ᠌ᠨ᠎ᠠ᠃

ᠬᠤᠷᠴᠢᠨ ᠠᠮᠠᠨ ᠶᠠᠷᠢᠶᠠᠨ ᠳᠤ ᠭᠦᠷᠦᠩᠭᠡ ᠦᠪ ᠪᠣᠯᠵᠤ ᠥᠯᠡᠳᠡᠭ᠍ᠳᠡᠵᠤ ᠪᠠᠢ᠌ᠭ᠎ᠠ ᠡᠳᠡᠭᠡᠷ ᠡᠷᠳᠡᠨ ᠤ ᠥᠭᠡᠰ ᠨᠢ ᠣᠯᠠᠨ ᠶᠠᠩᠵᠤ ᠳᠦᠷᠤᠯ ᠶᠢᠡᠷ ᠭᠡᠯᠪᠠᠷᠢᠵᠢᠵᠤ ᠪᠠᠢ᠌ᠭ᠎ᠠ ᠪᠣᠯᠬᠤᠷ ᠪᠦᠭᠦ ᠳᠠᠯ᠎ᠠ ᠪᠠᠷ ᠬᠠᠮᠤᠷᠴᠤ ᠪᠢᠴᠢᠭᠦ ᠳᠤ ᠮᠡᠳᠡᠯᠭᠡ ᠪᠠ ᠴᠢᠳᠠᠪᠣᠷᠢ ᠳᠤᠯᠢᠮᠠᠭ᠃ ᠵᠥᠪᠭᠡᠨ 《ᠮᠤᠩᠭ᠋ᠤᠯ ᠤᠨ ᠨᠢᠭᠤᠴᠠ ᠳᠤᠪᠴᠢᠶᠠᠨ》 ᠡᠴᠡ ᠬᠠᠢ᠌ᠨ ᠮᠠᠯᠳᠠᠨ ᠰᠢᠠᠵᠢᠨ ᠢᠯᠡᠷᠡᠭᠦᠯᠭᠦ ᠨᠢ ᠪᠦᠷᠢᠨ ᠭᠦᠢᠴᠡᠳ ᠪᠣᠯᠵᠤ ᠳᠡᠢ᠌ᠯᠭᠦ ᠦᠭᠡᠶ ᠨᠢ ᠳᠠᠮᠵᠢᠭ ᠦᠭᠡᠶ᠃ (ᠳᠠᠷᠠᠭᠠᠴᠢ ᠶᠢᠨ ᠠᠭᠤᠯᠭ᠎ᠠ ᠳᠤ 《ᠨᠢᠭᠤᠴᠠ ᠳᠤᠪᠴᠢᠶᠠᠨ》 ᠭᠡᠵᠤ ᠳᠤᠪᠴᠢᠯᠠᠨ᠎ᠠ)᠃

ᠨᠢᠭᠡ᠂ ᠬᠤᠷᠴᠢᠨ ᠠᠮᠠᠨ ᠶᠠᠷᠢᠶᠠᠨ ᠳᠤ ᠣᠤᠯ ᠭᠡᠪ ᠶᠢᠡᠷ ᠬᠠᠳᠠᠭᠠᠯᠠᠭᠳᠠᠵᠤ ᠪᠠᠢ᠌ᠭ᠎ᠠ ᠡᠷᠳᠡᠨ ᠤ ᠥᠭᠡᠰ

ᠠᠪᠯᠢᠭ᠎ᠠ ᠊᠊᠊᠊᠊᠊᠊᠊᠊᠊᠊᠊᠊᠊᠊ abliga ᠭᠡᠭᠦ ᠨᠢ ᠡᠷᠳᠡᠨ ᠤ ᠦᠶ᠎ᠡ ᠶᠢᠨ ᠭᠡᠰᠢᠭ᠌ ᠭᠦᠷᠳᠡᠭᠡᠭᠦ᠂ ᠠᠰᠠᠷᠠᠬᠤ᠂ ᠲᠡᠳᠬᠦᠭᠦ ᠭᠡᠭᠦ ᠤᠳᠬ᠎ᠠ ᠲᠡᠶ᠃ 《ᠨᠢᠭᠤᠴᠠ ᠳᠤᠪᠴᠢᠶᠠᠨ》 §217 ᠳ᠋ᠠᠭᠢ 《ᠦᠨᠦᠴᠢᠳ ᠤᠨ ᠠᠪᠯᠢᠭ᠎ᠠ》 ᠭᠡᠮᠡᠭᠦ ᠨᠢ ᠵᠠᠪᠠᠯ ᠭᠦᠷᠳᠡᠭᠦ ᠶᠤᠰᠤᠳᠠᠢ ᠠᠰᠠᠷᠠᠮᠵᠢ ᠶᠢ ᠭᠡᠯᠡᠵᠡᠢ᠃ ᠬᠤᠷᠴᠢᠨ ᠤ ᠠᠮᠠᠨ ᠶᠠᠷᠢᠶᠠᠨ ᠳᠤ 《ᠴᠢ ᠨᠠᠳᠠ ᠡᠴᠡ ᠠᠪᠯᠢᠭ᠎ᠠ ᠲᠡᠶ ᠦᠦ ︖》 ᠭᠡᠭᠦ ᠨᠢ ᠰᠠᠨᠠᠭ᠎ᠠ ᠢᠯᠠᠷᠠᠵᠤ ᠡᠷᠳᠡᠨ ᠤ ᠥᠭᠡ ᠲᠡᠶ ᠰᠢᠭᠤᠳ ᠤᠳᠬ᠎ᠠ ᠳᠤᠭᠢᠷᠠᠯᠴᠠᠵᠤ ᠪᠠᠢ᠌ᠨ᠎ᠠ᠃

ᠠᠭᠢᠷᠠᠬᠤ ᠊᠊᠊᠊᠊᠊᠊᠊᠊᠊᠊᠊᠊᠊᠊ ahiraho ᠭᠡᠭᠦ ᠥᠭᠡ ᠨᠢ ᠣᠷᠴᠢᠨ ᠴᠠᠭ ᠤᠨ ᠮᠤᠩᠭ᠋ᠤᠯ ᠭᠡᠯᠡᠨ ᠳᠤ ᠠᠪᠴᠢᠷᠠᠬᠤ ᠭᠡᠵᠤ ᠭᠡᠯᠡᠨ᠎ᠡ᠃ ᠵᠠᠷᠢᠮ ᠡᠷᠳᠡᠮᠳᠡᠨ ᠪᠠᠭᠰᠢ ᠡᠴᠡ ᠬᠤᠷᠴᠢᠨ ᠤ ᠠᠭᠢᠷᠠᠬᠤ ᠭᠡᠭᠦ ᠥᠭᠡ ᠪᠣᠯ ᠡᠷᠳᠡᠨ ᠤ ᠮᠤᠩᠭ᠋ᠤᠯᠴᠤᠳ ᠤᠨ ᠠᠩ ᠠᠪᠠ ᠶᠢᠨ ᠰᠤᠶᠤᠯ ᠳᠤ ᠬᠤᠯᠪᠣᠭᠳᠠᠨ ᠴᠢᠨ᠋ᠸ᠎ᠠ ᠶᠢᠨ ᠠᠷᠭᠢᠷᠠᠬᠤ ᠭᠡᠰᠡᠨ ᠥᠭᠡ ᠡᠴᠡ ᠢᠷᠠᠯᠳᠠᠢ ᠪᠠᠢ᠌ᠵᠤ ᠮᠠᠳᠠᠨ᠎ᠠ ᠭᠡᠵᠡᠢ᠃

ᠡᠪᠠᠴᠢᠨ ᠊᠊᠊᠊᠊᠊᠊᠊᠊᠊᠊᠊᠊᠊᠊ ebchin ᠭᠡᠭᠦ ᠨᠢ ᠬᠤᠷᠴᠢᠨ ᠠᠮᠠᠨ ᠶᠠᠷᠢᠶᠠᠨ ᠳᠤ ᠭᠦᠮᠤᠨ ᠠᠮᠢᠳᠠᠨ᠂ ᠣᠷᠭᠤᠮᠠᠯ ᠪᠣᠳᠠᠰ ᠤᠨ ᠪᠠᠶ᠎ᠠ ᠨᠢ ᠡᠷᠡᠭᠦᠯ ᠪᠣᠰᠤ ᠪᠣᠯᠬᠤ ᠭᠢᠮᠤᠷᠠᠯᠳᠤ ᠥᠵᠡᠭ᠍ᠳᠡᠯ ᠢ ᠵᠢᠭᠠᠵᠤ ᠪᠠᠢ᠌ᠳᠠᠭ᠃ ᠣᠷᠴᠢᠨ ᠴᠠᠭ ᠤᠨ ᠪᠢᠴᠢᠭ᠌ ᠤᠨ ᠭᠡᠯᠡᠨ ᠳᠤ 《ᠡᠪᠡᠳᠴᠢᠨ》 ᠭᠡᠵᠤ 《᠊ᠤᠠ᠊》 ᠳᠡᠪᠢᠰᠭᠡᠷᠯᠡᠨ ᠣᠷᠤᠵᠠᠢ᠃ 《ᠨᠢᠭᠤᠴᠠ》 §227 ᠳ᠋ᠤ 《ᠪᠠᠰᠠ ᠮᠦᠨ ᠭᠦᠮᠤᠨ ᠪᠠᠶ᠎ᠠ ᠬᠠᠤᠨ ᠡᠪᠠᠴᠢᠨ ᠦᠭᠡᠶ᠂ ᠭᠡᠰᠢᠭ᠌ ᠤᠨ ᠨᠤᠶᠠᠤᠨ ᠲᠤᠷ ᠡᠶ᠎ᠡ ᠥᠭᠡᠭᠦᠤ》 ᠭᠡᠰᠡᠨ ᠥᠭᠦᠯᠡᠪᠦᠷᠢ ᠳ᠋ᠠᠭᠢ 〈ᠡᠪᠠᠴᠢᠨ〉 ᠭᠡᠳᠡᠭ᠌ ᠢ ᠭᠢᠳᠠᠤᠨ ᠶᠢᠡᠷ 厄别臣 ᠭᠡᠵᠤ ᠠᠪᠢᠶᠠᠴᠢᠯᠠᠨ ᠳᠡᠮᠳᠡᠭᠯᠡᠭᠡᠳ ᠬᠠᠵᠠᠭᠤ ᠶᠢᠨ ᠣᠷᠴᠢᠭᠤᠯᠭ᠎ᠠ ᠳᠤ 病 ᠭᠡᠵᠤ ᠬᠠᠳᠠᠵᠠᠢ᠃ ᠬᠤᠷᠴᠢᠨ ᠠᠮᠠᠨ ᠶᠠᠷᠢᠶᠠᠨ ᠳᠤ 《ᠡᠪᠠᠴᠢᠨ ᠬᠠᠭᠤᠴᠢᠨ ᠲᠡᠶ ᠭᠦᠮᠤᠨ》 ᠭᠡᠳᠡᠭ᠌ ᠶᠤᠮ᠃

ᠢᠷᠢᠴᠡᠭᠦᠯᠭᠦ ᠊᠊᠊᠊᠊᠊᠊᠊᠊᠊᠊᠊᠊᠊᠊ irchilh ᠭᠡᠭᠦ ᠨᠢ ᠬᠤᠷᠴᠢᠨ ᠠᠮᠠᠨ ᠶᠠᠷᠢᠶᠠᠨ ᠳᠤ ᠢᠰᠦᠭ᠍ᠰᠡᠨ ᠦᠷᠤᠮ᠎ᠠ ᠪᠠᠨ ᠨᠢᠭᠡ ᠴᠢᠭᠯᠡᠯ ᠶᠢᠡᠷ ᠭᠦᠴᠦᠳᠡᠢ ᠵᠢᠭᠤᠷᠠᠵᠤ ᠣᠰᠤ ᠳᠤᠰᠤ ᠶᠢ ᠨᠢ ᠰᠠᠯᠭᠠᠨ ᠢᠯᠭᠠᠷᠠᠭᠤᠯᠬᠤ ᠭᠦᠳᠡᠯᠭᠡᠭᠡᠨ ᠢ ᠭᠡᠯᠡᠨ᠎ᠡ᠃ ᠣᠷᠴᠢᠨ ᠴᠠᠭ ᠤᠨ ᠪᠢᠴᠢᠭ᠌ ᠤᠨ ᠭᠡᠯᠡᠨ ᠳᠤ ᠪᠠᠢ᠌ᠬᠤ ᠦᠭᠡᠶ᠃ 《ᠨᠢᠭᠤᠴᠠ ᠳᠤᠪᠴᠢᠶᠠᠨ》 §123.178.203 ᠳ᠋ᠤ 《ᠡᠷᠡᠰ ᠬᠠᠷ᠎ᠠ ᠳ᠋ᠠᠴᠠ᠂ ᠡᠮ᠎ᠡ ᠭᠦᠤ ᠳ᠋ᠠᠴᠠ ᠾᠢᠷᠢᠰᠢᠭᠦᠯᠵᠤ》 ᠭᠡᠭᠦ ᠪᠠ 《ᠬᠠᠬᠠᠴᠠᠬᠤᠶᠤ ᠳᠦᠷᠤ ᠳ᠋ᠠᠴᠠ ᠬᠠᠬᠠᠴᠠᠪᠠ᠃ ᠾᠢᠷᠢᠴᠡᠭᠦᠶᠤ ᠣᠢ᠌ᠢᠯᠠ ᠳ᠋ᠠᠴᠠ ᠾᠢᠷᠢᠴᠠᠪᠠᠢ ᠪᠢ》᠂ 《ᠢᠰᠡᠭᠡᠢ ᠳᠤᠭᠤᠷᠭᠠᠳᠠᠨ ᠢ ᠢᠷᠢᠴᠡᠭᠦᠯᠵᠤ᠂ ᠬᠠᠪᠳᠠᠰᠤᠨ ᠡᠭᠦᠳᠡᠳᠡᠨ ᠢ ᠬᠠᠬᠠᠴᠠᠬᠤᠯᠵᠤ》 ᠭᠡᠰᠡᠨ ᠳᠤ 《ᠾᠢᠷᠢᠴᠠ᠊᠂ ᠢᠷᠢᠴᠠ᠊ 希 里扯 , 亦里 扯》 ᠭᠡᠵᠤ ᠠᠪᠢᠶᠠᠴᠢᠯᠠᠨ ᠳᠡᠮᠳᠡᠭᠯᠡᠵᠤ ᠪᠠᠢ᠌ᠭ᠎ᠠ ᠪᠠ 《分 離 着 , 分着》 ᠭᠡᠵᠤ ᠬᠠᠵᠠᠭᠤ ᠶᠢᠨ ᠣᠷᠴᠢᠭᠤᠯᠭ᠎ᠠ ᠬᠠᠳᠠᠭᠰᠠᠨ ᠨᠢ ᠠᠳᠠᠯᠢ ᠤᠳᠬ᠎ᠠ ᠲᠡᠶ ᠪᠣᠯᠬᠤ ᠶᠢ ᠪᠢᠳᠠ ᠳᠤᠳᠤᠷᠬᠠᠢ ᠮᠠᠳᠠᠨ᠎ᠠ᠃ ᠡᠢ᠌ᠮᠤ ᠡᠴᠡ ᠬᠤᠷᠴᠢᠨ ᠮᠤᠩᠭ᠋ᠤᠯᠴᠤᠳ ᠰᠢᠷ᠎ᠠ ᠳᠤᠰᠤ ᠭᠠᠷᠭᠠᠬᠤ ᠳᠠᠭᠠᠨ ᠪᠠᠰᠠ ᠳᠤᠰᠤ ᠰᠢᠷᠭᠠᠭᠠᠬᠤ ᠭᠡᠳᠡᠭ᠌ 《ᠦᠷᠤᠮ᠎ᠠ ᠪᠠᠨ ᠰᠠᠢ᠌ᠨ ᠢᠷᠢᠴᠡᠭᠦᠯᠪᠠᠯ ᠳᠤᠰᠤ ᠭᠠᠷᠬᠤ ᠨᠢ ᠰᠠᠢ᠌ᠨ》 ᠭᠡᠯᠴᠡᠳᠡᠭ᠌᠃

ᠢᠷᠭᠡᠨ ᠊᠊᠊᠊᠊᠊᠊᠊᠊᠊᠊᠊᠊᠊᠊ irken 《ᠨᠢᠭᠤᠴᠠ ᠳᠤᠪᠴᠢᠶᠠᠨ》 5 ᠳ᠋ᠤ ᠢᠷᠭᠡᠨ ᠭᠡᠮᠡᠭᠦ ᠢᠨᠤ ᠭᠦᠮᠤᠨ᠂ ᠣᠯᠠᠨ ᠭᠦᠮᠤᠨ᠂ ᠠᠷᠠᠤᠨ᠂ ᠣᠯᠤᠰ᠂ ᠠᠢ᠌ᠮᠠᠭ ᠭᠡᠭᠦ ᠮᠠᠳᠤ ᠤᠳᠬ᠎ᠠ ᠪᠠᠷ ᠭᠡᠷᠡᠭᠯᠡᠭ᠍ᠳᠡᠵᠤ ᠪᠠᠢ᠌ᠬᠤ ᠳᠤ ᠣᠳᠤ᠂ ᠬᠤᠷᠴᠢᠨ ᠠᠮᠠᠨ ᠶᠠᠷᠢᠶᠠᠨ ᠳᠤ ᠢᠪᠴᠤᠷᠠᠵᠤ ᠵᠥᠪᠭᠡᠨ 《ᠭᠢᠳᠠᠤᠨ》 ᠊ᠢ ᠢᠯᠡᠳᠭᠡᠭᠦ ᠪᠣᠯᠵᠠᠢ᠃ ᠳᠠᠷᠤᠢ 《ᠢᠷᠭᠡᠨ ᠭᠦᠮᠤᠨ》 ᠭᠢᠳᠠᠤᠨ ᠭᠦᠮᠤᠨ 《ᠢᠷᠭᠡᠨ ᠪᠢᠴᠢᠭ᠌》 ᠭᠢᠳᠠᠤᠨ ᠪᠢᠴᠢᠭ᠌ ᠭᠡᠭᠦ ᠮᠠᠳᠤ ᠪᠣᠯᠵᠠᠢ᠃

ᠣᠭᠤᠳᠤᠷ ᠊᠊᠊᠊᠊᠊᠊᠊᠊᠊᠊᠊᠊᠊᠊ ogdur ᠭᠡᠭᠦ ᠨᠢ ᠪᠢᠴᠢᠭ᠌ ᠤᠨ ᠭᠡᠯᠡᠨ ᠳᠤ ᠣᠬᠤᠷ᠂ ᠪᠣᠭᠤᠨᠢ ᠭᠡᠳᠡᠭ᠌᠃ 《ᠨᠢᠭᠤᠴᠠ ᠳᠤᠪᠴᠢᠶᠠᠨ》 §90 ᠳ᠋ᠤ 《ᠪᠠᠯᠭᠦᠳᠡᠢ ᠣᠭᠳᠤᠷ ᠳᠠᠷᠭᠢ ᠬᠤᠩᠭ᠋ᠤᠷ ᠲᠤᠷ ᠳᠠᠷᠪᠠᠭᠠᠤᠨ ᠠᠴᠢᠵᠤ ᠨᠢᠭᠰᠠᠭᠠᠯᠵᠢᠳᠠᠯ᠎ᠠ ᠶᠠᠪᠣᠭᠠᠨ ᠭᠦᠳᠦᠯᠵᠤ ᠢᠷᠠᠪᠠ》 ᠭᠡᠳᠡᠭ᠌᠃ ᠬᠤᠷᠴᠢᠨ ᠳᠤ 《ᠣᠭᠤᠳᠤᠷ ᠰᠡᠭᠦᠯ》᠂ 《ᠣᠭᠳᠤᠷ ᠬᠤᠷᠮᠤᠢ》᠂ 《ᠣᠭᠳᠤᠷ ᠪᠣᠳᠤᠯ》 ᠁ ᠭᠡᠭᠦᠴᠢᠯᠡᠨ ᠴᠢᠯᠦᠭᠡᠳᠡᠢ ᠭᠡᠷᠡᠭᠯᠡᠳᠡᠭ᠌᠃

ᠣᠵᠢᠳᠠᠯ᠎ᠠ ᠊᠊᠊᠊᠊᠊᠊᠊᠊᠊᠊᠊᠊᠊᠊ ojitala ᠭᠡᠵᠤ 《ᠨᠢᠭᠤᠴᠠ ᠳᠤᠪᠴᠢᠶᠠᠨ》 §74 ᠳ᠋ᠤ ᠴᠢᠩᠭ᠋᠎ᠠ ᠭᠦᠴᠦᠳᠡᠢ ᠭᠡᠭᠦ ᠤᠳᠬ᠎ᠠ ᠪᠠᠷ ᠢᠯᠡᠷᠡᠭ᠍ᠰᠡᠨ ᠪᠦᠭᠡᠳ ᠬᠤᠷᠴᠢᠨ ᠠᠮᠠ ᠶᠠᠷᠢᠶᠠᠨ ᠳᠤ 《ᠣᠵᠢᠳᠠᠯ᠎ᠠ ᠣᠶᠠᠵᠤ》᠂ 《ᠣᠵᠢᠳᠠᠯ᠎ᠠ ᠴᠢᠩᠭ᠋ᠠᠭᠠᠵᠤ》 ᠭᠡᠵᠤ ᠠᠳᠠᠯᠢᠬᠠᠨ ᠤᠳᠬ᠎ᠠ ᠪᠠᠷ ᠭᠡᠷᠡᠭᠯᠡᠨ᠎ᠡ᠃

ᠣᠭᠢᠳᠠᠯ᠎ᠠ ᠪᠣᠭᠳᠤᠯᠠᠵᠤ ᠊᠊᠊᠊᠊᠊᠊᠊᠊᠊᠊᠊᠊᠊᠊ ohitala bogdalaju ᠭᠡᠭᠦ ᠨᠢ 《ᠨᠢᠭᠤᠴᠠ ᠳᠤᠪᠴᠢᠶᠠᠨ》 (§74) ᠳ᠋ᠤ ᠪᠦᠰᠡᠭᠦᠢ ᠭᠦᠮᠤᠨ ᠤ ᠦᠨᠳᠦᠷ ᠮᠠᠯᠠᠭᠠᠢ ᠪᠠᠨ ᠴᠢᠩᠭ᠋᠎ᠠ ᠡᠮᠦᠰᠭᠦ ᠭᠡᠰᠡᠨ ᠤᠳᠬ᠎ᠠ ᠲᠡᠶ ᠭᠡᠷᠡᠭᠯᠡᠪᠡ᠃ 《ᠣᠭᠢᠳᠠᠯ᠎ᠠ》 ᠭᠡᠰᠡᠨ ᠨᠢ ᠴᠢᠩᠭ᠋᠎ᠠ ᠭᠡᠭᠦ ᠪᠠ 《ᠪᠣᠭᠳᠠᠯᠠᠵᠤ》 ᠭᠡᠰᠡᠨ ᠨᠢ ᠣᠷᠢᠶᠠᠵᠤ ᠪᠣᠰᠬᠠᠵᠤ ᠣᠶᠠᠬᠤ ᠭᠡᠰᠡᠨ ᠪᠠᠢ᠌ᠨ᠎ᠠ᠃ ᠬᠤᠷᠴᠢᠨ ᠠᠮᠠᠨ ᠶᠠᠷᠢᠶᠠᠨ ᠳᠤ ᠮᠦᠨ ᠠᠳᠠᠯᠢᠬᠠᠨ ᠭᠡᠷᠡᠭᠯᠡᠭᠦ ᠪᠦᠭᠡᠳ ᠪᠠᠰᠠ ᠬᠤᠷᠢᠴᠠ ᠬᠠᠭᠤᠴᠢᠨ ᠵᠠᠩ ᠵᠠᠩᠰᠢᠯ ᠳᠤ ᠭᠦᠷᠭᠡᠨ ᠭᠦᠤ ᠪᠣᠯᠤᠭᠰᠠᠤᠨ ᠬᠠᠳᠠᠮ ᠤᠨ ᠭᠡᠷ ᠲᠤ ᠣᠴᠢᠵᠤ ᠣᠷᠤᠭ ᠪᠠᠷᠢᠯᠳᠤᠨ 《ᠭᠦᠴᠤᠨ ᠭᠦᠷᠭᠡᠨ ᠰᠠᠭᠤᠬᠤᠢ》 ᠶ᠋ᠢ ᠪᠠᠰᠠ 《ᠪᠣᠭᠳᠠᠯᠠᠬᠤ ᠣᠷᠤᠭ》 ᠭᠡᠳᠡᠭ᠌᠃ 《ᠪᠣᠭᠳᠤᠯᠠᠬᠤ ᠣᠷᠤᠭ》 ᠪᠣᠯ ᠮᠦᠨ ᠡᠭᠡ ᠶᠢᠨ ᠡᠷᠭᠡᠳᠤ ᠶᠤᠰᠤᠨ ᠤ ᠡᠭᠡᠨᠡᠷ ᠤᠨ ᠳᠠᠯ᠎ᠠ ᠳᠤ ᠰᠠᠭᠤᠬᠤ 《ᠭᠦᠷᠭᠡᠳ ᠲᠤ ᠳᠠᠯᠪᠢᠬᠤᠢ》 ᠶᠤᠰᠤᠨ ᠤ ᠦᠯᠠᠳᠠᠴᠠ ᠣᠯᠪᠠᠭ᠎ᠠ ᠮᠦᠨ᠃

ᠣᠮᠤᠭ ᠊᠊᠊᠊᠊᠊᠊᠊᠊᠊᠊᠊᠊᠊᠊ omog ᠬᠤᠷᠴᠢᠨ ᠮᠤᠩᠭ᠋ᠤᠯᠴᠤᠳ ᠣᠪᠣᠭ ᠢ ᠣᠮᠤᠭ ᠭᠡᠵᠤ ᠭᠡᠯᠡᠨ᠎ᠡ᠃ ᠡᠷᠳᠡᠨ ᠤ ᠮᠤᠩᠭ᠋ᠤᠯᠴᠤᠳ ᠣᠪᠣᠭ ᠢ ᠣᠮᠤᠭ ᠭᠡᠵᠤ ᠭᠡᠯᠡᠳᠡᠭ᠌ ᠨᠢ ᠣᠳᠤ ᠬᠤᠷᠴᠢᠨᠴᠤᠳ ᠲᠤ ᠣᠯᠠᠮᠵᠢᠯᠠᠭᠳᠠᠵᠤ ᠦᠯᠠᠳᠠᠵᠠᠢ᠃ ᠳᠠᠷᠤᠢ ᠣᠪᠣᠭ ᠪᠣᠯ ᠣᠮᠤᠭ ᠵᠤᠷᠢᠭ ᠤᠨ ᠣᠮᠤᠭ ᠡᠴᠡ ᠢᠷᠠᠯᠳᠠᠢ ᠪᠣᠯᠬᠤ ᠨᠢ ᠳᠤᠳᠤᠷᠬᠠᠢ ᠪᠠᠢ᠌ᠨ᠎ᠠ᠃ ᠮᠤᠩᠭ᠋ᠤᠯ ᠤᠨ ᠳᠤᠯᠭᠤᠷ ᠪᠢᠴᠢᠭ᠌ ᠲᠤ 《ᠣᠪᠣᠺ》᠂ 《ᠣᠮᠤᠺ》 ᠭᠡᠮᠡᠨ ᠬᠤᠶᠠᠷ ᠶᠠᠩᠵᠤ ᠪᠠᠷ ᠲᠤᠬᠢᠶᠠᠯᠳᠤᠳᠠᠭ ᠴᠤ 《ᠣᠪᠣᠺ》 ᠨᠢ 《ᠣᠮᠤᠺ》 ᠡᠴᠡ ᠡᠭᠦᠰᠦᠯᠳᠡᠢ ᠪᠣᠯᠬᠤ ᠨᠢ ᠡᠭᠡ ᠶᠢᠨ ᠡᠷᠭᠡᠳᠤ ᠨᠡᠢ᠌ᠭᠡᠮ ᠡᠴᠡ ᠡᠴᠢᠭᠡ ᠶᠢᠨ ᠡᠷᠭᠡᠳᠤ ᠨᠡᠢ᠌ᠭᠡᠮ ᠳᠤ ᠰᠢᠯᠵᠢᠭᠦ ᠶᠢᠨ ᠦᠶ᠎ᠡ ᠶᠢᠨ 《ᠣᠮᠤᠭ》 ᠲᠡᠶ ᠡᠷ᠎ᠡ ᠡᠴᠡ ᠠᠢ᠌ᠮᠠᠭᠯᠠᠵᠤ ᠪᠦᠯᠦᠭᠯᠡᠵᠤ ᠪᠠᠢ᠌ᠭᠰᠠᠨ ᠳᠤᠬᠠᠢ ᠶᠢᠨ ᠦᠶ᠎ᠡ ᠶᠢᠨ ᠳᠡᠦᠭᠡ ᠶᠢᠨ ᠪᠣᠳᠠᠳᠤ ᠭᠡᠷᠡᠭ᠌ ᠭᠡᠷᠡᠴᠢᠯᠡᠨ᠎ᠡ᠃

ᠣᠩᠭ᠋ᠠᠰᠤ ᠊᠊᠊᠊᠊᠊᠊᠊᠊᠊᠊᠊᠊᠊᠊ unggus ᠣᠷᠴᠢᠨ ᠴᠠᠭ ᠤᠨ ᠪᠢᠴᠢᠭ᠌ ᠤᠨ ᠭᠡᠯᠡᠨ ᠳᠤ ᠨᠤᠤᠰᠤ᠂ ᠨᠤᠤᠯᠤᠷ ᠭᠡᠳᠡᠭ᠌᠃ ᠳᠠᠷᠤᠢ ᠬᠤᠨᠢ ᠳᠡᠮᠡᠭᠡᠨ ᠤ ᠦᠰᠤ ᠶᠢ ᠭᠡᠯᠡᠨ᠎ᠡ᠃ ᠡᠭᠦᠨ ᠢ ᠬᠤᠷᠴᠢᠨ ᠠᠮᠠᠨ ᠶᠠᠷᠢᠶᠠᠨ ᠳᠤ 《ᠣᠩᠭ᠋ᠠᠰᠤ》 ᠭᠡᠭᠦ ᠨᠢ 《ᠨᠢᠭᠤᠴᠠ ᠳᠤᠪᠴᠢᠶᠠᠨ》 (§85᠂ 101) ᠳ᠋ᠤ 《ᠬᠣᠢ᠌ᠳᠤ ᠣᠩᠭ᠋ᠠᠰᠤᠳᠤ ᠳᠡᠷᠭᠡᠡ ᠳᠦᠷ ᠣᠨᠤᠭᠤᠯᠵᠤ》᠂ 《ᠣᠩᠭ᠋ᠠᠰᠤᠨ ᠳᠡᠭᠡᠵᠤ ᠠᠮᠤ》 ᠭᠡᠵᠤ ᠪᠠᠢ᠌ᠬᠤ ᠪᠦᠭᠡᠳ 農合速 ᠭᠡᠵᠤ ᠭᠢᠳᠠᠤᠨ ᠶᠢᠡᠷ ᠳᠡᠮᠳᠡᠭᠯᠡᠭᠡᠳ 毛 ᠭᠡᠵᠤ ᠬᠠᠵᠠᠭᠤ ᠣᠷᠴᠢᠭᠤᠯᠭ᠎ᠠ ᠬᠠᠳᠠᠵᠠᠢ᠃ ᠬᠤᠷᠴᠢᠨ ᠠᠮᠠᠨ ᠶᠠᠷᠢᠶᠠᠨ ᠳᠤ ᠮᠦᠨ ᠤᠳᠬ᠎ᠠ ᠪᠠᠷ ᠭᠡᠷᠡᠭᠯᠡᠭᠦ ᠪᠦᠭᠡᠳ 《ᠣᠳᠤᠭ᠎ᠠ ᠲᠡᠶ ᠭᠡᠷ ᠳᠤᠯᠠᠭᠠᠨ᠂ ᠣᠩᠭ᠋ᠠᠰᠤ ᠲᠡᠶ ᠭᠡᠷ ᠪᠠᠶᠠᠨ》᠂ 《ᠥᠭᠦᠭ᠍ᠰᠡᠨ ᠴᠠᠪᠠᠭᠠᠠᠴᠠ ᠡᠴᠡ ᠣᠩᠭ᠋ᠠᠰᠤ ᠭᠤᠶᠤᠬᠤ》 ᠭᠡᠯᠴᠡᠳᠡᠭ᠌᠃ 《ᠡᠷᠳᠡᠨᠢ ᠶᠢᠨ ᠳᠤᠪᠴᠢ》 § ᠳ᠋ᠤ 《ᠡᠢ᠌ᠮᠤ ᠵᠤᠨ ᠤ ᠬᠠᠯᠠᠬᠤᠨ᠎ᠠ ᠭᠦᠮᠤᠨ ᠣᠩᠬᠠᠰᠤᠨ᠎ᠠ ᠶᠠᠭᠢᠨ ᠢᠬᠤᠮᠤᠢ᠃》 ᠭᠡᠵᠡᠢ᠃

ᠣᠵᠤᠭᠤᠷ ᠊᠊᠊᠊᠊᠊᠊᠊᠊᠊᠊᠊᠊᠊᠊ ujuur ᠣᠷᠴᠢᠨ ᠴᠠᠭ ᠤᠨ ᠮᠤᠩᠭ᠋ᠤᠯ ᠭᠡᠯᠡᠨ ᠳᠤ 《ᠢᠵᠠᠭᠤᠷ》 ᠭᠡᠳᠡᠭ᠌᠃ ᠤᠳᠬ᠎ᠠ ᠨᠢ ᠦᠨᠳᠦᠰᠦ᠂ ᠡᠭᠢ᠃ 《ᠨᠢᠭᠤᠴᠠ ᠳᠤᠪᠴᠢᠶᠠᠨ》 §1 ᠳ᠋ᠤ 《ᠴᠢᠩᠭᠢᠰ ᠬᠠᠭᠠᠨ ᠤ ᠢᠵᠠᠭᠤᠷ》 ᠭᠡᠵᠡᠢ᠃ ᠬᠤᠷᠴᠢᠨ ᠮᠤᠩᠭ᠋ᠤᠯᠴᠤᠳ ᠮᠦᠨ ᠡᠭᠢ᠂ ᠡᠭᠦᠰᠦᠯ᠂ ᠦᠨᠳᠦᠰᠦ ᠦᠶ᠎ᠡ ᠶᠢ ᠢᠵᠠᠭᠤᠷ ᠦᠶ᠎ᠡ ᠭᠡᠭᠦ ᠦᠭᠡᠶ ᠬᠠᠷᠢᠨ ᠣᠵᠤᠭᠤᠷ ᠦᠶ᠎ᠡ ᠭᠡᠳᠡᠭ᠌᠃ ᠵᠢᠱᠢᠶᠠᠯᠠᠪᠠᠯ᠂ ᠡᠷᠳᠡ ᠣᠵᠤᠭᠤᠷ ᠤᠨ ᠴᠠᠭ ᠲᠤ ᠭᠡᠨ᠎ᠡ ᠁ ᠭᠡᠵᠤ ᠪᠠᠢ᠌ᠳᠠᠭ᠃

ᠣᠬᠤᠵᠤ ᠊᠊᠊᠊᠊᠊᠊᠊᠊᠊᠊᠊᠊᠊᠊ uhuju ᠭᠡᠭᠦ ᠨᠢ ᠣᠷᠴᠢᠨ ᠴᠠᠭ ᠤᠨ ᠮᠤᠩᠭ᠋ᠤᠯ ᠭᠡᠯᠡᠨ ᠳᠤ ᠡᠷᠦᠵᠤ᠂ ᠮᠠᠯᠳᠠᠬᠤ ᠭᠡᠵᠤ ᠪᠢᠴᠢᠭ᠍ᠳᠡᠨ᠎ᠡ᠃ 《ᠨᠢᠭᠤᠴᠠ ᠳᠤᠪᠴᠢᠶᠠᠨ》 §74 ᠳ᠋ᠤ 兀 忽 周 ᠭᠡᠵᠤ ᠳᠡᠮᠳᠡᠭᠯᠡᠭᠡᠳ 剜 着 ᠭᠡᠵᠤ ᠬᠠᠵᠠᠭᠤ ᠣᠷᠴᠢᠭᠤᠯᠭ᠎ᠠ ᠬᠠᠳᠠᠵᠠᠢ᠃ ᠬᠤᠷᠴᠢᠨ ᠠᠮᠠᠨ ᠶᠠᠷᠢᠶᠠᠨ ᠳᠤ ᠡᠷᠦᠵᠤ᠂ ᠮᠠᠯᠳᠠᠵᠤ ᠭᠡᠭᠦ ᠤᠳᠬ᠎ᠠ ᠪᠠᠷ ᠦᠷᠭᠡᠨ ᠭᠡᠷᠡᠭᠯᠡᠭ᠍ᠳᠡᠨ᠎ᠡ᠃ ᠳᠠᠷᠤᠢ 《ᠭᠤᠤ ᠣᠬᠤᠬᠤ》 《ᠨᠥᠭᠡ ᠣᠬᠤᠬᠤ》 ᠭᠡᠭᠦ ᠮᠠᠳᠤ᠃

ᠣᠠᠳᠠᠰᠴᠤ ᠊᠊᠊᠊᠊᠊᠊᠊᠊᠊᠊᠊᠊᠊᠊ untascu ᠭᠡᠵᠤ ᠬᠤᠷᠴᠢᠨ ᠠᠮᠠᠨ ᠶᠠᠷᠢᠶᠠᠨ ᠳᠤ ᠭᠦᠮᠤᠨ ᠠᠮᠢᠳᠠᠨ ᠤ ᠪᠠᠶ᠎ᠠ ᠶᠢᠨ ᠣᠰᠤ ᠣᠤᠭᠤᠬᠤ ᠶᠢ ᠱᠠᠭᠠᠷᠳᠠᠭᠳᠠᠬᠤ ᠪᠠᠢ᠌ᠳᠠᠯ ᠢ ᠭᠡᠯᠡᠨ᠎ᠡ᠃ ᠣᠷᠴᠢᠨ ᠴᠠᠭ ᠤᠨ ᠮᠤᠩᠭ᠋ᠤᠯ ᠭᠡᠯᠡᠨ ᠳᠤ 《ᠣᠮᠳᠠᠭᠠᠰᠴᠤ》 ᠭᠡᠵᠤ ᠪᠢᠴᠢᠨ᠎ᠠ᠃ 《ᠨᠢᠭᠤᠴᠠ ᠳᠤᠪᠴᠢᠶᠠᠨ》 §67 ᠳ᠋ᠤ 《ᠶ‍ᠢᠰᠦᠭᠡᠢ ᠪᠠᠭᠠᠳᠤᠷ ᠁ ᠳᠠᠲ᠋ᠠᠷ ᠢᠷᠭᠡᠨ ᠬᠤᠷᠢᠮᠯᠠᠨ ᠪᠦᠭᠦᠢ ᠳᠤᠷ ᠵᠤᠯᠤᠬᠠᠵᠤ᠂ ᠣᠠᠳᠠᠰᠴᠤ ᠬᠤᠷᠢᠮ ᠳᠤᠷ ᠠᠨᠤ ᠪᠠᠬᠤᠯᠪᠠ》 ᠭᠡᠭᠦ ᠥᠭᠦᠯᠡᠪᠦᠷᠢ ᠳᠤ ᠭᠢᠳᠠᠤᠨ ᠶᠢᠡᠷ 穏答思抽 ᠭᠡᠵᠤ ᠠᠪᠢᠶᠠᠴᠢᠯᠠᠨ ᠳᠡᠮᠳᠡᠭᠯᠡᠭᠡᠳ 渴着 ᠭᠡᠵᠤ ᠬᠠᠵᠠᠭᠤ ᠣᠷᠴᠢᠭᠤᠯᠭ᠎ᠠ ᠬᠠᠳᠠᠵᠠᠢ᠃

ᠦᠪᠣᠯ ᠊᠊᠊᠊᠊᠊᠊᠊᠊᠊᠊᠊᠊᠊᠊ ubul ᠭᠡᠭᠦ ᠨᠢ 《ᠨᠢᠭᠤᠴᠠ ᠳᠤᠪᠴᠢᠶᠠᠨ》 §177 ᠳ᠋ᠤ 兀不勒 ᠭᠡᠵᠤ ᠳᠡᠮᠳᠡᠭᠯᠡᠨ 冬 ᠭᠡᠵᠤ ᠬᠠᠵᠠᠭᠤ ᠣᠷᠴᠢᠭᠤᠯᠭ᠎ᠠ ᠬᠠᠳᠠᠭᠰᠠᠨ ᠪᠠᠢ᠌ᠨ᠎ᠠ᠃ ᠣᠷᠴᠢᠨ ᠴᠠᠭ ᠤᠨ ᠮᠤᠩᠭ᠋ᠤᠯ ᠪᠢᠴᠢᠭ᠌ ᠤᠨ ᠭᠡᠯᠡᠨ ᠳᠤ 《ᠡᠪᠦᠯ》 ᠭᠡᠵᠤ ᠪᠢᠴᠢᠭ᠍ᠳᠡᠨ ᠬᠤᠷᠴᠢᠨ ᠠᠮᠠᠨ ᠶᠠᠷᠢᠶᠠᠨ ᠳᠤ 《ᠦᠪᠣᠯ》 ᠭᠡᠵᠤ ᠭᠡᠯᠡᠭ᠍ᠳᠡᠨ᠎ᠡ᠃

ᠦᠳᠦᠷ ᠊᠊᠊᠊᠊᠊᠊᠊᠊᠊᠊᠊᠊᠊᠊ udur ᠭᠡᠭᠦ ᠨᠢ 《ᠨᠢᠭᠤᠴᠠ ᠳᠤᠪᠴᠢᠶᠠᠨ》 §5 ᠳ᠋ᠤ 兀都日 ᠭᠡᠵᠤ ᠳᠡᠮᠳᠡᠭᠯᠡᠭᠡᠳ ᠬᠠᠵᠠᠭᠤ ᠣᠷᠴᠢᠭᠤᠯᠭ᠎ᠠ ᠳᠤ 日 ᠭᠡᠵᠤ ᠬᠠᠳᠠᠵᠠᠢ᠃ ᠳᠠᠷᠤᠢ ᠡᠳᠦᠷ ᠰᠦᠨᠢ ᠶᠢᠨ ᠡᠳᠦᠷ ᠪᠣᠯᠤᠨ᠎ᠠ᠃ ᠬᠤᠷᠴᠢᠨ ᠠᠮᠠᠨ ᠶᠠᠷᠢᠶᠠᠨ ᠳᠤ ᠶᠠᠷᠤᠨᠢ ᠦᠳᠦᠷ ᠭᠡᠵᠤ ᠭᠡᠯᠡᠭ᠍ᠳᠡᠨ᠎ᠡ᠃ ᠵᠢᠱᠢᠶᠠᠯᠠᠪᠠᠯ 《ᠦᠳᠦᠷ ᠦᠳᠦᠷ ᠳᠤᠭᠤᠷᠢᠶ᠎ᠠ ︕ ᠦᠷᠤᠮ ᠲᠡᠶ ᠬᠤᠭᠤᠯᠠ ᠪᠠᠨ ᠢᠳᠠᠶ᠎ᠠ ︕ ᠰᠦᠨᠢ ᠰᠦᠨᠢ ᠳᠤᠭᠤᠷᠢᠶ᠎ᠠ ︕ ᠰᠦ᠋ ᠲᠡᠶ ᠬᠤᠭᠤᠯᠠ ᠪᠠᠨ ᠢᠳᠠᠶ᠎ᠠ》 ᠭᠡᠵᠤ ᠬᠤᠷᠴᠢᠨ ᠬᠡᠦᠬᠡᠳ ᠠᠮᠠᠨ ᠰᠢᠯᠦᠭ᠌ ᠳᠠᠭᠤᠯᠠᠳᠠᠭ ᠪᠠᠢ᠌ᠨ᠎ᠠ᠃

ᠥᠯᠢᠳᠭᠡᠪᠡ ᠊᠊᠊᠊᠊᠊᠊᠊᠊᠊᠊᠊᠊᠊᠊ ᠥᠯᠦᠳᠭᠡᠪᠡ ᠊᠊᠊᠊᠊᠊᠊᠊᠊᠊᠊᠊᠊᠊᠊ ulidgebe,uludgebe ᠭᠡᠭᠦ ᠮᠠᠳᠤ ᠪᠠᠷ ᠭᠡᠯᠡᠭᠦ ᠨᠢ 《ᠮᠤᠩᠭ᠋ᠤᠯ ᠤᠨ ᠨᠢᠭᠤᠴᠠ ᠳᠤᠪᠴᠢᠶᠠᠨ》 §105.112.113.152 ᠳ᠋ᠤ ᠪᠦᠷ ᠬᠤᠭᠤᠰᠤᠷᠠᠳᠠᠯ᠎ᠠ ᠠᠯᠠᠬᠤ᠂ ᠠᠳᠠᠯᠢᠳᠬᠠᠨ ᠰᠥᠨᠦᠭᠡᠭᠦ ᠭᠡᠭᠦ ᠤᠳᠬ᠎ᠠ ᠪᠠᠷ ᠭᠡᠷᠡᠭᠯᠡᠭ᠍ᠳᠡᠨ᠎ᠡ᠃ ᠬᠤᠷᠴᠢᠨ ᠠᠮᠠᠨ ᠶᠠᠷᠢᠶᠠᠨ ᠲᠤ ᠬᠠᠷᠢᠴᠠᠭᠤᠯᠵᠤ ᠠᠳᠠᠯᠢᠳᠬᠠᠬᠤ ᠭᠡᠭᠦ ᠤᠳᠬ᠎ᠠ ᠪᠠᠷ ᠦᠷᠭᠡᠨ ᠭᠡᠷᠡᠭᠯᠡᠨ᠎ᠡ᠃

ᠥᠨᠦᠭᠦᠨ ᠴᠠᠭᠠᠨ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 §117 ᠳ᠋ᠤ 兀纳昆 ᠭᠡᠵᠤ 古歴羔兒般 ᠭᠡᠵᠤ ᠣᠷᠴᠢᠭᠤᠯᠵᠠᠢ᠃ ᠳᠠᠷᠤᠢ ᠴᠠᠭᠠᠨ ᠥᠩᠭᠡ ᠲᠡᠶ ᠥᠨᠦᠭᠡ ᠭᠡᠭᠦ᠃ ᠥᠨᠦᠭᠡ ᠊᠊᠊᠊᠊᠊᠊᠊᠊᠊᠊᠊᠊᠊᠊ ᠢᠮᠠᠭ᠎ᠠ ᠶᠢᠨ ᠵᠤᠯᠵᠠᠭ᠎ᠠ ᠶᠢ ᠭᠡᠯᠡᠨ᠎ᠡ᠃ ᠣᠷᠴᠢᠨ ᠴᠠᠭ ᠤᠨ ᠮᠤᠩᠭ᠋ᠤᠯ ᠭᠡᠯᠡᠨ ᠳᠤ ᠢᠰᠢᠭᠡ ᠭᠡᠳᠡᠭ᠌᠃ ᠬᠤᠷᠴᠢᠨ ᠠᠮᠠᠨ ᠶᠠᠷᠢᠶᠠᠨ ᠳᠤ ᠬᠤᠨᠢᠨ ᠤ ᠵᠤᠯᠵᠠᠭ᠎ᠠ ᠶᠢ ᠭᠦᠷᠦᠪ ᠭᠡᠵᠤ᠂ ᠢᠮᠠᠭ᠎ᠠ ᠶᠢᠨ ᠵᠤᠯᠵᠠᠭ᠎ᠠ ᠶᠢ ᠥᠨᠦᠭᠡ ᠭᠡᠵᠤ ᠭᠡᠯᠡᠭᠦ ᠨᠢ ᠡᠷᠳᠡᠨ ᠤ ᠭᠡᠯᠡᠨ ᠤ ᠦᠯᠠᠳᠠᠴᠠ ᠪᠣᠯᠬᠤ ᠨᠢ ᠢᠯᠡᠷᠭᠡᠢ ᠪᠠᠢ᠌ᠨ᠎ᠠ᠃

ᠦᠶᠡᠨ ᠊᠊᠊᠊᠊᠊᠊᠊᠊᠊᠊᠊᠊᠊᠊ uyen ᠭᠡᠵᠤ ᠬᠤᠷᠴᠢᠨ ᠠᠮᠠᠨ ᠶᠠᠷᠢᠶᠠᠨ ᠳᠤ ᠬᠤᠪᠴᠠᠰᠤ ᠬᠤᠨᠠᠷ᠂ ᠪᠦᠰ ᠪᠠᠷᠠᠭ᠎ᠠ᠂ ᠠᠷᠠᠰᠤ ᠰᠢᠷᠢ ᠶᠢᠨ ᠬᠠᠭᠤᠴᠢᠷᠠᠵᠤ ᠴᠢᠨᠠᠷ ᠮᠠᠭᠤᠳᠠᠨ ᠥᠵᠢᠷᠡᠭᠦ ᠪᠠᠢ᠌ᠳᠠᠯ ᠢ ᠥᠶᠡᠳᠡᠭᠦ ᠭᠡᠭᠦ ᠨᠢ 《ᠨᠢᠭᠤᠴᠠ ᠳᠤᠪᠴᠢᠶᠠᠨ》 §181 ᠳ᠋ᠤ 《ᠦᠶᠡᠨ ᠤ ᠰᠡᠳᠭᠢᠯ》 ᠭᠡᠮᠡᠭᠦ ᠨᠢ 兀耶薛 ᠭᠡᠵᠤ ᠳᠡᠮᠳᠡᠭᠯᠡᠨ 舊旧的心 ᠭᠡᠵᠤ ᠣᠷᠴᠢᠭᠤᠯᠤᠭᠰᠠᠨ ᠲᠡᠶ ᠰᠠᠢ᠌ᠬᠠᠨ ᠳᠤᠭᠢᠷᠠᠯᠴᠠᠵᠤ ᠪᠠᠢ᠌ᠨ᠎ᠠ᠃

ᠣᠢ᠌ᠯᠠᠵᠤ ᠊᠊᠊᠊᠊᠊᠊᠊᠊᠊᠊᠊᠊᠊᠊ uilazu ᠭᠡᠵᠤ ᠬᠤᠷᠴᠢᠨ ᠠᠮᠠᠨ ᠶᠠᠷᠢᠶᠠᠨ ᠳᠤ ᠣᠭᠢᠯᠠᠵᠤ ᠬᠠᠢ᠌ᠯᠠᠬᠤ ᠶᠢᠨ ᠤᠳᠬ᠎ᠠ ᠪᠠᠷ ᠭᠡᠷᠡᠭᠯᠡᠨ᠎ᠡ᠃ 《ᠨᠢᠭᠤᠴᠠ ᠳᠤᠪᠴᠢᠶᠠᠨ》 §56 ᠳ᠋ᠤ 《ᠾᠤᠢ ᠵᠦᠪᠣᠷ ᠳᠠᠤᠬᠤᠷᠢᠰᠳᠠᠯᠠ ᠶᠠᠺᠠ ᠳᠠᠤᠬᠤᠪᠠᠷ ᠣᠢ᠌ᠯᠠᠵᠤ ᠁》 ᠭᠡᠵᠤ ᠪᠠᠢ᠌ᠬᠤ ᠪᠠ ᠭᠢᠳᠠᠤᠨ ᠶᠢᠡᠷ 委亦剌周 ᠭᠡᠵᠤ ᠳᠡᠮᠳᠡᠭᠯᠡᠨ 哭着 ᠭᠡᠵᠤ ᠣᠷᠴᠢᠭᠤᠯᠭ᠎ᠠ ᠬᠠᠳᠠᠭᠰᠠᠨ ᠪᠠᠢ᠌ᠨ᠎ᠠ᠃

ᠥᠩᠰᠢᠭᠦᠨ ᠬᠤᠩᠰᠢᠭᠤᠨ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 §27 ᠳ᠋ᠤ ᠥᠭᠡᠭᠦ ᠳᠤᠰᠤ᠂ ᠦᠰᠤ ᠨᠤᠤᠰᠤ ᠶᠢᠨ ᠰᠢᠳᠠᠭᠰᠠᠨ ᠦᠨᠦᠷ ᠢ ᠭᠡᠯᠡᠭᠦ ᠳᠤ ᠣᠳᠤ ᠬᠤᠷᠴᠢᠨ ᠠᠮᠠᠨ ᠶᠠᠷᠢᠶᠠᠨ ᠳᠤ ᠮᠦᠨ ᠤᠳᠬ᠎ᠠ ᠪᠠᠷ 《ᠥᠩᠰᠢᠭᠦᠨ ᠬᠤᠩᠰᠢᠭᠤᠨ》᠂ 《ᠭᠡᠩᠰᠢᠭᠦᠨ ᠬᠠᠩᠰᠢᠭᠤᠨ》 ᠭᠡᠵᠤ ᠬᠤᠷᠰᠢᠶ᠎ᠠ ᠥᠭᠡ ᠪᠠᠷ ᠭᠡᠷᠡᠭᠯᠡᠨ᠎ᠡ᠃

ᠦᠮᠠᠷᠠᠵᠤ ᠊᠊᠊᠊᠊᠊᠊᠊᠊᠊᠊᠊᠊᠊᠊ umereju ᠭᠡᠵᠤ ᠬᠤᠷᠴᠢᠨ ᠠᠮᠠᠨ ᠶᠠᠷᠢᠶᠠᠨ ᠤ ᠭᠡᠯᠡᠨ ᠨᠢ ᠣᠷᠴᠢᠨ ᠴᠠᠭ ᠤᠨ ᠮᠤᠩᠭ᠋ᠤᠯ ᠪᠢᠴᠢᠭ᠌ ᠤᠨ ᠭᠡᠯᠡᠨ ᠳ᠋ᠠᠭᠢ 《ᠥᠮᠦᠭᠯᠡᠵᠤ》 ᠭᠡᠭᠦᠨ ᠠᠳᠠᠯᠢ ᠪᠠᠷ ᠥᠮᠦᠭ᠌ ᠳᠦᠰᠢᠭ᠌ ᠪᠣᠯᠬᠤ ᠬᠠᠮᠵᠢᠵᠤ ᠬᠠᠪᠰᠤᠷᠬᠤ ᠶᠢᠨ ᠤᠳᠬ᠎ᠠ ᠪᠠᠷ ᠭᠡᠷᠡᠭᠯᠡᠭ᠍ᠳᠡᠨ᠎ᠡ᠃ 《ᠨᠢᠭᠤᠴᠠ ᠳᠤᠴᠢᠶᠠᠨ》 §244.245 ᠳ᠋ᠤ ᠳᠤᠰ ᠳᠤᠰ 《ᠳᠠᠳᠠ ᠳᠤᠯᠤᠬᠠᠨ ᠬᠤᠩᠬᠤᠳᠠᠨ ᠬᠠᠰᠠᠷ ᠢ ᠦᠮᠠᠷᠠᠵᠤ ᠵᠠᠠᠴᠢᠵᠤᠬᠤᠢ》᠂ 《ᠦᠴᠢᠭᠢᠨ ᠁ ᠬᠠᠰᠠᠷ ᠢ ᠦᠮᠤᠷᠠᠵᠤ ᠵᠠᠠᠴᠢᠵᠤ ᠭᠦ ᠪᠦᠯᠦᠭᠡᠢ ︕》 ᠭᠡᠭᠦ ᠬᠤᠶᠠᠷ ᠥᠭᠦᠯᠡᠪᠦᠷᠢ ᠳ᠋ᠠᠭᠢ 《ᠦᠮᠠᠷᠠᠵᠤ᠂ ᠦᠮᠤᠷᠠᠵᠤ》 ᠨᠢ ᠪᠦᠷ ᠠᠳᠠᠯᠢ ᠤᠳᠬ᠎ᠠ ᠪᠠᠷ ᠳᠠᠢ᠌ᠯᠪᠣᠷᠢᠯᠠᠵᠤ ᠭᠢᠳᠠᠤᠨ ᠶᠢᠡᠷ 斡蔑列周 ᠭᠡᠭᠦ ᠪᠠ 斡抹列周 ᠭᠡᠵᠤ ᠠᠳᠠᠯᠢ ᠪᠣᠰᠤ ᠪᠠᠷ ᠳᠡᠮᠳᠡᠭᠯᠡᠵᠤ ᠪᠠᠢ᠌ᠭ᠎ᠠ ᠴᠤ ᠪᠦᠷ 黨比着, 黨着 ᠭᠡᠵᠤ ᠠᠳᠠᠯᠢᠬᠠᠨ ᠣᠷᠴᠢᠭᠤᠯᠭ᠎ᠠ ᠬᠠᠳᠠᠭᠰᠠᠨ ᠪᠠᠢ᠌ᠨ᠎ᠠ᠃ ᠡᠨᠡᠭᠦ 《ᠥᠮᠦᠭᠯᠡᠵᠤ᠂ ᠬᠠᠮᠵᠢᠬᠤ》 ᠭᠡᠭᠦ ᠤᠳᠬ᠎ᠠ ᠲᠡᠶ ᠥᠭᠡ ᠨᠢ ᠬᠤᠷᠴᠢᠨ ᠠᠮᠠᠨ ᠶᠠᠷᠢᠶᠠᠨ ᠳᠤ ᠳᠠᠷᠠ ᠭᠡᠪ ᠶᠢᠡᠷ ᠶᠢᠡᠨ 《ᠦᠮᠠᠷᠠᠵᠤ᠂ ᠦᠮᠤᠷᠠᠵᠤ》 ᠭᠡᠵᠤ ᠥᠯᠡᠳᠡᠭ᠍ᠳᠡᠨ ᠬᠤᠴᠤᠷᠴᠠᠢ᠃

ᠥᠯᠭᠡᠳᠡᠯᠡ ᠊᠊᠊᠊᠊᠊᠊᠊᠊᠊᠊᠊᠊᠊᠊ ulketele ᠭᠡᠵᠤ ᠥᠭᠡ ᠶᠢᠨ ᠢᠵᠠᠭᠤᠷ ᠨᠢ ᠥᠯᠭᠡ᠃ 《ᠨᠢᠭᠤᠴᠠ ᠳᠤᠪᠴᠢᠶᠠᠨ》 §195 ᠳ᠋ᠤ 兀勒格帖列 ᠭᠡᠵᠤ ᠳᠡᠮᠳᠡᠭᠯᠡᠨ 直穿了 ᠭᠡᠵᠤ ᠣᠷᠴᠢᠭᠤᠯᠤᠭᠰᠠᠨ ᠨᠢ ᠬᠤᠷᠴᠢᠨ ᠠᠮᠠᠨ ᠶᠠᠷᠢᠶᠠᠨ ᠤ 《ᠭᠡᠯᠭᠢᠵᠤ᠂ ᠬᠤᠯᠪᠣᠬᠤ》 ᠭᠡᠭᠦ ᠤᠳᠬ᠎ᠠ ᠲᠡᠶ 《ᠥᠯᠭᠡ》 ᠭᠡᠰᠡᠨ ᠥᠭᠡ ᠳᠤ ᠤᠳᠬ᠎ᠠ ᠨᠠᠢ᠌ᠴᠠᠵᠤ ᠪᠠᠢ᠌ᠨ᠎ᠠ᠃ ᠳᠠᠷᠤᠢ ᠬᠠᠭᠤᠴᠢᠨ ᠴᠠᠭ ᠤᠨ ᠳᠦᠷᠪᠠᠯᠵᠢᠨ ᠨᠥᠭᠡ ᠲᠡᠶ ᠵᠤᠭᠤᠰ ᠢ ᠭᠡᠯᠭᠢᠵᠤ ᠬᠤᠯᠪᠣᠭᠰᠠᠨ ᠢ ᠬᠤᠷᠴᠢᠠᠴᠤᠳ 《ᠥᠯᠭᠡ ᠲᠡᠶ ᠵᠤᠭᠤᠰ》 ᠭᠡᠳᠡᠭ᠌᠃

ᠥᠳᠦᠭ᠌ ᠊᠊᠊᠊᠊᠊᠊᠊᠊᠊᠊᠊᠊᠊᠊ utug ᠭᠡᠵᠤ 《ᠨᠢᠭᠤᠴᠠ ᠳᠤᠪᠴᠢᠶᠠᠨ》᠂ 《ᠰᠤᠳᠤᠷ ᠤᠨ ᠴᠢᠭᠤᠯᠭᠠᠨ》 《ᠡᠷᠳᠡᠨᠢ ᠶᠢᠨ ᠳᠤᠪᠴᠢ》᠂ 《ᠬᠤᠷᠢᠶᠠᠩᠭ᠋ᠤᠢ ᠠᠯᠳᠠᠨ ᠳᠤᠪᠴᠢ》 ᠵᠡᠷᠭᠡ ᠮᠤᠩᠭ᠋ᠤᠯ ᠰᠤᠷᠪᠣᠯᠵᠢ ᠪᠢᠴᠢᠭ᠌ ᠤᠳ ᠲᠤ 《ᠥᠳᠦᠭ᠌᠂ ᠶᠡᠭᠡ᠂ ᠥᠳᠦᠭᠡᠨ᠂ ᠡᠳᠦᠭᠡᠨ》 ᠭᠡᠵᠤ ᠭᠠᠷᠳᠠᠭ ᠪᠠᠢ᠌ᠨ᠎ᠠ᠃ 《ᠡᠷᠳᠡᠨᠢ ᠶᠢᠨ ᠳᠤᠪᠴᠢ ᠶᠢᠨ ᠣᠳᠤᠭᠢ ᠭᠡᠯᠡᠨ ᠤ ᠳᠠᠪᠳᠠᠷ》 §106 ᠨᠢᠭᠤᠷ ᠲᠤ 《ᠴᠢᠩᠭᠢᠰ ᠬᠠᠭᠠᠨ ᠢ ᠨᠠᠰᠤ ᠪᠠᠷᠠᠭᠰᠠᠨ ᠤ ᠳᠠᠷᠠᠭ᠎ᠠ᠂ ᠳᠡᠭᠦᠨ ᠤ ᠠᠯᠳᠠᠨ ᠭᠡᠭᠦᠷ ᠢ ᠢᠨᠤ ᠠᠯᠳᠠᠢ ᠬᠠᠨ ᠤ ᠠᠷᠤ᠂ ᠭᠡᠨᠳᠡᠢ ᠬᠠᠨ ᠤ ᠥᠯᠭᠡ ᠳᠤᠷ ᠶᠡᠭᠡ ᠥᠳᠦᠭ᠌ ᠨᠷᠠᠳᠤ ᠭᠠᠵᠠᠷ ᠣᠩᠭ᠋ᠤᠯᠪᠠᠢ ᠭᠡᠮᠡᠭᠦᠢ》 ᠭᠡᠨ᠎ᠡ᠃ 《ᠨᠢᠭᠤᠴᠠ ᠳᠤᠪᠴᠢᠶᠠᠨ》 §113 ᠳ᠋ᠤ ᠳᠠᠮᠤᠵᠢᠨ ᠮᠡᠷᠭᠢᠳ ᠠᠢ᠌ᠮᠠᠭ ᠢ ᠴᠤᠭᠢᠵᠤ ᠶᠡᠭᠡ ᠢᠯᠠᠯᠳᠠ ᠣᠯᠤᠭᠠᠤᠨ ᠳᠤᠭᠤᠷᠢᠯ ᠬᠠᠨ ᠪᠣᠯᠤᠨ ᠵᠠᠮᠤᠬ᠎ᠠ ᠬᠤᠶᠠᠷ ᠲᠤ ᠳᠠᠯᠠᠷᠬᠠᠨ ᠭᠡᠯᠡᠭ᠍ᠰᠡᠨ ᠥᠭᠡᠨ ᠳᠤ 《ᠡᠷᠭᠡᠳᠤ ᠳᠡᠭ᠍ᠷᠢ ᠳᠤ ᠨᠠᠷᠠᠢ᠌ᠤᠠᠴᠤ᠂ ᠡᠭᠡ ᠡᠳᠦᠭᠡᠨ᠎ᠡ ᠭᠦᠷᠭᠡᠵᠤ》 ᠭᠡᠭᠦ ᠪᠠ §255 ᠳ᠋ᠤᠭᠠᠷ ᠵᠣᠢ᠌ᠯ ᠳᠤ ᠴᠢᠩᠭᠢᠰ ᠬᠠᠭᠠᠨ ᠬᠡᠦᠬᠡᠳ ᠲᠡᠭᠡᠨ ᠵᠠᠷᠯᠢᠭ ᠪᠣᠯᠵᠤ ᠭᠡᠯᠡᠭ᠍ᠰᠡᠨ ᠨᠢ 《ᠬᠤᠯᠪᠣᠭᠠᠯᠳᠠᠯ᠎ᠠ ᠶᠠᠭᠤᠨ ᠪᠣᠢ ︖ ᠥᠳᠦᠭᠡᠨ ᠡᠭᠡ ᠠᠭᠤᠢ ᠪᠣᠢ᠂ ᠮᠦᠷᠤᠨ ᠣᠰᠤᠳ ᠣᠯᠠᠨ ᠪᠣᠢ ᠁》 ᠭᠡᠵᠤ ᠪᠠᠢ᠌ᠳᠠᠭ᠃

ᠬᠤᠷᠴᠢᠨ ᠮᠤᠠᠭᠤᠯᠴᠤᠳ ᠤᠨ ᠳᠤᠮᠳᠠ 《ᠶᠡᠭᠡ ᠥᠳᠦᠭ᠌》 ᠭᠡᠭᠦ ᠥᠭᠡ ᠨᠢ 《ᠯᠤᠤ ᠥᠳᠦᠭ᠌》 ᠭᠡᠵᠤ ᠶᠡᠭᠡ ᠳᠦᠭᠡᠮᠡᠯ ᠭᠡᠯᠡᠭ᠍ᠳᠡᠳᠡᠭ᠌᠃ 《ᠯᠤᠤ》 ᠭᠡᠳᠡᠭ᠌ ᠨᠢ ᠭᠢᠳᠠᠤᠨ ᠥᠭᠡ ᠶᠢᠨ 《大》 ᠭᠡᠰᠡᠨ ᠥᠭᠡ᠂ ᠬᠤᠷᠴᠢᠨ ᠮᠤᠩᠭ᠋ᠤᠯ ᠠᠮᠠᠨ ᠶᠠᠷᠢᠶᠠᠨ ᠳᠤ 《ᠶᠡᠭᠡ》 ᠶ᠋ᠢ 《ᠯᠤᠤ》 ᠭᠡᠵᠤ ᠭᠡᠯᠡᠳᠡᠭ᠌᠃ ᠣᠠᠴᠠᠭᠠᠢ᠌ᠯᠠᠨ ᠵᠠᠷᠢᠮ ᠨᠠᠰᠤᠳᠠᠨ ᠡᠮᠡᠭᠡᠳ ᠶᠠᠮᠠᠷ ᠨᠢᠭᠡᠨ ᠣᠴᠢᠷ ᠲᠤ ᠰᠤᠴᠢᠯ ᠭᠠᠢ᠌ᠬᠠᠯ ᠪᠣᠯᠬᠤ ᠪᠦᠷᠢ 《ᠥᠳᠦᠭ᠌ ᠡ ︕》 ᠭᠡᠵᠤ ᠳᠠᠭᠤ ᠠᠯᠳᠠᠨ ᠪᠠᠯᠡᠩᠰᠢᠳᠡᠭ᠌᠃ ᠡ᠊ᠨᠳᠡ ᠭᠡᠯᠡᠭ᠍ᠳᠡᠵᠤ ᠪᠠᠢ᠌ᠭ᠎ᠠ 《ᠥᠳᠦᠭ᠌》 ᠭᠡᠳᠡᠭ᠌ ᠨᠢ ᠡᠮᠡᠭ᠍ᠳᠡᠢ ᠭᠦᠮᠤᠨ ᠤ ᠪᠠᠯᠭᠡ ᠶᠢᠨ ᠡᠷᠭᠡᠳᠡᠨ ᠮᠦᠨ᠃ ᠣᠵᠠᠭᠤᠷ ᠮᠤᠩᠭ᠋ᠤᠯᠴᠤᠳ ᠪᠠᠢ᠌ᠭᠠᠯᠢ ᠶᠢ ᠰᠢᠳᠦᠳᠡᠭ᠌ ᠲᠡᠶ ᠠᠳᠠᠯᠢ ᠪᠠᠷ ᠡᠷᠡᠭ᠍ᠳᠡᠢ ᠡᠮᠡᠭ᠍ᠳᠡᠢ ᠶᠢᠨ ᠪᠠᠯᠭᠡ ᠶᠢᠨ ᠡᠷᠭᠡᠳᠡᠨ ᠢ ᠰᠢᠳᠦᠳᠡᠭ᠌ ᠪᠠᠢ᠌ᠵᠠᠢ᠃ ᠣᠠᠴᠠᠭᠠᠢ᠌ᠯᠠᠨ ᠡᠮᠡᠭ᠍ᠳᠡᠢ ᠶᠢᠨ ᠪᠠᠯᠭᠡ ᠶᠢᠨ ᠡᠷᠭᠡᠳᠡᠨ ᠢ ᠰᠢᠳᠦᠳᠡᠭ᠌᠃ ᠡᠨᠡ ᠨᠢ ᠡᠭᠡ ᠶᠢᠨ ᠡᠷᠭᠡᠳᠤ ᠶᠤᠰᠤᠨ ᠤ ᠦᠶ᠎ᠡ ᠳᠤ ᠡᠭᠡ ᠶᠢᠨ ᠣᠮᠠᠢ ᠶᠢ ᠦᠷᠠᠵᠢᠯ ᠤᠨ ᠰᠢᠳᠦᠭᠡᠨ ᠪᠣᠯᠭᠠᠨ 《ᠠᠯᠳᠠᠨ ᠰᠠᠪᠠ》 ᠭᠡᠮᠡᠨ ᠭᠦᠡᠳᠦᠳᠭᠡᠭᠦ ᠦᠵᠡᠯ ᠲᠡᠶ ᠪᠠᠢ᠌ᠵᠠᠢ᠃ ᠣᠵᠤᠭᠤᠷ ᠮᠤᠩᠭ᠋ᠤᠯᠴᠤᠳ ᠳᠡᠭ᠍ᠷᠢ ᠭᠠᠵᠠᠷ ᠬᠤᠶᠠᠷ ᠢ ᠬᠠᠮᠤᠭ ᠡᠴᠡ ᠢᠯᠡᠭᠦᠤ ᠰᠢᠳᠤᠵᠤ ᠳᠡᠭ᠍ᠷᠢ 乾 ᠭᠠᠵᠠᠷ 坤 ᠪᠣᠯ ᠣᠷᠴᠢᠯᠠᠩ ᠳᠡᠯᠡᠭᠡᠢ᠂ ᠳᠡᠯᠡᠭᠡᠢ ᠶ‍ᠢᠷᠳᠢᠠᠴᠤ ᠭᠡᠵᠤ ᠪᠦᠭᠡ ᠮᠦᠷᠭᠦᠯ ᠤᠨ ᠰᠤᠷᠭᠠᠯ ᠦᠵᠡᠵᠤ ᠪᠠᠢ᠌ᠪᠠ᠃ ᠠᠯᠢ ᠡᠷᠳᠡ ᠳᠡᠭᠡᠷ᠎ᠡ ᠦᠶ᠎ᠡ ᠳᠡᠭᠡᠨ ᠡᠷᠡᠭ᠍ᠳᠡᠢ ᠡᠮᠡᠭ᠍ᠳᠡᠢ ᠶᠢᠨ ᠪᠠᠯᠭᠡ ᠶᠢᠨ ᠡᠷᠭᠡᠳᠡᠨ ᠤ ᠨᠠᠷᠠᠢ᠌ᠳᠤᠯ ᠪᠣᠯᠬᠤ ᠪᠦᠭᠡᠳ ᠡᠷᠡᠭ᠍ᠳᠡᠢ ᠡᠮᠡᠭ᠍ᠳᠡᠢ ᠶᠢᠨ ᠪᠠᠯᠭᠡ ᠶᠢᠨ ᠡᠷᠭᠡᠳᠡᠨ ᠤ ᠭᠡᠪ ᠳᠤᠷᠰᠤ ᠪᠠᠷ ᠠᠩᠬᠠᠨ ᠤ ᠭᠡᠪ ᠰᠢᠠᠵᠢ ᠪᠣᠯᠭᠠᠨ ᠳᠡᠭ᠍ᠷᠢ ᠭᠠᠵᠠᠷ ᠭᠡᠵᠤ ᠣᠬᠠᠭᠠᠷᠠᠵᠤ ᠨᠡᠷᠡᠢ᠌ᠳᠦᠭ᠍ᠰᠡᠨ ᠪᠠᠢ᠌ᠵᠠᠢ᠃ ᠡᠮᠡᠭ᠍ᠳᠡᠢ ᠶᠢᠨ ᠪᠠᠯᠭᠡ ᠶᠢᠨ ᠡᠷᠭᠡᠳᠡᠨ ᠨᠢ ᠦᠷ᠎ᠡ ᠬᠡᠦᠬᠡᠳ ᠭᠠᠷᠭᠠᠨ᠂ ᠠᠮᠢ ᠨᠠᠰᠤ ᠣᠯᠭᠤᠨ ᠣᠭ ᠦᠨᠳᠦᠰᠦ ᠪᠠᠨ ᠵᠠᠯᠭᠠᠵᠤ ᠴᠢᠳᠠᠳᠠᠭ ᠠᠷᠢᠭᠤᠨ ᠳᠡᠭᠡᠳᠤ ᠶᠠᠭᠤᠮ᠎ᠠ ᠪᠣᠯᠬᠤ ᠶᠢᠨ ᠬᠤᠪᠢ ᠳᠤ᠂ ᠶᠠᠭ ᠳᠤᠬᠠᠢ ᠶᠢᠨ ᠦᠶ᠎ᠡ ᠳᠤ ᠳᠠᠨᠢᠵᠤ ᠮᠡᠳᠡᠭᠦ ᠦᠭᠡᠶ᠂ ᠥᠭᠡ ᠭᠡᠯᠡ ᠪᠠᠷ ᠢᠯᠡᠳᠭᠡᠵᠤ ᠳᠡᠢ᠌ᠯᠭᠦ ᠦᠭᠡᠶ ᠪᠠᠢ᠌ᠭᠰᠠᠨ ᠶᠡᠭᠡ ᠪᠠᠢ᠌ᠭᠠᠯᠢ ᠶᠢᠨ ᠳᠡᠭ᠍ᠷᠢ ᠨᠢ ᠬᠤᠷ᠎ᠠ ᠶᠢ ᠭᠦᠷᠳᠡᠭ᠍ᠰᠡᠭᠡᠷ ᠣᠰᠤ ᠪᠣᠯᠠᠭ ᠣᠠᠳᠤᠷᠤᠭᠤᠯᠵᠤ᠂ ᠣᠷᠭᠤᠮᠠᠯ ᠠᠮᠢᠳᠠᠨ ᠢ ᠦᠷᠡᠵᠢᠭᠦᠯᠦᠨ ᠳᠡᠯᠭᠡᠷᠡᠭᠦᠯᠵᠤ ᠴᠢᠳᠠᠳᠠᠭ ᠷᠢᠳᠢ ᠰᠢᠳᠢᠳᠤ ᠡᠭᠡ ᠭᠠᠵᠠᠷ ᠤᠨ ᠰᠢᠠᠵᠢ ᠶᠢ ᠬᠠᠳᠠᠭᠠᠯᠠᠭᠰᠠᠨ ᠣᠴᠢᠷ 《ᠡᠴᠢᠭᠡ ᠳᠡᠭ᠍ᠷᠢ》᠂ 《ᠡᠭᠡ ᠭᠠᠵᠠᠷ》 ᠭᠡᠵᠤ ᠰᠢᠳᠦᠭᠡᠳ ᠡᠷᠡᠭ᠍ᠳᠡᠢ ᠡᠮᠡᠭ᠍ᠳᠡᠢ ᠶᠢᠨ ᠪᠠᠯᠭᠡ ᠶᠢᠨ ᠡᠷᠭᠡᠳᠡᠨ ᠨᠢ ᠠᠷᠢᠭᠤᠨ ᠳᠡᠭᠡᠳᠤ ᠶᠠᠭᠤᠮ᠎ᠠ ᠭᠡᠵᠤ ᠳᠤᠰᠬᠠᠯ ᠶᠢᠡᠨ ᠣᠯᠤᠭᠰᠠᠨ ᠪᠠᠢ᠌ᠨ᠎ᠠ᠃ 《ᠨᠢᠭᠤᠴᠠ ᠳᠤᠪᠴᠢᠶᠠᠨ》 ᠳ᠋ᠤ ᠭᠠᠷᠳᠠᠭ 《ᠥᠳᠦᠭᠡᠨ ᠡᠭᠡ》 ᠶ᠋ᠢᠨ 《ᠥᠳᠦᠭᠡᠨ》 ᠊ᠢ ᠡᠷᠳᠡᠮᠳᠡᠨ ᠨᠡᠷ ᠪᠦᠷ 《ᠭᠠᠵᠠᠷ》 ᠭᠡᠵᠤ ᠳᠠᠢ᠌ᠯᠪᠣᠷᠢᠯᠠᠵᠠᠢ᠃ ᠳᠠᠷᠤᠢ 《ᠥᠳᠦᠭᠡ》 《ᠥᠳᠦᠭᠡᠨ》 ᠪᠣᠯ ᠡᠮᠡᠭ᠍ᠳᠡᠢ ᠶᠢᠨ ᠪᠠᠯᠭᠡ ᠶᠢᠨ ᠡᠷᠭᠡᠳᠡᠨ 《ᠡᠭᠡ ᠭᠠᠵᠠᠷ》 ᠪᠣᠯᠬᠤ ᠶᠤᠮ᠃ ᠭᠦᠮᠤᠨ ᠳᠦᠷᠤᠯᠭᠢᠳᠠᠨ ᠹᠧᠤᠳᠠᠯ ᠤᠨ ᠨᠡᠢ᠌ᠭᠡᠮ ᠳᠤ ᠰᠢᠯᠵᠢᠵᠤ ᠣᠷᠤᠭᠰᠠᠨ ᠡᠴᠡ ᠨᠠᠰᠢ ᠭᠦᠮᠦᠰ ᠤᠨ ᠪᠠᠯᠭᠡ ᠶᠢᠨ ᠠᠮᠢᠳᠤᠷᠠᠯ ᠤᠨ ᠰᠠᠮᠠᠭᠤᠷᠠᠯ ᠡᠭᠦᠰᠴᠤ ᠳᠡᠭ᠍ᠷᠢ ᠭᠠᠵᠠᠷ ᠪᠣᠶᠤ ᠨᠠᠷᠠᠨ ᠰᠠᠷᠠᠨ ᠢ ᠪᠠᠯᠭᠡᠳᠡᠨ ᠵᠥᠢᠷᠯᠡᠭᠦ ᠣᠭ ᠳᠦᠷᠰᠤ ᠪᠣᠯᠵᠤ ᠪᠠᠢ᠌ᠭᠰᠠᠨ ᠠᠩᠬᠠᠨ ᠤ ᠭᠡᠪ ᠰᠢᠠᠵᠢ᠂ ᠣᠷ᠎ᠠ ᠴᠢᠨᠠᠷ ᠶᠢᠡᠨ ᠠᠯᠳᠠᠵᠤ᠂ ᠡᠴᠦᠰ ᠲᠤ ᠪᠠᠨ ᠨᠠᠷ᠎ᠠ ᠶᠢ ᠨᠢ ᠰᠢᠭᠤᠳ ᠭᠡᠯᠡᠭᠦ ᠡᠴᠡ ᠪᠠᠨ ᠴᠡᠭᠡᠷᠯᠡᠵᠤ᠂ ᠪᠣᠵᠠᠷ ᠶᠠᠭᠤᠮ᠎ᠠ᠂ ᠳᠤᠤᠷᠠᠳᠤ ᠶᠠᠭᠤᠮ᠎ᠠ ᠪᠣᠯᠭᠠᠨ ᠥᠵᠡᠭᠦ ᠪᠣᠯᠵᠠᠢ᠃ ᠡᠨᠡ ᠴᠤ ᠶᠤᠰᠤᠳᠠᠢ ᠳᠡᠭ᠍ᠷᠢ ᠭᠠᠵᠠᠷ ᠲᠤ ᠣᠰᠤᠯᠳᠠᠭᠰᠠᠨ ᠭᠢᠯᠢᠰ ᠨᠢᠭᠦᠯ ᠤᠨ ᠰᠢ᠌ᠳᠭᠡᠯ ᠪᠣᠯᠵᠤ ᠦᠨᠢ ᠡᠭᠦᠷᠢᠳᠡ ᠴᠠᠭᠠᠳᠬᠠᠯ ᠶᠢᠡᠨ ᠣᠯᠬᠤ ᠦᠭᠡᠶ ᠪᠣᠯᠵᠠᠢ᠃ ᠳᠤᠬᠠᠢ᠌ᠯᠠᠪᠠᠯ᠂ 《ᠨᠢᠭᠤᠴᠠ ᠳᠤᠪᠴᠢᠶᠠᠨ》 ᠳ᠋ᠤ 《ᠶᠡᠭᠡ ᠥᠳᠦᠭ᠌》 ᠭᠡᠰᠡᠨ ᠢ ᠴᠡᠭᠡᠷᠯᠡᠨ 《ᠶᠡᠭᠡᠰ ᠭᠠᠵᠠᠷ᠎ᠠ》 (ᠣᠩᠭ᠋ᠤᠨ ᠭᠡᠭᠦᠷ ᠳᠠᠯᠪᠢᠬᠤ ᠭᠠᠵᠠᠷ) ᠭᠡᠵᠤ ᠳᠡᠮᠳᠡᠭᠯᠡᠵᠡᠢ᠃ ᠭᠡᠳᠥᠢᠪᠠᠷ ᠣᠯᠠᠩᠭᠢ ᠮᠤᠩᠭ᠋ᠤᠯ ᠣᠷᠤᠨ ᠶᠢᠡᠷ ᠴᠡᠭᠡᠷᠯᠡᠭ᠍ᠳᠡᠨ ᠭᠡᠯᠡᠭ᠍ᠳᠡᠭᠦ ᠪᠠᠨ ᠪᠣᠯᠢᠭᠰᠠᠨ ᠪᠣᠯᠪᠠᠴᠤ ᠬᠤᠷᠴᠢᠨ ᠮᠤᠩᠭ᠋ᠤᠯᠴᠤᠳ ᠤᠨ ᠠᠮᠠᠨ ᠶᠠᠷᠢᠶᠠᠨ ᠳᠤ ᠣᠤᠯ ᠭᠡᠪ ᠶᠢᠡᠷ ᠬᠠᠳᠠᠭᠠᠯᠠᠭᠳᠠᠨ ᠥᠯᠡᠳᠡᠭ᠍ᠰᠡᠨ ᠪᠦᠭᠡᠳ ᠠᠷᠢᠭᠤᠨ ᠳᠡᠭᠡᠳᠤ ᠴᠢᠨᠠᠷ ᠨᠢ ᠮᠦᠨ ᠭᠦᠮᠦᠰ ᠤᠨ ᠦᠵᠡᠯᠳᠠ ᠳᠠᠨᠢᠯᠳᠠ ᠳᠤ ᠵᠤᠭᠢᠬᠤ ᠣᠷᠤᠨ ᠪᠠᠢ᠌ᠷᠢ ᠲᠡᠶ ᠪᠠᠢ᠌ᠭᠰᠠᠭᠠᠷ ᠶᠤᠮ᠃ ᠭᠡᠭᠦ ᠳᠡᠭᠡᠨ ᠮᠦᠨ ᠰᠢᠳᠤᠵᠤ ᠪᠢᠰᠢᠷᠡᠭᠦ ᠰᠠᠨᠠᠭ᠎ᠠ ᠪᠠᠨ ᠳᠠᠶᠠᠭᠳᠠᠭ᠎ᠠ ᠦᠭᠡᠶ ᠬᠤᠷᠴᠢᠨ ᠠᠷᠠᠤᠨ ᠤᠨ ᠳᠠᠭᠤᠤ 《ᠣᠪᠣᠭᠠᠨ ᠳ᠋ᠠᠭᠢ ᠠᠭᠤᠯᠵᠢᠯᠳᠠ》 ᠳ᠋ᠤ ᠄

ᠬᠤᠷ᠎ᠠ ᠪᠣᠷᠤᠭᠠᠨ ᠤ ᠰᠢᠮ᠎ᠠ ᠨᠢ ᠠᠭᠠᠷ ᠡᠴᠡ ᠪᠠᠭᠤᠬᠤ ᠦᠭᠡᠶ ᠪᠣᠯ

ᠬᠠᠢ᠌ᠳᠠᠩ ᠴᠡᠴᠡᠭ᠌ ᠴᠢᠨᠢ ᠦᠪᠡᠷ ᠶᠢᠡᠨ ᠶᠠᠭᠠᠭᠢᠭᠠᠤᠨ ᠳᠡᠯᠭᠡᠷᠡᠨ᠎ᠡ ᠳ᠋ᠠ ᠭᠦᠢ

ᠬᠠᠢ᠌ᠷᠠᠳᠠᠢ ᠠᠬ᠎ᠠ ᠮᠢᠨᠢ ᠬᠠᠯᠠᠰᠢᠷᠠᠯ ᠦᠭᠡᠶ ᠭᠦᠯᠢᠶᠡᠪᠠᠯ ᠭᠦᠢ

ᠬᠠᠢ᠌ᠷᠠᠯᠠᠵᠤ ᠰᠠᠨᠠᠭᠰᠠᠨ ᠬᠤᠩᠭ᠋ᠤᠷ ᠳᠡᠭᠦᠤ ᠴᠢᠨᠢ ᠠᠶᠠᠠᠳᠠᠭᠠᠨ ᠭᠦᠷᠦᠭᠡᠳ ᠢᠷᠡᠭᠦ ᠦᠭᠡᠶ ᠦᠦ ᠳ᠋ᠠ ᠭᠦᠢ ᠭᠡᠵᠤ 《ᠳᠡᠭ᠍ᠷᠢ》 ᠶ᠋ᠢᠨ ᠭᠡᠰᠢᠭ᠌ 《ᠭᠠᠵᠠᠷ》 ᠊ᠤᠨ ᠦᠷᠠᠵᠢᠯ ᠤᠨ ᠶᠤᠰᠤ ᠣᠴᠢᠷ ᠡᠴᠡ ᠢᠨᠠᠭ ᠬᠤᠶᠠᠷ ᠤᠨ ᠴᠢᠩ ᠦᠨᠡᠨ ᠭᠦᠰᠡᠯ ᠰᠡᠳᠬᠢᠯᠭᠡ ᠪᠠᠨ ᠢᠯᠡᠳᠭᠡᠭ᠍ᠰᠡᠨ ᠪᠠᠢ᠌ᠨ᠎ᠠ᠃ ᠳᠠᠭᠢᠪᠠᠯ᠂ ᠬᠤᠷᠴᠢᠨ ᠮᠤᠩᠭ᠋ᠤᠯᠴᠤᠳ ᠤᠨ ᠰᠥᠰᠦᠭ᠌ ᠪᠢᠰᠢᠷᠠᠯ ᠤᠨ ᠣᠯᠠᠮᠵᠢᠯᠠᠯ ᠳᠤ 《ᠳᠠᠭᠢᠵᠤ ᠳᠦᠷᠦᠭᠡᠳ ᠳᠠᠯᠠᠢ ᠶᠢᠨ ᠣᠰᠤ ᠪᠠᠷ ᠣᠭᠢᠶᠠᠬᠤ》᠂ ᠨᠢᠭᠦᠯ ᠶᠢᠡᠨ ᠠᠷᠢᠯᠭᠠᠵᠤ ᠰᠠᠢ᠌ᠨ ᠳᠡᠭᠦᠰ ᠪᠣᠯᠬᠤ ᠶᠢᠨ ᠭᠦᠰᠡᠯ ᠰᠡᠳᠬᠢᠯᠭᠡ ᠶᠢᠨ ᠡᠭᠦᠳᠡᠨ ᠡᠴᠡ 《ᠡᠭᠡ ᠶᠢᠨ ᠣᠮᠠᠢ ᠰᠢᠷᠭᠤᠬᠤ》 ᠵᠠᠩ ᠣᠢ᠌ᠯᠠ ᠣᠳᠤ ᠪᠣᠯᠳᠠᠯ᠎ᠠ ᠶᠡᠭᠡ ᠭᠦᠭ᠍ᠵᠢᠶᠡᠨ ᠲᠡᠶ ᠶᠠᠪᠣᠭᠳᠠᠭᠰᠠᠭᠠᠷ ᠪᠠᠢ᠌ᠨ᠎ᠠ᠃ 《ᠣᠮᠠᠢ》 ᠪᠣᠯ 《ᠥᠳᠦᠭᠡ》᠂ ᠳᠠᠷᠤᠢ ᠡᠮᠡᠭ᠍ᠳᠡᠢ ᠭᠦᠮᠤᠨ ᠤ ᠪᠠᠯᠭᠡ ᠶᠢᠨ ᠡᠷᠭᠡᠳᠡᠨ᠃ ᠡᠨᠡᠭᠦ ᠠᠷᠢᠭᠤᠨ ᠳᠡᠭᠡᠳᠤ ᠶᠠᠭᠤᠮ᠎ᠠ ᠡᠴᠡ ᠳᠠᠭᠢᠵᠤ ᠳᠦᠷᠤᠵᠤ ᠪᠦᠷᠢᠨ ᠪᠦᠳᠤᠨ ᠰᠠᠢ᠌ᠨ ᠭᠦᠮᠤᠨ ᠪᠣᠯᠬᠤ ᠶᠢᠨ ᠭᠦᠰᠡᠯ ᠰᠡᠳᠬᠢᠯᠭᠡ ᠪᠠᠨ ᠢᠯᠡᠳᠭᠡᠵᠤ ᠪᠠᠢ᠌ᠨ᠎ᠠ᠃ ᠣᠳᠤ ᠠᠷᠤ ᠬᠤᠷᠴᠢᠨ ᠤ ᠯᠢᠠᠳᠦ᠋ᠩ ᠪᠠᠯᠭᠠᠰᠤᠨ ᠤ ᠣᠷᠴᠢᠮ ᠭᠢᠯᠦᠭᠡᠷ ᠵᠤ᠋ ᠭᠡᠮᠡᠭᠦ ᠶᠢᠨ ᠠᠷᠤ ᠬᠠᠳᠠᠨ ᠳᠤ ᠨᠢᠭᠡ ᠡᠭᠡ ᠶᠢᠨ ᠣᠮᠠᠢ ᠊᠊᠊᠊᠊᠊᠊᠊᠊᠊᠊᠊᠊᠊᠊ ᠰᠢᠷᠭᠤᠤᠯ ᠭᠡᠵᠤ ᠪᠠᠢ᠌ᠬᠤ ᠪᠠ ᠨᠤᠨ ᠬᠤᠷᠴᠢᠨ ᠤ ᠭᠠᠬᠠᠢ᠌ᠳᠤ ᠪᠠᠯᠭᠠᠰᠤᠨ ᠳᠤ ᠪᠠᠰᠠ ᠨᠢᠭᠡ ᠰᠢᠷᠭᠤᠤᠯ ᠤᠨ ᠠᠭᠤᠯᠠ ᠭᠡᠵᠤ ᠪᠠᠢ᠌ᠨ᠎ᠠ᠃ ᠳᠡᠷᠡᠭᠦ ᠬᠠᠳᠠᠨ ᠤ ᠨᠥᠭᠡ ᠶᠢ ᠰᠢᠷᠭᠤᠵᠤ ᠭᠠᠷᠬᠤ ᠳᠤ ᠳᠠᠢ᠌ᠮᠤ ᠭᠢᠯᠪᠠᠷ ᠪᠢᠰᠢ ᠭᠡᠨ᠎ᠡ᠃ ᠯᠠᠪᠳᠠᠭᠤᠨ ᠰᠢᠪᠳᠠᠭᠤᠨ᠂ ᠠᠭᠠᠵᠢᠭᠤ ᠳᠠᠯᠪᠢᠭᠤ᠂ ᠠᠷᠭ᠎ᠠ ᠳᠠᠮ ᠲᠡᠶ ᠪᠠᠷ ᠮᠥᠯᠭᠦᠨ ᠰᠢᠷᠭᠤᠵᠤ ᠪᠠᠢ᠌ᠮᠠᠠᠵᠢᠨ ᠰᠠ‍‌ᠶᠢ ᠭᠠᠷᠴᠤ ᠳᠡᠢ᠌ᠯᠳᠡᠭ᠌ ᠭᠡᠨ᠎ᠡ᠃ ᠳᠡᠭᠡᠪᠠᠯ ᠳᠠᠭᠢᠵᠤ ᠳᠦᠷᠦᠭ᠍ᠰᠡᠨ ᠰᠢᠭ᠌ ᠪᠠᠶ᠎ᠠ ᠳᠡᠭᠡᠷᠡᠭᠢ ᠠᠯᠢᠪᠠ ᠮᠠᠭᠤ ᠮᠠᠭᠤᠬᠠᠢ ᠵᠣᠢ᠌ᠯᠠᠰ ᠨᠢ ᠠᠷᠢᠯᠭᠠᠭᠳᠠᠵᠠᠢ ᠭᠡᠵᠤ ᠪᠠᠶᠠᠷᠯᠠᠳᠠᠭ᠃ ᠭᠠᠷᠴᠤ ᠦᠭᠡᠶ ᠪᠣᠯ ᠳᠠᠭᠢᠨ ᠳᠠᠭᠢᠨ ᠰᠢᠷᠭᠤᠳᠠᠭ᠃ ᠡᠢ᠌ᠮᠤ ᠡᠴᠡ ᠬᠤᠷᠴᠢᠠᠴᠤᠳ ᠤᠨ ᠦᠵᠡᠯ ᠣᠬᠠᠮᠰᠠᠷ ᠳᠤ 《ᠥᠳᠦᠭ᠌》 ᠨᠢ ᠮᠦᠨ ᠠᠷᠢᠭᠤᠨ ᠳᠠᠷᠬᠠᠨ᠂ ᠦᠷᠠᠵᠢᠯ ᠤᠨ ᠡᠭᠡ᠂ ᠡᠰᠡᠨᠢᠯ ᠤᠨ ᠠᠯᠳᠠᠨ ᠰᠠᠪᠠ ᠭᠡᠭᠦ ᠣᠵᠠᠭᠤᠷ ᠦᠵᠡᠯᠳᠠ ᠬᠠᠳᠠᠭᠠᠯᠠᠭᠳᠠᠭᠰᠠᠭᠠᠷ ᠪᠠᠢ᠌ᠭ᠎ᠠ ᠨᠢ ᠢᠯᠡᠭᠡᠨ ᠪᠠᠢ᠌ᠨ᠎ᠠ᠃

ᠨᠠᠴᠠ ᠊᠊᠊᠊᠊᠊᠊᠊᠊᠊᠊᠊᠊᠊᠊ naca ,nece 《ᠨᠢᠭᠤᠴᠠ ᠳᠤᠪᠴᠢᠶᠠᠨ》 (§15) ᠳ᠋ᠤ 《ᠳᠠᠷᠠ ᠭᠦᠷᠦᠭᠡᠰᠤᠨ ᠤ ᠮᠢᠬ᠎ᠠ ᠨᠠᠴᠠ ᠨᠠᠳᠠ ᠥᠭ᠌᠁》 ᠭᠡᠭᠦ ᠳᠤ 《ᠨᠠᠴᠠ》 ᠨᠢ ᠭᠠᠷᠬᠤ ᠶᠢᠨ ᠳᠠᠢ᠌ᠨ ᠢᠯᠭᠠᠯ ᠤᠨ ᠳᠠᠭᠠᠪᠣᠷᠢ 《 ᠡᠴᠡ》 ᠪᠦᠭᠡᠳ ᠡᠭᠡᠰᠢᠭ᠌ ᠵᠤᠭᠢᠴᠠᠬᠤ ᠶᠤᠰᠤ ᠪᠠᠷ ᠬᠤᠯᠪᠣᠭᠳᠠᠨ ᠭᠡᠷᠡᠭᠯᠡᠭ᠍ᠳᠡᠨ᠎ᠡ᠃ ᠬᠤᠷᠴᠢᠨ ᠠᠮᠠᠨ ᠶᠠᠷᠢᠶᠠᠨ ᠳᠤ ᠮᠦᠨ ᠡᠨᠡ ᠭᠡᠯᠪᠠᠷᠢ ᠪᠠᠷ ᠭᠡᠷᠡᠭᠯᠡᠭ᠍ᠳᠡᠵᠤ 《ᠭᠠᠷ ᠨᠠᠴᠠ ᠨᠢ ᠭᠦᠳᠦᠯᠵᠤ᠂ ᠭᠦᠯ ᠨᠠᠴᠠ ᠨᠢ ᠡᠷᠭᠦᠵᠤ》 ᠭᠡᠵᠤ ᠭᠡᠯᠡᠳᠡᠭ᠌᠃

ᠨᠡᠯᠭᠡ ᠊᠊᠊᠊᠊᠊᠊᠊᠊᠊᠊᠊᠊᠊᠊ nelk ᠭᠡᠵᠤ ᠬᠤᠴᠢᠨ ᠠᠮᠠᠨ ᠶᠠᠷᠢᠶᠠᠨ ᠳᠤ ᠨᠢᠯᠬ᠎ᠠ ᠬᠡᠦᠬᠡᠳ᠂ ᠰᠠ‍‌ᠶᠢ ᠳᠦᠷᠦᠭ᠍ᠰᠡᠨ ᠬᠡᠦᠬᠡᠳ ᠢ ᠪᠣᠭᠤᠬᠤ ᠪᠦᠰ ᠢ ᠨᠡᠯᠭᠡ ᠭᠡᠳᠡᠭ᠌᠃ ᠳᠠᠭᠤᠷ ᠭᠡᠯᠡᠨ ᠳᠤ ᠮᠦᠨ ᠨᠢᠯᠬ᠎ᠠ ᠬᠡᠦᠬᠡᠳ ᠢ ᠪᠣᠭᠤᠬᠤ ᠪᠢᠴᠢᠬᠠᠨ ᠭᠦᠡᠵᠢᠯᠡ ᠶᠢ ᠭᠡᠯᠡᠨ᠎ᠡ᠃ 《ᠨᠢᠭᠤᠴᠠ ᠳᠤᠪᠴᠢᠶᠠᠨ》 (§211) ᠳ᠋ᠤ 《ᠣᠨᠤᠨ ᠤ ᠳᠡᠯᠢᠭᠦᠨ ᠪᠣᠯᠳᠠᠭ᠎ᠠ ᠨᠠᠮᠢ᠋ᠢ ᠳᠦᠷᠦᠭᠦᠢ ᠳᠤᠷ ᠪᠣᠯᠤᠭᠠᠨ ᠨᠠᠯᠺᠠ ᠥᠭ᠍ᠴᠤ ᠪᠦᠯᠡᠭᠡᠢ》 ᠭᠡᠵᠤ ᠭᠠᠷᠤᠭᠰᠠᠨ ᠢ 《ᠨᠢᠷᠠᠢ ᠬᠡᠦᠬᠡᠳ ᠢ ᠪᠣᠭᠤᠬᠤ ᠪᠣᠯᠤᠭᠠᠨ ᠪᠣᠭᠤᠯᠳᠠ》 ᠭᠡᠵᠤ ᠰᠢᠶ‍ᠧ ᠽᠠᠢ ᠱᠠᠨ ᠤ ᠳᠠᠪᠳᠠᠷ ᠤᠨ 138 ᠨᠢᠭᠤᠷ ᠲᠤ ᠳᠠᠢ᠌ᠯᠪᠣᠷᠢᠯᠠᠪᠠ᠃ ᠭᠢᠳᠠᠤᠨ ᠪᠢᠴᠢᠯᠭᠡ ᠳᠤ 捏勒客 ᠭᠡᠵᠤ 衣 ᠭᠡᠵᠤ ᠬᠠᠵᠠᠭᠤ ᠣᠷᠴᠢᠭᠤᠯᠭ᠎ᠠ ᠬᠠᠳᠠᠵᠠᠢ᠃ ᠴᠩᠭᠢᠰ ᠬᠠᠭᠠᠨ ᠳᠦᠴᠢᠨ ᠵᠢᠯ ᠤᠨ ᠡᠮᠦᠨᠡᠭᠢ ᠭᠡᠷᠡᠭ᠌ ᠢ ᠨᠡᠭᠡᠮᠵᠢᠯᠡᠨ ᠳᠤᠷᠠᠳᠴᠤ ᠵᠠᠷᠴᠢᠭᠤᠳᠠᠢ ᠡᠪᠦᠭᠡᠨ ᠢ ᠳᠤᠷᠠᠳᠬᠠᠨ ᠵᠠᠯᠮ᠎ᠠ ᠳᠤ ᠭᠠᠪᠢᠶ᠎ᠠ ᠳᠡᠮᠳᠡᠭᠯᠡᠵᠤ ᠪᠠᠢ᠌ᠭ᠎ᠠ ᠡᠴᠡ ᠦᠵᠡᠪᠠᠯ᠂ 《ᠨᠡᠯᠭᠡ》 ᠳ᠋ᠤ ᠭᠡᠴᠢᠨᠡᠨ ᠶᠡᠭᠡ ᠤᠳᠬ᠎ᠠ ᠣᠴᠢᠷ ᠠᠬᠤᠯᠠᠭᠳᠠᠵᠤ ᠪᠠᠢ᠌ᠬᠤ ᠶᠢ ᠪᠢᠳᠠ ᠰᠠᠷᠠᠵᠤ ᠮᠠᠳᠠᠨ᠎ᠠ᠃ ᠬᠤᠷᠴᠢᠠᠴᠤᠳ 《ᠨᠡᠯᠭᠡ》 ᠶ᠋ᠢ ᠶᠡᠭᠡ ᠭᠦᠡᠳᠦᠳᠭᠡᠨ ᠥᠵᠡᠳᠡᠭ᠌᠃ ᠳᠠᠷᠤᠢ ᠡᠷᠡᠭᠦᠯ ᠰᠠᠢ᠌ᠬᠠᠨ ᠳᠦᠷᠦᠭ᠍ᠰᠡᠨ ᠬᠡᠦᠬᠡᠳ ᠶᠢᠡᠨ ᠪᠠᠭᠯᠠᠵᠤ ᠠᠪᠣᠭᠰᠠᠨ ᠪᠦᠰ ᠪᠣᠶᠤ ᠭᠦᠡᠵᠢᠯᠡ ᠶᠢ ᠭᠡᠭᠡᠭᠦ ᠦᠭᠡᠶ ᠨᠠᠷᠢᠨ ᠨᠢᠮᠪᠠᠢ ᠬᠠᠳᠠᠭᠠᠯᠠᠵᠤ᠂ ᠬᠤᠵᠢᠮ ᠬᠡᠦᠬᠡᠳ ᠲᠡᠶ ᠪᠣᠯᠬᠤ ᠳᠦᠷᠤᠯ ᠰᠠᠳᠤᠨ ᠪᠣᠶᠤ ᠶᠠᠪᠣᠯᠴᠠᠳᠠᠭ ᠨᠠᠢ᠌ᠵᠠ ᠨᠥᠭᠦᠤᠨ ᠳᠤ ᠪᠠᠨ ᠪᠠᠯᠭᠡᠯᠡᠵᠤ ᠭᠦᠷᠭᠡᠳᠡᠭ᠌᠃ ᠪᠠᠯᠡᠭ᠌ ᠳᠤᠰᠤᠭᠰᠠᠨ ᠭᠦᠮᠤᠨ ᠨᠢ ᠵᠠᠷᠤᠵᠤ ᠪᠠᠷᠠᠭᠰᠠᠨ ᠤ ᠰᠡᠭᠦᠯᠡᠷ ᠳᠠᠭᠢᠨ ᠪᠣᠴᠠᠭᠠᠳᠠᠭ᠃ ᠣᠷᠴᠢᠨ ᠴᠠᠭ ᠤᠨ ᠮᠤᠩᠭ᠋ᠤᠯ ᠭᠡᠯᠡᠨ ᠳᠤ 《ᠨᠡᠯᠭᠡ》 ᠶ᠋ᠢ ᠨᠥᠮᠦᠷᠭᠡ ᠭᠡᠭᠦ ᠪᠣᠶᠤ ᠬᠤᠴᠢᠯᠭ᠎ᠠ ᠭᠡᠳᠡᠭ᠌᠃

ᠨᠡᠳᠭᠡᠯ ᠊᠊᠊᠊᠊᠊᠊᠊᠊᠊᠊᠊᠊᠊᠊ nedkel ᠭᠡᠭᠦ ᠨᠢ 《ᠨᠢᠭᠤᠴᠠ ᠳᠤᠪᠴᠢᠶᠠᠨ》 (§245) ᠳᠤ ᠨᠢᠭᠡᠳᠭᠡᠭᠦ᠂ ᠦᠣᠡᠭᠡᠷᠡᠭᠦᠯᠭᠦ ᠭᠡᠭᠦ ᠤᠳᠬ᠎ᠠ ᠪᠠᠷ ᠭᠡᠷᠡᠭᠯᠡᠨ᠎ᠡ᠃ ᠬᠤᠷᠴᠢᠨ ᠠᠮᠠᠨ ᠶᠠᠷᠢᠶᠠᠨ ᠳᠤ ᠳᠡᠭᠡᠰᠤ ᠳᠠᠮᠤᠵᠤ ᠡᠷᠴᠢᠮᠯᠡᠭᠦ ᠶᠢ 《ᠨᠢᠳᠭᠡᠵᠤ》 ᠭᠡᠳᠡᠭ᠌᠃

ᠨᠤᠭᠤᠨ ᠊᠊᠊᠊᠊᠊᠊᠊᠊᠊᠊᠊᠊᠊᠊ nuun ᠭᠡᠵᠤ 《ᠨᠢᠭᠤᠴᠠ ᠳᠤᠪᠴᠢᠶᠠᠨ》 (§65) ᠳ᠋ᠤ 《ᠨᠤᠭᠤᠨ ᠭᠦᠪᠠᠭᠦᠨ ᠮᠢᠨᠤ ᠨᠤᠳᠤᠭ ᠬᠠᠷᠠᠶᠤ᠂ ᠦᠬᠢᠨ ᠭᠦᠪᠠᠭᠦᠨ ᠮᠢᠨᠤ ᠥᠩᠭᠡ ᠥᠵᠡᠭ᠍ᠳᠡᠶᠤ》 ᠭᠡᠭᠦ ᠥᠭᠦᠯᠡᠪᠦᠷᠢ ᠳᠤ 《ᠨᠤᠭᠤᠨ》 ᠊ᠢ 纳温 ᠭᠡᠵᠤ ᠭᠢᠳᠠᠤᠨ ᠪᠢᠴᠢᠯᠭᠡ ᠪᠠᠷ 兒 ᠭᠡᠵᠤ ᠬᠠᠵᠠᠭᠤ ᠣᠷᠴᠢᠭᠤᠯᠭ᠎ᠠ ᠬᠠᠳᠠᠵᠠᠢ᠃ 《ᠨᠤᠭᠤᠨ》 ᠭᠡᠵᠤ ᠡᠷᠡᠭ᠍ᠳᠡᠢ ᠬᠡᠦᠬᠡᠳ ᠢ ᠭᠡᠯᠡᠵᠡᠢ᠃ ᠣᠳᠤ ᠬᠤᠷᠴᠢᠨ ᠠᠮᠠᠨ ᠶᠠᠷᠢᠶᠠᠨ ᠳᠤ ᠦᠬᠢᠨ ᠳᠤ ᠪᠠᠨ ᠨᠠᠷ᠎ᠠ ᠦᠭ‍ᠭᠦ ᠳᠤ ᠨᠤᠭᠤᠠᠵᠠᠶᠠᠭ᠎ᠠ᠂ ᠨᠤᠭᠤᠠᠳᠠᠭᠤᠯᠠ᠂ ᠭᠦᠦᠳᠡᠭᠤᠯ᠎ᠡ᠂ ᠭᠦᠥᠢ᠋ᠷ᠎ᠡ ᠭᠡᠵᠤ ᠳᠠᠷᠠᠭᠠᠴᠢ ᠪᠠᠷ ᠨᠤᠭᠤᠨ ᠭᠦᠪᠠᠭᠦᠨ ᠲᠡᠶ ᠪᠣᠯᠬᠤ ᠶᠢ ᠭᠦᠰᠡᠵᠤ ᠨᠡᠷᠡᠯᠡᠳᠡᠭ᠌᠃

ᠨᠦᠳᠤᠨ ᠊᠊᠊᠊᠊᠊᠊᠊᠊᠊᠊᠊᠊᠊᠊ nudun ᠭᠡᠵᠤ ᠴᠢᠰᠤᠨ ᠡᠭᠡᠳᠡᠮᠡᠭ᠌᠃ ᠣᠷᠴᠢᠨ ᠴᠠᠭ ᠤᠨ ᠮᠤᠩᠭ᠋ᠤᠯ ᠭᠡᠯᠡᠨ ᠳᠤ ᠨᠦᠵᠢ ᠭᠡᠳᠡᠭ᠌᠃ ᠬᠤᠷᠴᠢᠨ ᠠᠮᠠᠨ ᠶᠠᠷᠢᠶᠠᠨ ᠳᠤ 〈ᠴᠢᠰᠤ ᠨᠦᠳᠤ〉 ᠭᠡᠮᠡᠭᠦ ᠥᠭᠡ ᠪᠠᠢ᠌ᠳᠠᠭ᠃ 《ᠨᠢᠭᠤᠴᠠ ᠳᠤᠪᠴᠢᠶᠠᠨ》 (§59.78 ᠳ᠋ᠤ 《ᠪᠠᠷᠠᠭᠤᠨ ᠭᠠᠷ ᠲᠤᠷ ᠶᠢᠡᠨ ᠱᠠᠭ᠎ᠠ ᠶᠢᠨ ᠳᠠᠳᠤᠢ ᠨᠦᠳᠤᠨ ᠠᠤᠠᠬᠤᠨ ᠳᠦᠷᠦᠵᠦᠭᠦᠢ》᠂ 《ᠭᠠᠷ ᠳ᠋ᠤᠷ ᠶᠢᠠᠨ ᠬᠠᠷ᠎ᠠ ᠨᠦᠳᠤᠨ ᠠᠤᠠᠬᠤᠨ ᠳᠦᠷᠠᠯᠢᠭᠢ ᠡᠨᠡ》 ᠭᠡᠳᠡᠭ᠌ ᠲᠤ ᠪᠦᠷ ᠭᠢᠳᠠᠤᠨ ᠶᠢᠡᠷ 那敦 ᠭᠡᠵᠤ ᠳᠡᠮᠳᠡᠭᠯᠡᠨ 血塊 ᠭᠡᠵᠤ ᠬᠠᠵᠠᠭᠤ ᠶᠢᠨ ᠣᠷᠴᠢᠭᠤᠯᠭ᠎ᠠ ᠬᠠᠳᠠᠵᠠᠢ᠃ ᠬᠤᠷᠴᠢᠨ ᠠᠮᠠᠨ ᠶᠠᠷᠢᠶᠠᠨ ᠳᠤ 《ᠴᠢᠰᠤ ᠨᠦᠳᠤ ᠭᠠᠷᠳᠠᠯ᠎ᠠ ᠴᠤᠭᠢᠪᠠ》 《ᠴᠢᠰᠤ ᠨᠦᠳᠤᠨ ᠶᠢᠡᠷ ᠣᠭᠢᠯᠠᠯ᠎ᠠ》 ᠭᠡᠭᠦ ᠮᠠᠳᠤ ᠶᠢᠨ ᠥᠭᠡᠰ ᠪᠠᠢ᠌ᠳᠠᠭ᠃

ᠪᠠᠷᠢᠶ᠎ᠠ ᠊᠊᠊᠊᠊᠊᠊᠊᠊᠊᠊᠊᠊᠊᠊ baria ᠭᠡᠵᠤ ᠬᠤᠷᠴᠢᠨ ᠠᠮᠠᠨ ᠶᠠᠷᠢᠶᠠᠨ ᠳᠤ ᠨᠠᠷᠢᠨ ᠮᠤᠭᠤᠯᠴᠤᠭ ᠮᠤᠳᠤ᠂ ᠣᠷᠳᠤ ᠳᠠᠶ‍ᠢᠭ ᠮᠠᠳᠤ ᠶᠢ ᠭᠡᠯᠡᠳᠡᠭ᠌᠃ ᠳᠠᠷᠤᠢ ᠠᠶᠠᠨ ᠤ ᠭᠦᠮᠤᠨ ᠪᠣᠶᠤ ᠡᠷᠢᠯᠴᠢ ᠭᠦᠮᠤᠨ ᠭᠠᠷ ᠲᠠᠭᠠᠨ ᠪᠠᠷᠢᠶ᠎ᠠ ᠲᠡᠶ ᠶᠠᠪᠣᠳᠠᠭ᠃ 《ᠨᠢᠭᠤᠴᠠ ᠳᠤᠪᠴᠢᠶᠠᠨ》 (§227) ᠳ᠋ᠤ 《ᠪᠠᠷᠢᠶ᠎ᠠ ᠶᠢᠨ ᠬᠠᠷᠢᠭᠤ ᠪᠠᠷᠢᠶ᠎ᠠ ᠭᠦ》 ᠭᠡᠭᠦ ᠨᠢ ᠬᠠᠵᠠᠭᠤ ᠶᠢᠨ ᠣᠷᠴᠢᠭᠤᠯᠭ᠎ᠠ ᠳᠤ 條子 (ᠨᠠᠷᠢᠨ ᠮᠤᠳᠤ)ᠭᠡᠰᠡᠨ ᠨᠢ ᠬᠤᠷᠴᠢᠨ ᠠᠮᠠᠨ ᠶᠠᠷᠢᠶᠠᠨ ᠲᠡᠶ ᠳᠤᠭᠢᠷᠠᠯᠴᠠᠵᠤ ᠪᠠᠢ᠌ᠨ᠎ᠠ᠃ ᠬᠤᠷᠴᠢᠨ ᠳᠤ ᠥᠭᠡᠷ ᠣᠶᠠᠬᠤ ᠳᠡᠭᠡᠰᠤ ᠶᠢ ᠪᠠᠰᠠ 《ᠪᠠᠷᠢᠶ᠎ᠠ》 ᠭᠡᠳᠡᠭ᠌᠃

ᠪᠣᠢ ᠊᠊᠊᠊᠊᠊᠊᠊᠊᠊᠊᠊᠊᠊᠊ boi 《ᠨᠢᠭᠤᠴᠠ ᠳᠤᠪᠴᠢᠶᠠᠨ》 §254 ᠳ᠋ᠤ 《ᠪᠣᠢ ᠳᠠᠨᠤ ᠠᠷᠢᠯᠭᠠᠵᠤ᠂ ᠪᠣᠷᠪᠢ ᠳᠠᠨᠤ ᠡᠷᠭᠦᠭᠦᠯᠵᠤ᠂ ᠡᠷ᠎ᠡ ᠶᠢᠨ ᠡᠭᠡᠮ ᠳᠤᠷ᠂ ᠠᠭᠳᠠ ᠶᠢᠨ ᠬᠠᠷᠭᠠᠮ ᠳᠤᠷ ᠭᠦᠷᠭᠡᠵᠤ》 ᠭᠡᠵᠤ ᠭᠠᠷᠳᠠᠭ᠃ ᠡᠷᠳᠡᠮᠳᠡᠳ ᠤᠨ ᠳᠠᠢ᠌ᠯᠪᠣᠷᠢ ᠠᠳᠠᠯᠢ ᠦᠭᠡᠶ᠃ ᠮᠠᠨ ᠤ ᠬᠤᠷᠴᠢᠨ ᠠᠮᠠᠨ ᠶᠠᠷᠢᠶᠠᠨ ᠳᠤ ᠪᠠᠰᠠ 《ᠪᠣᠢ》 ᠭᠡᠳᠡᠭ᠌ ᠥᠭᠡ ᠪᠠᠢ᠌ᠳᠠᠭ᠃ ᠳᠠᠷᠠ ᠨᠢ ᠰᠠ‍‌ᠶᠢ ᠳᠦᠷᠦᠭ᠍ᠰᠡᠨ ᠨᠢᠯᠬ᠎ᠠ ᠳᠤᠭᠤᠯ ᠪᠣᠶᠤ ᠣᠨᠠᠭ᠎ᠠ ᠶᠢᠨ ᠭᠦᠯ ᠤᠨ ᠣᠯᠠ ᠳ᠋ᠤᠨᠢ ᠨᠠᠭᠠᠯᠳᠤᠵᠤ ᠪᠠᠢ᠌ᠭ᠎ᠠ ᠵᠥᠭᠡᠯᠡᠨ ᠮᠥᠭᠡᠷᠰᠤ ᠰᠢᠭ᠌ ᠨᠢᠯᠳᠠᠭ ᠶᠠᠭᠤᠮ᠎ᠠ ᠶᠢ ᠭᠡᠯᠡᠨ᠎ᠡ᠃ ᠳᠤᠷᠰᠢᠯᠭ᠎ᠠ ᠲᠡᠶ ᠮᠠᠯᠴᠢᠳ ᠰᠠ‍‌ᠶᠢ ᠳᠦᠷᠦᠭ᠍ᠰᠡᠨ ᠣᠨᠠᠭ᠎ᠠ᠂ ᠳᠤᠭᠤᠯ ᠶᠢᠨ ᠶᠢᠡᠨ ᠪᠣᠰᠴᠤ ᠵᠤᠭᠰᠤᠵᠤ ᠳᠡᠢ᠌ᠯᠭᠦ ᠦᠭᠡᠶ ᠭᠦᠴᠢᠷᠳᠡᠵᠤ ᠪᠠᠢ᠌ᠬᠤ ᠳᠤ ᠳᠤᠭᠤᠷᠠᠢ ᠶᠢᠨ ᠳᠤᠤᠷ᠎ᠠ ᠨᠠᠭᠠᠯᠳᠤᠭᠰᠠᠨ ᠪᠣᠢ ᠶᠢ ᠨᠢ ᠭᠢᠮᠤᠰᠤ ᠪᠠᠷ ᠶᠢᠡᠨ ᠠᠷᠢᠯᠭᠠᠵᠤ ᠥᠭ᠍ᠪᠠᠯ ᠣᠨᠠᠭ᠎ᠠ ᠳᠤᠭᠤᠯ ᠨᠢ ᠠᠮᠠᠷᠬᠠᠨ ᠪᠣᠰᠴᠤ ᠡᠭᠡ ᠪᠠᠨ ᠭᠦᠭᠦᠳᠡᠭ᠌᠃ ᠡᠭᠦᠨ ᠡᠴᠡ 《ᠨᠢᠭᠤᠴᠠ ᠳᠤᠪᠴᠢᠶᠠᠨ》 ᠳ᠋ᠤ ᠭᠠᠷᠳᠠᠭ 《ᠪᠣᠢ ᠳᠠᠨᠤ ᠠᠷᠢᠯᠭᠠᠵᠤ》 ᠭᠡᠳᠡᠭ᠌ ᠨᠢ ᠬᠡᠦᠬᠡᠳ ᠶᠢᠡᠨ ᠠᠯᠬᠤᠭᠤᠯᠵᠤ ᠰᠤᠷᠭᠠᠭᠰᠠᠨ ᠢ ᠮᠠᠯ ᠶᠢᠡᠨ ᠳᠤᠳᠤᠮᠳᠤᠵᠤ ᠠᠷᠠᠴᠢᠯᠠᠭᠰᠠᠨ ᠶᠢᠡᠷ ᠵᠣᠢ᠌ᠷᠯᠠᠵᠤ ᠢᠯᠡᠳᠭᠡᠭ᠍ᠰᠡᠨ ᠪᠠᠢ᠌ᠵᠤ ᠮᠠᠳᠠᠨ᠎ᠠ᠃

ᠪᠣᠭᠤᠰ ᠊᠊᠊᠊᠊᠊᠊᠊᠊᠊᠊᠊᠊᠊᠊ bo᠄ s 《ᠬᠠᠯᠬ᠎ᠠ ᠵᠢᠷᠤᠮ》 ᠊ᠤᠨ 14 ᠵᠣᠢ᠌ᠯ ᠳᠤ 《ᠡᠯᠴᠢ ᠪᠣᠬᠤᠰ ᠭᠡᠭᠦᠤ ᠨᠢᠯᠬ᠎ᠠ ᠣᠨᠠᠭ᠎ᠠ ᠲᠡᠶ ᠭᠡᠭᠦᠤ ᠪᠣᠤ ᠣᠨᠤ᠂ ᠣᠨᠤᠪᠠᠰᠤ ᠰᠢᠳᠤᠯᠠᠨ ᠬᠤᠨᠢ ᠠᠪᠬᠤ》 ᠭᠡᠭᠦ ᠬᠠᠤᠯᠢ ᠪᠠᠢ᠌ᠳᠠᠭ᠃ 《ᠪᠣᠭᠤᠰ》 ᠭᠡᠵᠤ ᠭᠡᠭᠡᠯᠢ ᠲᠡᠶ᠂ ᠳᠦᠷᠦᠭᠦ ᠭᠡᠵᠤ ᠪᠠᠢ᠌ᠭ᠎ᠠ ᠮᠠᠯ ᠢ ᠭᠡᠯᠡᠨ᠎ᠡ᠃ ᠬᠤᠷᠴᠢᠨ ᠳᠤ ᠮᠦᠨ ᠭᠡᠭᠡᠯᠢ ᠲᠡᠶ ᠳᠦᠷᠦᠭᠦ ᠭᠡᠵᠤ ᠪᠠᠢ᠌ᠭ᠎ᠠ ᠮᠠᠯ ᠶᠢᠡᠨ 《ᠪᠣᠭᠤᠰ ᠮᠠᠯ》 ᠭᠡᠳᠡᠭ᠌᠃

ᠪᠣᠭᠢ ᠊᠊᠊᠊᠊᠊᠊᠊᠊᠊᠊᠊᠊᠊᠊ boeg ᠭᠡᠵᠤ 《ᠨᠢᠭᠤᠴᠠ ᠳᠤᠪᠴᠢᠶᠠᠨ》 (§280) ᠳ᠋ᠤ 《ᠣᠬᠤᠷ ᠪᠣᠭᠢ ᠳᠤᠳᠠᠬᠤᠯᠤᠪᠠᠰᠤ》 ᠭᠡᠭᠦ ᠥᠭᠦᠯᠡᠪᠦᠷᠢ ᠳᠤ 不吉 ᠭᠡᠵᠤ ᠭᠢᠳᠠᠤᠨ ᠶᠢᠡᠷ ᠠᠪᠢᠶᠠᠴᠢᠯᠠᠵᠤ 绳(ᠲ᠋ᠡᠭᠡᠰᠤ)ᠭᠡᠵᠤ ᠣᠷᠴᠢᠭᠤᠯᠭ᠎ᠠ ᠬᠠᠳᠠᠵᠠᠢ᠃ ᠬᠤᠷᠴᠢᠨ ᠠᠮᠠᠨ ᠶᠠᠷᠢᠶᠠᠨ ᠳᠤ 〈ᠳᠠᠳᠠᠯᠭ᠎ᠠ ᠳᠡᠭᠡᠰᠤ〉 ᠭᠡᠵᠤ ᠶᠠᠷᠢᠳᠠᠭ ᠨᠢ ᠡᠷᠳᠡᠨ ᠤ ᠭᠡᠯᠡᠨ ᠡᠴᠡ ᠥᠯᠡᠳᠡᠭ᠍ᠳᠡᠵᠤ ᠢᠷᠡᠭ᠍ᠰᠡᠨ ᠨᠢ ᠢᠯᠡᠷᠭᠡᠢ ᠪᠠᠢ᠌ᠨ᠎ᠠ᠃

ᠬᠠᠪᠠᠷ ᠬᠠᠭᠠᠰ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 (§280) ᠳ᠋ᠤ ᠶᠠᠮᠠᠷ ᠶᠠᠭᠤᠮ᠎ᠠ ᠶᠢᠨ ᠭᠤᠤᠯ ᠬᠠᠭᠠᠰ᠂ ᠲᠥᠪ ᠳᠤᠮᠳᠠᠭᠤᠷ ᠨᠢ ᠳᠡᠭ᠍ᠰᠢ ᠬᠤᠪᠢᠶᠠᠬᠤ ᠶᠢᠨ ᠤᠳᠬ᠎ᠠ ᠪᠠᠷ ᠭᠡᠷᠡᠭᠯᠡᠵᠡᠢ᠃ 《ᠬᠠᠪᠠᠷ》 ᠪᠣᠯ ᠬᠠᠮᠠᠷ ᠤᠨ ᠡᠷᠳᠡᠨ ᠤ ᠭᠡᠯᠡ ᠮᠦᠨ᠃ ᠬᠤᠷᠴᠢᠨ ᠮᠤᠩᠭ᠋ᠤᠯᠴᠤᠳ ᠪᠠᠢ᠌ᠰᠢᠩᠴᠢᠯᠠᠨ ᠰᠠᠭᠤᠷᠢᠰᠢᠬᠤ ᠳᠤ ᠵᠡᠷᠭᠡᠯᠳᠡᠭᠡ ᠠᠢ᠌ᠯ ᠭᠦᠷᠢᠶ᠎ᠡ ᠶᠢᠨ ᠭᠡᠷᠡᠮ ᠶᠢᠡᠨ ᠵᠠᠪᠠᠯ ᠬᠤᠶᠠᠷ ᠭᠡᠷ ᠤᠨ ᠬᠤᠭᠤᠷᠤᠠᠳᠤᠭᠢ ᠵᠠᠢ ᠶᠢᠨ ᠭᠤᠤᠯ ᠳᠤᠮᠳᠠᠭᠤᠷ ᠠᠰᠯᠠᠵᠤ ᠪᠠᠷᠢᠨ᠎ᠠ᠃ ᠡᠨᠡᠭᠦ ᠬᠤᠶᠠᠷ ᠭᠡᠷ ᠤᠨ ᠬᠠᠮᠳᠤ ᠶᠢᠨ ᠭᠡᠷᠡᠮ ᠶᠢᠡᠨ 《ᠬᠠᠮᠠᠷ ᠭᠡᠷᠡᠮ》 ᠭᠡᠳᠡᠭ᠌᠃

ᠬᠠᠯᠠᠤᠨ ᠊᠊᠊᠊᠊᠊᠊᠊᠊᠊᠊᠊᠊᠊᠊ halat ᠭᠡᠵᠤ ᠭᠡᠨᠡᠳᠲᠡ᠂ ᠡᠰᠡᠯᠡ ᠭᠡᠭᠦ ᠤᠳᠬ᠎ᠠ ᠪᠠᠷ 《ᠨᠢᠭᠤᠴᠠ ᠳᠤᠪᠴᠢᠶᠠᠨ》 (§78᠂ 214) ᠳ᠋ᠤ ᠳᠤᠰ ᠳᠤᠰ 《ᠬᠠᠯᠠᠭᠤᠭᠴᠠ ᠮᠢᠨᠤ ᠬᠠᠯᠠᠤᠨ ᠭᠠᠷᠠᠷᠤᠨ》᠂ 《ᠬᠠᠯᠠᠭᠤᠨ ᠡᠴᠡ ᠬᠠᠯᠠᠤᠨ》 ᠭᠡᠭᠦ ᠥᠭᠦᠯᠡᠪᠦᠷᠢ ᠳᠤ ᠪᠦᠷ 蛤剌惕 ᠭᠡᠵᠤ ᠭᠢᠳᠠᠤᠨ ᠶᠢᠡᠷ ᠳᠡᠮᠳᠡᠭᠯᠡᠵᠤ 〈猛然〉᠂ 〈忽然〉 ᠭᠡᠵᠤ ᠬᠠᠵᠠᠭᠤ ᠣᠷᠴᠢᠭᠤᠯᠭ᠎ᠠ ᠬᠠᠳᠠᠭᠰᠠᠨ ᠨᠢ ᠬᠤᠷᠴᠢᠨ ᠠᠮᠠᠨ ᠶᠠᠷᠢᠶᠠᠨ ᠤ 《ᠬᠠᠯᠠᠤᠨ ᠣᠴᠢᠯ᠎ᠠ》᠂ 《ᠬᠠᠯᠠᠤᠨ ᠣᠨᠠᠬᠤ ᠠᠯᠳᠠᠯ᠎ᠠ》᠂ 《ᠬᠠᠯᠠᠤᠨ ᠠᠯᠳᠠᠬᠤ ᠰᠢᠬᠠᠯ᠎ᠠ》 ᠭᠡᠭᠦ ᠮᠠᠳᠤ ᠪᠠᠷ ᠦᠷᠭᠡᠨ ᠭᠡᠯᠡᠭ᠍ᠳᠡᠨ᠎ᠡ᠃

ᠬᠠᠤᠨ ᠊᠊᠊᠊᠊᠊᠊᠊᠊᠊᠊᠊᠊᠊᠊᠊᠊᠊ had ᠬᠤᠷᠴᠢᠨ ᠠᠮᠠᠨ ᠶᠠᠷᠢᠶᠠᠨ ᠳᠤ ᠪᠠᠶ᠎ᠠ᠂ ᠪᠠᠶ᠎ᠠ ᠮᠠᠬᠠᠪᠣᠤᠨ᠂ ᠪᠠᠶ᠎ᠠ ᠴᠤᠭᠴᠠ ᠶᠢ ᠭᠡᠯᠡᠨ᠎ᠡ᠃ ᠳᠠᠷᠤᠢ 《ᠪᠠᠶ᠎ᠠ ᠬᠠᠤᠨ ᠴᠢᠨᠢ ᠰᠠᠢ᠌ᠨ ᠪᠠ ︖》 《ᠪᠠᠶ᠎ᠠ ᠬᠠᠤᠨ ᠶᠢᠡᠨ ᠭᠢᠴᠢᠶ᠎ᠠ ︕》 ᠭᠡᠭᠦ ᠮᠠᠳᠤ ᠪᠠᠷ ᠭᠡᠯᠡᠭ᠍ᠳᠡᠨ᠎ᠡ᠃ 《ᠨᠢᠭᠤᠴᠠ ᠳᠤᠪᠴᠢᠶᠠᠨ》 (§224) ᠳ᠋ᠤ 《ᠢᠨᠤ ᠪᠠᠶ᠎ᠠ ᠬᠠᠤᠨ ᠶᠢᠡᠷ ᠣᠯᠤᠭᠰᠠᠨ ᠵᠥᠭᠡᠭᠡᠭ᠍ᠰᠡᠨ》 ᠭᠡᠭᠦ ᠨᠢ 蛤的 ᠭᠡᠵᠤ ᠭᠢᠳᠠᠤᠨ ᠶᠢᠡᠷ ᠳᠡᠮᠳᠡᠭᠯᠡᠵᠤ 獨自 ᠭᠡᠵᠤ ᠬᠠᠵᠠᠭᠤ ᠶᠢᠨ ᠣᠷᠴᠢᠭᠤᠯᠭ᠎ᠠ ᠬᠠᠳᠠᠵᠠᠢ᠃

ᠬᠠᠳᠠᠭ᠎ᠠ ᠊᠊᠊᠊᠊᠊᠊᠊᠊᠊᠊᠊᠊᠊᠊᠊᠊᠊᠊᠊᠊ hadaga ᠭᠡᠵᠤ 《ᠨᠢᠭᠤᠴᠠ ᠳᠤᠪᠴᠢᠶᠠᠨ》 (§201) ᠳ᠋ᠤ 《ᠬᠠᠳᠠᠭ᠎ᠠ ᠲᠤ ᠥᠭᠡᠰ ᠥᠭᠦᠯᠡᠯᠳᠦᠯᠡᠭᠡ ᠭᠡᠮᠡᠨ》 ᠭᠡᠵᠤ ᠴᠢᠬᠤᠯᠠ ᠭᠡᠭᠦ ᠤᠳᠬ᠎ᠠ ᠪᠠᠷ ᠭᠡᠷᠡᠭᠯᠡᠭ᠍ᠳᠡᠵᠡᠢ᠃ ᠬᠤᠷᠴᠢᠨ ᠠᠮᠠᠨ ᠶᠠᠷᠢᠶᠠᠨ ᠳᠤ ᠮᠦᠨ ᠤᠳᠬ᠎ᠠ ᠪᠠᠷ ᠭᠡᠯᠡᠭᠦ ᠪᠦᠭᠡᠳ 〈ᠬᠠᠮᠢᠶ᠎ᠠ ᠬᠠᠳᠠᠭ᠎ᠠ ᠦᠭᠡᠶ﹀ ᠭᠡᠵᠤ ᠴᠢᠬᠤᠯᠠ ᠪᠢᠰᠢ᠂ ᠴᠢᠬᠤᠯᠴᠢᠯᠠᠬᠤ ᠦᠭᠡᠶ ᠭᠡᠳᠡᠭ᠌ ᠪᠢᠯᠠ᠃

ᠭᠡᠭᠡᠯᠢ ᠊᠊᠊᠊᠊᠊᠊᠊᠊᠊᠊᠊᠊᠊᠊ he᠄ l 《ᠨᠢᠭᠤᠴᠠ ᠳᠤᠪᠴᠢᠶᠠᠨ》 (§21᠂ 22᠂ 56᠂ 121) ᠳ᠋ᠤ ᠪᠦᠷ ᠭᠡᠪᠠᠯᠢ ᠭᠡᠳᠡᠰᠤ ᠶᠢᠨ ᠤᠳᠬ᠎ᠠ ᠪᠠᠷ ᠭᠡᠷᠡᠭᠯᠡᠭ᠍ᠳᠡᠭ᠍ᠰᠡᠨ ᠪᠠᠢ᠌ᠬᠤ ᠳᠤ 《ᠨᠢᠭᠤᠴᠠ ᠳᠤᠪᠴᠢᠶᠠᠨ》 (§28᠂ 59) ᠳ᠋ᠤ 《ᠪᠣᠳᠤᠠᠴᠢᠷ ᠠᠯᠭᠢᠠᠴᠢ ᠬᠠᠭᠤᠯᠵᠤ᠂ ᠳᠤᠮᠳᠠ ᠭᠡᠭᠡᠯᠢ ᠲᠡᠶ ᠡᠮ᠎ᠡ ᠶᠢ ᠪᠠᠷᠢᠵᠤ》᠂ 《᠁ ᠥᠭᠡᠯᠤᠨ ᠦᠵᠢᠨ ᠭᠡᠭᠡᠯᠢ ᠲᠡᠶ ᠪᠦᠷᠤᠨ》 ᠭᠡᠵᠤ ᠵᠢᠷᠮᠤᠰᠤᠨ ᠪᠣᠯᠤᠭᠰᠠᠨ ᠢ ᠵᠢᠭᠠᠭᠰᠠᠨ ᠪᠠᠢ᠌ᠨ᠎ᠠ᠃ ᠣᠳᠤ ᠬᠤᠷᠴᠢᠨ ᠳᠤ ᠭᠦᠮᠤᠨ ᠤ ᠵᠢᠷᠮᠦᠰᠦᠯᠡᠭᠦ ᠶᠢ ᠵᠢᠭᠠᠬᠤ ᠪᠢᠰᠢ ᠮᠠᠯ ᠤᠨ ᠦᠷ᠎ᠡ ᠳᠤᠭᠳᠠᠬᠤ ᠶᠢ ᠭᠡᠭᠡᠯ ᠲᠡᠶ ᠭᠡᠵᠤ ᠭᠡᠯᠡᠭᠡᠳ ᠭᠦᠮᠤᠨ ᠤ ᠵᠢᠷᠮᠦᠰᠦᠯᠡᠭᠦ ᠶᠢ ᠰᠠᠷ᠎ᠠ ᠲᠡᠶ ᠪᠣᠯᠬᠤ᠂ ᠭᠦᠯ ᠭᠦᠡᠳᠤ ᠪᠣᠯᠬᠤ ᠭᠡᠵᠤ ᠢᠯᠭᠠᠨ ᠵᠢᠭᠠᠨ᠎ᠠ᠃

ᠭᠢᠭ᠍ᠳᠡᠪᠡ ᠊᠊᠊᠊᠊᠊᠊᠊᠊᠊᠊᠊᠊᠊᠊ higdeb 《ᠨᠢᠭᠤᠴᠠ ᠳᠤᠪᠴᠢᠶᠠᠨ》 (§73) ᠳ᠋ᠤ ᠴᠠᠷᠠᠬ᠎ᠠ ᠡᠪᠦᠭᠡᠨ ᠳᠠᠢ᠌ᠴᠢᠭᠤᠳ ᠤᠨ ᠣᠷᠪᠠᠵᠤ ᠶᠠᠪᠣᠬᠤ ᠶᠢ ᠢᠳᠬᠠᠵᠤ ᠬᠤᠷᠢᠭᠯᠠᠬᠤ ᠭᠡᠵᠤ ᠪᠠᠢ᠌ᠭᠠᠤᠨ ᠠᠷᠤ ᠨᠢᠷᠤᠭᠤ ᠪᠠᠨ ᠵᠢᠳᠠᠯᠠᠭᠳᠠᠪᠠ᠃ ᠡᠭᠦᠨ ᠢ 《᠁ ᠢᠳᠬᠠᠬᠤ ᠪᠣᠯᠤᠨ ᠶᠢᠨ ᠭᠢᠭ᠍ᠳᠡᠪᠡ》 ᠭᠡᠵᠡᠢ᠂ ᠳᠠᠷᠤᠢ ᠵᠢᠳᠠᠯᠠᠭᠳᠠᠭᠰᠠᠨ ᠣᠢ᠌ᠯᠠ ᠶᠢᠨ ᠲᠦᠯᠦᠭᠡᠨ ᠤ ᠥᠭᠡ ᠪᠠᠷ ᠭᠡᠷᠡᠭᠯᠡᠭ᠍ᠳᠡᠵᠡᠢ᠃ ᠬᠤᠷᠴᠢᠨ ᠠᠮᠠᠨ ᠶᠠᠷᠢᠶᠠᠨ ᠳᠤ 《 ᠦᠭᠡᠶ ᠭᠢᠭ᠍ᠳᠡᠪᠡ》 ᠭᠡᠭᠦ ᠥᠭᠡ ᠶᠢ ᠮᠠᠰᠢ ᠦᠷᠭᠡᠨ ᠭᠡᠷᠡᠭᠯᠡᠵᠤ᠂ ᠬᠤᠤᠷᠯᠠᠭᠳᠠᠬᠤ᠂ ᠡᠪᠳᠡᠭ᠍ᠳᠡᠭᠦ᠂ ᠰᠥᠢᠳᠭᠡᠭ᠍ᠳᠡᠭᠦ ᠁ ᠭᠡᠭᠦ ᠮᠠᠳᠤ ᠪᠠᠷ ᠢᠯᠠᠷᠠᠨ᠎ᠠ᠃

ᠬᠤᠯᠤ ᠊᠊᠊᠊᠊᠊᠊᠊᠊᠊᠊᠊᠊᠊᠊᠊᠊᠊᠊᠊᠊ holo ᠣᠷᠴᠢᠨ ᠴᠠᠭ ᠤᠨ ᠮᠤᠩᠭ᠋ᠤᠯ ᠭᠡᠯᠡᠨ ᠳᠤ ᠠᠯᠤᠰ ᠵᠠᠢ᠌ᠳᠠᠢ ᠶᠢᠨ ᠤᠳᠬ᠎ᠠ ᠪᠠᠷ 《ᠬᠤᠯᠠ》 ᠭᠡᠵᠤ ᠪᠢᠴᠢᠭ᠍ᠳᠡᠨ᠎ᠡ᠃ ᠬᠤᠷᠴᠢᠨ ᠠᠮᠠᠨ ᠶᠠᠷᠢᠶᠠᠨ ᠳᠤ ᠰᠢᠭᠤᠳ 《ᠬᠤᠯᠤ》 ᠭᠡᠵᠤ ᠭᠡᠯᠡᠭ᠍ᠳᠡᠨ᠎ᠡ᠃ 《ᠨᠢᠭᠤᠴᠠ ᠳᠤᠪᠴᠢᠶᠠᠨ》 (§227) ᠳᠤ 《ᠡᠴᠢᠨ᠎ᠡ ᠬᠤᠯᠤ ᠭᠠᠵᠠᠷ᠎ᠠ ᠢᠯᠠᠶ᠎ᠠ》 ᠭᠡᠭᠦ ᠥᠭᠦᠯᠡᠪᠦᠷᠢ ᠳᠤ 豁羅 ᠭᠡᠵᠤ ᠭᠢᠳᠠᠤᠨ ᠶᠢᠡᠷ ᠳᠡᠮᠳᠡᠭᠯᠡᠵᠤ 遠 ᠭᠡᠵᠤ ᠬᠠᠵᠠᠭᠤ ᠣᠷᠴᠢᠭᠤᠯᠭ᠎ᠠ ᠬᠠᠳᠠᠭᠰᠠᠨ ᠨᠢ ᠬᠤᠷᠴᠢᠨ ᠠᠮᠠᠨ ᠶᠠᠷᠢᠶᠠᠨ ᠳᠤ ᠨᠠᠢ᠌ᠴᠠᠵᠤ ᠪᠠᠢ᠌ᠨ᠎ᠠ᠃

ᠭᠦᠡᠳᠤ ᠊᠊᠊᠊᠊᠊᠊᠊᠊᠊᠊᠊᠊᠊᠊ hund 《ᠨᠢᠭᠤᠴᠠ ᠳᠤᠪᠴᠢᠶᠠᠨ》 (§194) ᠳ᠋ᠤ 《ᠭᠦᠡᠳᠤ ᠡᠮ᠎ᠡ ᠶᠢᠨ ᠰᠢᠭᠡᠭᠦᠢ ᠭᠠᠵᠠᠷ᠎ᠠ ᠡᠰᠡ ᠭᠠᠷᠤᠭᠰᠠᠨ》 ᠭᠡᠭᠦ ᠥᠭᠦᠯᠡᠪᠦᠷᠢ ᠳᠤ 坤都额篾 ᠭᠡᠵᠤ ᠭᠢᠳᠠᠤᠨ ᠶᠢᠡᠷ ᠪᠢᠴᠢᠵᠤ ᠪᠠᠢ᠌ᠭ᠎ᠠ ᠪᠦᠭᠡᠳ 重婦人 ᠭᠡᠵᠤ ᠬᠠᠵᠠᠭᠤ ᠣᠷᠴᠢᠭᠤᠯᠭ᠎ᠠ ᠬᠠᠳᠠᠵᠠᠢ᠃ ᠳᠠᠷᠤᠢ ᠵᠢᠷᠮᠤᠰᠤᠨ ᠡᠮ᠎ᠡ ᠭᠡᠭᠦ ᠤᠳᠬ᠎ᠠ ᠲᠡᠶ ᠪᠦᠭᠡᠳ ᠬᠤᠷᠴᠢᠨ ᠠᠮᠠᠨ ᠶᠠᠷᠢᠶᠠᠨ ᠳᠤ ᠮᠦᠨ ᠤᠳᠬ᠎ᠠ ᠪᠠᠷ ᠭᠡᠯᠡᠭ᠍ᠳᠡᠵᠤ 《ᠭᠦᠯ ᠭᠦᠡᠳᠤ ᠪᠣᠯᠬᠤ》᠂ 《ᠪᠠᠶ᠎ᠠ ᠭᠦᠡᠳᠤ ᠪᠣᠯᠬᠤ》 (ᠵᠢᠷᠮᠦᠰᠦᠯᠡᠭᠦ) ᠭᠡᠵᠤ ᠭᠡᠯᠡᠭ᠍ᠳᠡᠨ᠎ᠡ ᠡᠭᠦᠨ ᠡᠴᠡ ᠪᠣᠰᠤᠳ ᠬᠤᠷᠴᠢᠨ ᠠᠮᠠᠨ ᠶᠠᠷᠢᠶᠠᠨ ᠳᠤ ᠡᠪᠡᠳᠴᠢᠨ ᠲᠡᠶ ᠭᠦᠮᠤᠨ ᠤ ᠪᠠᠢ᠌ᠳᠠᠯ ᠳᠤ ᠭᠦᠡᠳᠤ ᠭᠦᠩᠭᠡᠨ ᠭᠡᠵᠤ ᠢᠯᠭᠠᠨ ᠭᠡᠷᠡᠭᠯᠡᠭᠦ ᠣᠴᠢᠷ ᠮᠠᠷᠢᠶ᠎ᠠ ᠲᠡᠶ ᠬᠡᠦᠬᠡᠳ ᠢ ᠭᠦᠡᠳᠤ ᠭᠡᠵᠤ ᠭᠡᠯᠡᠭᠦ ᠦᠭᠡᠶ 《ᠯᠠᠰᠸᠷ》 ᠭᠡᠵᠤ ᠴᠡᠭᠡᠷᠯᠡᠨ ᠭᠡᠯᠡᠭᠦ ᠵᠠᠩᠰᠢᠯ ᠲᠡᠶ᠃

ᠭᠡᠯᠢᠨ ᠊᠊᠊᠊᠊᠊᠊᠊᠊᠊᠊᠊᠊᠊᠊ gelin ᠬᠤᠷᠴᠢᠨ ᠠᠮᠠᠨ ᠶᠠᠷᠢᠶᠠᠨ ᠳᠤ ᠭᠦᠭᠡᠭᠡᠭᠦ᠂ ᠳᠠᠭᠤᠬᠤ ᠭᠡᠭᠦ ᠤᠳᠬ᠎ᠠ ᠪᠠᠷ ᠭᠡᠯᠡᠭ᠍ᠳᠡᠨ᠎ᠡ᠃ ᠮᠤᠷᠢᠨ ᠳᠡᠷᠭᠡ᠂ ᠥᠭᠡᠷ ᠳᠡᠷᠭᠡ ᠵᠢᠯᠤᠭᠤᠳᠬᠤ ᠶᠢ ᠳᠡᠷᠭᠡ ᠭᠡᠯᠢᠭᠦ ᠭᠡᠳᠡᠭ᠌᠃ 《ᠨᠢᠭᠤᠴᠠ ᠳᠤᠪᠴᠢᠶᠠᠨ》 (§78) 《ᠭᠦᠪᠠᠭᠦᠤᠨ ᠶᠢᠡᠨ ᠭᠡᠯᠢᠨ ᠶᠠᠳᠠᠵᠤ᠂ ᠭᠦᠪᠠᠭᠦᠤᠨ ᠶᠢᠡᠨ ᠢᠳᠡᠭᠦ ᠠᠩᠭᠢᠷ ᠮᠠᠳᠤ》 ᠭᠡᠵᠤ 格鄰 ᠭᠢᠳᠠᠤᠨ ᠳᠡᠮᠳᠡᠭᠯᠡᠯ ᠲᠡᠶ ᠪᠦᠭᠡᠳ 趕 ᠭᠡᠵᠤ ᠬᠠᠵᠠᠭᠤ ᠣᠷᠴᠢᠭᠤᠯᠭ᠎ᠠ ᠬᠠᠳᠠᠭᠰᠠᠨ ᠶᠢᠡᠷ 《ᠭᠦᠭᠡᠭᠡᠭᠦ》 ᠭᠡᠭᠦ ᠤᠳᠬ᠎ᠠ ᠪᠠᠷ ᠭᠡᠷᠡᠭᠯᠡᠭ᠍ᠳᠡᠭ᠍ᠰᠡᠨ ᠨᠢ ᠢᠯᠡᠷᠭᠡᠢ᠃ ᠭᠡᠪᠠᠴᠤ ᠬᠤᠷᠴᠢᠨ ᠠᠮᠠᠨ ᠶᠠᠷᠢᠶᠠᠨ ᠳᠤ ᠳᠡᠷᠭᠡ ᠪᠠᠷᠢᠬᠤ ᠶᠢ ᠯᠠ 《ᠭᠡᠯᠢᠭᠦ》 ᠭᠡᠭᠦ ᠡᠴᠡ ᠪᠢᠰᠢ ᠮᠠᠯ ᠳᠠᠭᠤᠬᠤ᠂ ᠭᠦᠮᠤᠨ ᠭᠦᠭᠡᠭᠡᠭᠦ ᠶᠢ 《ᠭᠡᠯᠢᠭᠦ》 ᠭᠡᠭᠦ ᠦᠭᠡᠶ᠃

ᠭᠡᠷᠭᠡᠨ ᠵᠠᠭᠤᠷ᠎ᠠ ᠊᠊᠊᠊᠊᠊᠊᠊᠊᠊᠊᠊᠊᠊᠊ gergen ᠬᠤᠷᠴᠢᠨ ᠠᠮᠠᠨ ᠶᠠᠷᠢᠶᠠᠨ ᠳᠤ 《ᠭᠡᠷᠭᠡᠨ ᠵᠠᠭᠤᠷ᠎ᠠ ᠪᠠᠨ ᠶᠠᠷᠭᠢᠶᠠᠨ ᠦᠭᠡᠶ》᠂ 《ᠭᠡᠷᠭᠡᠨ ᠵᠠᠭᠤᠷ᠎ᠠ ᠪᠠᠨ ᠳᠠᠭᠠᠷᠠᠯᠴᠠᠬᠤ ᠦᠭᠡᠶ》 ᠭᠡᠭᠦ ᠮᠠᠳᠤ ᠶᠢᠨ ᠥᠭᠡᠨ ᠳᠤ ᠨᠢᠭᠡ ᠭᠡᠷ ᠤᠨ ᠭᠦᠮᠦᠰ ᠪᠦᠯᠭᠦᠮᠳᠡᠭᠦ᠂ ᠡᠷ᠎ᠡ ᠡᠮ᠎ᠡ ᠬᠤᠶᠠᠭᠤᠯᠠ ᠵᠤᠭᠢᠷᠠᠬᠤ᠂ ᠠᠪᠢᠰᠤᠨ ᠠᠵᠢᠨ ᠬᠤᠭᠤᠷᠤᠠᠳᠤ ᠪᠠᠨ ᠳᠠᠭᠠᠷᠠᠯᠴᠠᠬᠤ ᠶᠢ ᠴᠢᠬᠤᠯᠴᠢᠯᠠᠨ ᠭᠡᠯᠡᠭ᠍ᠰᠡᠨ ᠰᠠᠨᠠᠭ᠎ᠠ ᠪᠠᠢ᠌ᠨ᠎ᠠ᠃ ᠣᠠᠴᠠᠭᠠᠢ᠌ᠯᠠᠨ ᠠᠪᠢᠰᠤᠨ ᠠᠵᠢᠨ ᠬᠤᠶᠠᠭᠤᠯᠠ ᠪᠠᠨ ᠳᠠᠭᠠᠷᠠᠯᠴᠠᠬᠤ ᠦᠭᠡᠶ ᠪᠣᠢ ᠡᠨᠡ ᠠᠮᠢᠳᠤᠷᠠᠯ ᠢ ᠰᠠᠢ᠌ᠨ ᠭᠢᠭᠦ ᠳᠤ ᠭᠦᠴᠢᠷᠳᠡᠢ ᠪᠣᠯᠤᠨ᠎ᠠ᠃ ᠬᠤᠷᠴᠢᠨ ᠠᠷᠠᠤᠨ ᠤᠨ ᠳᠠᠭᠤᠤ 《ᠯᠦᠩᠮᠸᠢ》 ᠳ᠋ᠤ ᠄

ᠭᠦᠩᠴᠤ ᠳᠤᠷᠭ᠎ᠠ ᠪᠠᠨ ᠡᠮᠦᠰᠦᠭᠡᠳ ᠭᠦᠩ ᠤᠨ ᠡᠭᠦᠳᠡᠨ ᠳᠤ ᠵᠠᠶᠠᠭᠠᠪᠠᠴᠤ ᠡᠨ ᠬᠨ ᠭᠦᠢ

ᠭᠡᠷᠭᠡᠨ ᠵᠠᠭᠤᠷ᠎ᠠ ᠪᠠᠨ ᠳᠠᠭᠠᠷᠠᠬᠤ ᠦᠭᠡᠶ ᠪᠣᠯ ᠭᠡᠮᠰᠢᠯᠡᠩ ᠤᠨ ᠦᠨᠳᠦᠰᠦ ᠡ ᠭᠦᠢ

ᠭᠡᠷ ᠭᠡᠷ ᠢ ᠳᠤᠭᠤᠷᠢᠭᠠᠤᠨ ᠪᠣᠳᠠᠭ᠎ᠠ ᠶᠢ ᠪᠠᠨ ᠭᠤᠶᠤᠪᠠᠴᠤ ᠡᠨ ᠬᠨ ᠭᠦᠢ

ᠭᠡᠷᠭᠡᠢ ᠬᠤᠶᠠᠭᠤᠯᠠ ᠪᠠᠨ ᠳᠠᠭᠠᠷᠠᠴᠢᠬᠠᠪᠠᠯ ᠭᠦᠩ ᠤᠨ ᠵᠢᠷᠭᠠᠯ ᠡᠴᠡ ᠳᠤᠤᠷ᠎ᠠ ᠦᠦ ᠳ᠋ᠠ ᠭᠦᠢ ᠭᠡᠵᠤ ᠳᠠᠭᠤᠯᠠᠳᠠᠭ ᠪᠠᠢ᠌ᠨ᠎ᠠ᠃

《ᠨᠢᠭᠤᠴᠠ ᠳᠤᠪᠴᠢᠶᠠᠨ》 (§121᠂ 124) 《ᠳᠤᠳᠢ ᠴᠠᠷᠪᠢ ᠶᠢ ᠭᠡᠷ ᠳᠤᠳᠤᠷ᠎ᠠ ᠭᠡᠷᠭᠡᠨ ᠳᠤᠳᠬᠠᠷ ᠢ ᠪᠠᠰᠠᠭᠠᠯᠰᠤᠭᠠᠢ ᠭᠡᠮᠡᠪᠡ ᠁》᠂ 《ᠬᠤᠸᠬᠠᠴᠢᠨ ᠦᠨᠢᠶᠠᠨ ᠢᠷᠠᠵᠤ ᠵᠠᠮᠤᠬ᠎ᠠ ᠶᠢ ᠣᠷᠴᠢᠵᠤ ᠶᠠᠪᠣᠵᠤ ᠭᠡᠷ ᠭᠡᠷᠭᠡᠨ ᠢᠨᠤ ᠮᠦᠷᠭᠦᠯᠦᠭᠡ》 ᠭᠡᠰᠡᠨ ᠶᠢᠡᠷ ᠦᠵᠡᠪᠠᠯ 《ᠭᠡᠷᠭᠡᠨ ᠵᠠᠭᠤᠷ᠎ᠠ》 ᠨᠢ 《ᠭᠡᠷ ᠭᠡᠷᠭᠡᠨ》᠂ 《ᠭᠡᠷᠭᠡᠨ ᠭᠡᠷᠭᠡᠢ》᠂ 《ᠭᠡᠷ ᠳᠤᠳᠤᠷ᠎ᠠ ᠭᠡᠷᠭᠡᠨ ᠳᠤᠳᠬᠠᠷ》 ᠡᠴᠡ ᠢᠷᠠᠯᠳᠠᠢ ᠨᠢ ᠢᠯᠡᠭᠡᠨ ᠪᠠᠢ᠌ᠨ᠎ᠠ᠃ ᠤᠢ᠌ᠷᠠᠤᠨ ᠭᠡᠯᠡᠨ ᠳᠤ ᠪᠠᠰᠠ 《ᠭᠡᠷᠭᠡᠢ》 ᠶ᠋ᠢ 《ᠭᠡᠷᠭᠡᠨ》 ᠭᠡᠳᠡᠭ᠌᠃

ᠭᠡᠷ ᠳᠡᠷᠭᠡ ᠊᠊᠊᠊᠊᠊᠊᠊᠊᠊᠊᠊᠊᠊᠊᠊᠊᠊᠊᠊᠊᠊᠊᠊᠊᠊᠊ ger tereg ᠬᠤᠷᠴᠢᠨ ᠳᠤ ᠡᠨᠡᠭᠦ ᠬᠤᠯᠪᠣᠭ᠎ᠠ ᠥᠭᠡ ᠶᠢ ᠶᠡᠭᠡ ᠴᠢᠯᠦᠭᠡᠳᠡᠢ ᠭᠡᠷᠡᠭᠯᠡᠨ᠎ᠡ᠃ ᠵᠢᠱᠢᠶᠠᠯᠠᠪᠠᠯ᠂ 《ᠭᠡᠷ ᠳᠡᠷᠭᠡ ᠪᠠᠢ᠌ᠭᠤᠯᠬᠤ》 (ᠭᠡᠷ ᠪᠦᠯᠢ ᠪᠣᠯᠬᠤ)᠂ 《ᠭᠡᠷ ᠳᠡᠷᠭᠡ ᠪᠠᠨ ᠴᠡᠪᠠᠷᠯᠡᠭᠦ》᠂ 《ᠭᠡᠷ ᠳᠡᠷᠭᠡ ᠪᠠᠨ ᠬᠠᠷᠠᠬᠤ》 ᠭᠡᠵᠤ ᠡᠷᠳᠡᠨ ᠤ ᠦᠶ᠎ᠡ ᠶᠢᠨ ᠨᠡᠭᠦᠳᠡᠯᠴᠢᠨ ᠮᠤᠩᠭ᠋ᠤᠯᠴᠤᠳ ᠨᠡᠭᠦᠭᠦ ᠪᠠᠭᠤᠬᠤ ᠶᠢᠨ ᠳᠦᠭᠦᠮ ᠳᠤ ᠰᠢᠯᠳᠠᠭᠠᠯᠠᠨ ᠭᠡᠷ ᠶᠢᠡᠨ ᠳᠡᠷᠭᠡᠨ ᠳᠡᠭᠡᠷ᠎ᠡ ᠵᠤᠬᠢᠶᠠᠳᠠᠭ ᠣᠴᠢᠷ 《ᠭᠡᠷ ᠳᠡᠷᠭᠡ》 ᠭᠡᠮᠡᠭᠦ ᠦᠰᠤᠳ ᠥᠭᠡᠷ᠎ᠡ ᠤᠳᠬ᠎ᠠ ᠪᠦᠭᠦᠢ ᠥᠭᠡ ᠬᠤᠯᠪᠣᠭ᠎ᠠ ᠥᠭᠡ ᠪᠣᠯᠵᠤ ᠣᠳᠤ ᠪᠣᠯᠳᠠᠯ᠎ᠠ ᠭᠡᠷᠡᠭᠯᠡᠭ᠍ᠳᠡᠭ᠍ᠰᠡᠭᠡᠷ ᠪᠠᠢ᠌ᠨ᠎ᠠ᠃ 《ᠨᠢᠭᠤᠴᠠ ᠳᠤᠪᠴᠢᠶᠠᠨ》 (§6᠂ 55᠂ 100᠂ 244) ᠵᠣᠢ᠌ᠯ ᠳᠤ 《ᠣᠷᠳᠤ ᠭᠡᠷ ᠳᠡᠷᠭᠡ》᠂ 《ᠨᠢᠭᠡᠨ ᠬᠠᠷᠠᠭᠤᠳᠠᠢ ᠳᠡᠷᠭᠡᠨ ᠤ ᠥᠯᠵᠢᠭᠡ ᠳᠤ ᠁》᠂ 《ᠪᠦᠷᠳᠡ ᠦᠵᠢᠨ ᠢ ᠨᠢᠭᠤᠰᠤ ᠭᠡᠮᠡᠨ ᠪᠦᠭᠡᠨ ᠬᠠᠷᠠᠭᠤᠳᠠᠢ ᠳᠡᠷᠭᠡᠨ ᠳᠤ ᠣᠨᠤᠭᠤᠯᠵᠤ ᠁》᠂ 《ᠴᠠᠭᠠᠨ ᠳᠡᠮᠡᠭᠡᠨ ᠭᠦᠯᠵᠤ ᠬᠠᠷᠠᠭᠤᠤᠳᠠᠢ ᠳᠡᠷᠭᠡ ᠲᠡᠶ ᠰᠦᠨᠢᠵᠢᠨ ᠲᠦᠯᠢᠨ ᠶᠤᠷᠴᠢᠵᠤ ᠁》 ᠭᠡᠵᠤ ᠢᠯᠡᠷᠡᠳᠡᠭ᠌ ᠪᠠᠢ᠌ᠨ᠎ᠠ᠃ 《ᠮᠠᠷᠺᠦ ᠫᠣᠯᠤ ᠶᠢᠨ ᠵᠢᠭᠤᠯᠴᠢᠯᠠᠯ ᠤᠨ ᠳᠡᠮᠳᠡᠭᠯᠡᠯ》 (§88) ᠳ᠋ᠤ 《ᠳᠠᠳᠠ ᠨᠡᠷ (ᠮᠤᠩᠭ᠋ᠤᠯᠴᠤᠳ) ᠳᠡᠷᠭᠡ ᠪᠠᠨ ᠬᠠᠷ᠎ᠠ ᠢᠰᠡᠭᠡᠢ ᠪᠠᠷ ᠪᠦᠷᠢᠭ᠍ᠰᠡᠨ ᠨᠢ ᠳᠤᠩ ᠰᠠᠢ᠌ᠨ᠂ ᠪᠦᠳᠤᠨ ᠡᠳᠦᠷᠵᠢᠨ ᠪᠣᠷᠤᠭ᠎ᠠ ᠣᠷᠤᠬᠤ ᠳᠤ ᠣᠰᠤ ᠣᠭᠳᠤ ᠱᠥᠭᠦᠷᠡᠭᠦ ᠦᠭᠡᠶ ᠪᠦᠭᠡᠳ ᠳᠡᠭᠦᠨ ᠢ ᠳᠡᠮᠡᠭᠡᠨ ᠳᠤ ᠭᠦᠯᠯᠡᠵᠤ ᠬᠡᠦᠬᠡᠳ ᠠᠪᠠᠭᠠᠢ᠌ᠴᠤᠳ ᠰᠠᠭᠤᠵᠤ ᠶᠠᠪᠣᠨ᠎ᠠ》 ᠭᠡᠵᠡᠢ᠃

ᠭᠤᠭᠤᠰᠤᠨ ᠊᠊᠊᠊᠊᠊᠊᠊᠊᠊᠊᠊᠊᠊᠊ gogsn 《ᠨᠢᠭᠤᠴᠠ ᠳᠤᠪᠴᠢᠶᠠᠨ》 (§75) ᠳᠤ 豁豁孫 ᠭᠡᠵᠤ ᠭᠢᠳᠠᠤᠨ ᠶᠢᠡᠷ ᠳᠡᠮᠳᠡᠭᠯᠡᠨ 韭菜 ᠭᠡᠵᠤ ᠣᠷᠴᠢᠭᠤᠯᠭ᠎ᠠ ᠬᠠᠳᠠᠵᠠᠢ᠃ ᠣᠷᠴᠢᠨ ᠴᠠᠭ ᠤᠨ ᠮᠤᠩᠭ᠋ᠤᠯ ᠭᠡᠯᠡᠨ ᠳᠤ 《ᠭᠤᠭᠤᠳ》 ᠭᠡᠵᠤ ᠪᠢᠴᠢᠭᠦ ᠳᠤ ᠬᠤᠷᠴᠢᠨ ᠠᠮᠠᠨ ᠶᠠᠷᠢᠶᠠᠨ ᠳᠤ 《ᠭᠤᠭᠤᠰ》 ᠭᠡᠵᠤ ᠭᠡᠯᠡᠳᠡᠭ᠌᠃

ᠭᠤᠳᠤᠰ ᠊᠊᠊᠊᠊᠊᠊᠊᠊᠊᠊᠊᠊᠊᠊ gudus 《ᠨᠢᠭᠤᠴᠠ ᠳᠤᠪᠴᠢᠶᠠᠨ》 (§72) ᠳ᠋ᠤ 《ᠬᠣᠢ᠌ᠨᠠᠴᠠ ᠵᠢᠳᠠ ᠪᠠᠷ ᠵᠤ᠋ ᠭᠤᠳᠤᠰ ᠬᠠᠳᠬᠤᠵᠤᠬᠤ》 ᠭᠡᠵᠤ ᠭᠠᠷᠳᠠᠭ᠃ ᠳᠠᠢ᠌ᠯᠪᠣᠷᠢ ᠳᠤ ᠵᠤ᠋ ᠨᠢᠷᠤᠭᠤ 《ᠳᠠᠭᠠᠤ》 ᠬᠠᠳᠬᠤᠪᠠ ᠭᠡᠪᠡ᠃ ᠵᠢᠳᠠ ᠪᠠᠷ ᠬᠠᠳᠬᠤᠬᠤ ᠣᠢ᠌ᠯᠠ ᠶᠢ ᠭᠡᠷᠭᠢᠨ ᠵᠤ᠋ ᠨᠢᠷᠤᠭᠤ 《ᠳᠠᠭᠠᠤ》 ᠭᠡᠵᠤ ᠢᠯᠡᠳᠭᠡᠭᠦ ᠪᠢᠯᠠ ︖ ᠣᠳᠤ ᠬᠤᠷᠴᠢᠨ ᠠᠮᠠᠨ ᠶᠠᠷᠢᠶᠠᠨ ᠳᠤ ᠶᠠᠮᠠᠷ ᠨᠢᠭᠡ ᠥᠵᠦᠭᠦᠷᠳᠤ ᠶᠠᠭᠤᠮ᠎ᠠ ᠥᠭᠡᠷ᠎ᠡ ᠶᠠᠭᠤᠮᠠᠨ ᠳᠤ ᠰᠢᠪᠳᠤ ᠬᠠᠳᠬᠤᠵᠤ ᠣᠷᠤᠬᠤ ᠶᠢ 《ᠭᠤᠳᠤ ᠬᠠᠳᠬᠤᠪᠠ᠂ ᠭᠤᠳᠤ ᠰᠢᠭᠠᠪᠠ》 ᠭᠡᠭᠦ ᠥᠭᠡ ᠪᠠᠢ᠌ᠳᠠᠭ ᠡᠴᠡ ᠦᠵᠡᠪᠠᠯ ᠭᠤᠳᠤᠰ ᠭᠡᠰᠡᠨ ᠢ 《ᠨᠠᠪᠳᠠ᠂ ᠰᠢᠪᠳᠤ》 ᠭᠡᠵᠤ ᠦᠵᠡᠪᠠᠯ ᠵᠤᠭᠢᠯᠳᠠᠢ ᠰᠢᠭ ︕

ᠮᠠᠯᠢᠶᠠᠰᠤᠭᠠᠢ ᠊᠊᠊᠊᠊᠊᠊᠊᠊᠊᠊᠊᠊᠊᠊ maliyasogai ᠣᠤᠯ ᠤᠳᠬ᠎ᠠ ᠨᠢ ᠥᠭᠡᠭᠦ ᠳᠤᠰᠤ ᠳᠦᠷᠭᠢᠭᠦ᠃ 《ᠨᠢᠭᠤᠴᠠ ᠳᠤᠪᠴᠢᠶᠠᠨ》 ᠳ᠋ᠤ ᠳᠠᠭᠢᠵᠤ ᠳᠠᠪᠢᠭᠯᠠᠬᠤ ᠶᠢ ᠵᠢᠭᠠᠵᠠᠢ᠃ ᠣᠳᠤ ᠬᠤᠷᠴᠢᠨ ᠮᠤᠩᠭ᠋ᠤᠯᠴᠤᠳ ᠲᠤ 《ᠱᠠᠩᠰᠢ ᠮᠠᠯᠢᠶᠠᠬᠤ》᠂ 《ᠭᠡᠷ ᠮᠠᠯᠢᠶᠠᠬᠤ》᠂ 《ᠪᠢᠯᠠᠭᠤ ᠮᠠᠯᠢᠶᠠᠬᠤ》᠂ 《ᠳᠤᠤᠷ ᠮᠠᠯᠢᠶᠠᠬᠤ》᠂ 《ᠬᠤᠷᠤᠭᠤ ᠮᠠᠯᠢᠶᠠᠬᠤ》 ᠮᠠᠳᠤ ᠶᠢᠨ ᠮᠠᠯᠢᠶᠠᠯᠭ᠎ᠠ ᠳᠤ ᠱᠠᠩᠰᠢ ᠶᠢ ᠰᠢᠭᠦᠰᠤ ᠪᠠᠷ᠂ ᠭᠡᠷ ᠶᠢ ᠰᠦ᠋ ᠪᠠᠷ᠂ ᠪᠢᠯᠠᠭᠤ ᠳᠤᠤᠷ ᠶᠢ ᠴᠢᠰᠤ ᠪᠠᠷ᠂ ᠬᠤᠷᠤᠭᠤ ᠶᠢ ᠭᠠᠬᠠᠢ ᠬᠤᠨᠢ ᠵᠡᠷᠭᠡ ᠶᠢᠨ ᠣᠷᠠᠨ ᠳᠠᠩᠨᠠᠢ ᠪᠠᠷ ᠪᠢᠴᠢᠬᠠᠨ ᠦᠬᠢᠳ ᠤᠨ ᠭᠠᠷ ᠢ 《ᠣᠷᠠᠨ ᠪᠣᠯ ︕ ᠣᠷᠠᠨ ᠪᠣᠯ ︕》 ᠭᠡᠵᠤ ᠮᠠᠯᠢᠶᠠᠳᠠᠭ᠃ ᠡᠨᠡᠭᠦ ᠵᠠᠩᠰᠢᠯ ᠨᠢ 1224 ᠣᠨ ᠳᠤ ᠴᠢᠩᠭᠢᠰ ᠬᠠᠭᠠᠨ ᠳᠤᠮᠳᠠᠳᠤ ᠠᠽᠢᠶ᠎ᠠ ᠶᠢᠨ ᠴᠡᠷᠢᠭ᠌ ᠡᠭᠡᠭᠦ ᠵᠠᠮ ᠵᠠᠭᠤᠷ᠎ᠠ ᠳᠡᠭᠦᠨ ᠤ ᠬᠤᠶᠠᠳᠤᠭᠠᠷ ᠣᠮᠪᠣᠯ ᠬᠤᠪᠢᠯᠠᠢ᠂ ᠬᠤᠯᠠᠭᠤ᠁ ᠡᠮᠢᠯ ᠭᠤᠤᠯ ᠤᠨ ᠣᠷᠴᠢᠨ ᠢᠷᠠᠵᠤ ᠠᠭᠤᠯᠵᠠᠪᠠ᠃ ᠬᠤᠪᠢᠯᠠᠢ ᠳᠠᠷᠠ ᠳᠤᠬᠠᠢ ᠳᠤᠷ ᠰᠠ‍‌ᠶᠢ ᠠᠷᠪᠠᠨ ᠨᠢᠭᠡ ᠲᠡᠶ᠂ ᠨᠢᠭᠡ ᠳᠠᠤᠯᠠᠢ ᠬᠠᠷᠪᠣᠵᠤ᠂ ᠬᠤᠯᠠᠭᠤ ᠶ‍ᠢᠰᠦᠭᠡᠨ ᠨᠠᠰᠤᠳᠠᠢ ᠨᠢᠭᠡᠨ ᠪᠣᠭᠤ ᠬᠠᠷᠪᠣᠵᠤᠬᠤᠢ᠃ ᠳᠡᠭᠡᠭᠡᠳ ᠴᠢᠩᠭᠢᠰ ᠬᠠᠭᠠᠨ ᠬᠤᠶᠠᠷ ᠣᠮᠪᠣᠯ ᠤᠨ ᠶᠢᠡᠨ ᠳᠤᠮᠳᠠ ᠬᠤᠷᠤᠭᠤ ᠶᠢ ᠮᠢᠬ᠎ᠠ ᠪᠠᠷ ᠮᠠᠯᠢᠶᠠᠯ᠎ᠠ ᠭᠡᠳᠡᠭ᠌ ᠳᠡᠮᠳᠡᠭᠯᠡᠯ ᠪᠣᠢ᠃ ᠡᠷᠳᠡᠨ ᠮᠤᠩᠭ᠋ᠤᠯᠴᠤᠳ ᠤᠨ ᠵᠠᠩᠰᠢᠯ ᠳᠤᠷ ᠠᠩ ᠠᠪᠠ ᠳᠤ ᠠᠩᠬᠠᠨ ᠶᠠᠪᠣᠵᠤ ᠣᠯᠵᠠ ᠣᠯᠤᠭᠰᠠᠨ ᠪᠦᠭᠦᠢ ᠭᠦᠪᠠᠭᠦᠤᠨ ᠤᠨ ᠳᠤᠮᠳᠠ ᠬᠤᠷᠤᠭᠤ ᠶᠢ ᠮᠢᠬ᠎ᠠ ᠥᠭᠡᠭᠦ ᠪᠠᠷ ᠮᠠᠯᠢᠶᠠᠳᠠᠭ ᠭᠡᠨ᠎ᠡ᠃

ᠮᠠᠯᠵᠢᠨ ᠊᠊᠊᠊᠊᠊᠊᠊᠊᠊᠊᠊᠊᠊᠊ meljin 《ᠨᠢᠭᠤᠴᠠ ᠳᠤᠪᠴᠢᠶᠠᠨ》 (§260) ᠳ᠋ᠤ 篾勒氊 ᠭᠡᠵᠤ ᠳᠡᠮᠳᠡᠭᠯᠡᠨ 不服 ᠭᠡᠮᠡᠨ ᠣᠷᠴᠢᠭᠤᠯᠭ᠎ᠠ ᠬᠠᠳᠠᠭᠰᠠᠨ ᠶᠢᠡᠷ ᠨᠢ ᠮᠡᠳᠡᠷᠡᠭᠦ ᠦᠭᠡᠶ᠂ ᠪᠢᠰᠢᠷᠡᠭᠦ ᠦᠭᠡᠶ ᠭᠡᠭᠦ ᠤᠳᠬ᠎ᠠ ᠪᠠᠷ ᠭᠡᠷᠡᠭᠯᠡᠭᠦ ᠪᠦᠭᠡᠳ ᠬᠤᠷᠴᠢᠨ ᠠᠮᠠᠨ ᠶᠠᠷᠢᠶᠠᠨ ᠳᠤ 《ᠭᠡᠯᠡ ᠮᠠᠯᠵᠢᠨ》 ᠭᠡᠵᠤ ᠮᠦᠨ ᠭᠡᠯᠡᠭ᠍ᠰᠡᠨ ᠶᠢᠡᠨ ᠥᠭᠦᠨ ᠪᠠᠷᠢᠮᠳᠠᠯᠠᠨ᠂ ᠪᠣᠷᠤᠭᠤ ᠭᠡᠵᠤ ᠮᠡᠳᠡᠷᠡᠭᠦ ᠦᠭᠡᠶ᠂ ᠦᠪᠡᠷ ᠢ ᠪᠠᠨ ᠵᠥᠪᠳᠡᠭᠡᠨ ᠮᠤᠵᠢᠭᠤᠳᠯᠠᠬᠤ ᠢ ᠭᠡᠯᠡᠳᠡᠭ᠌᠃

ᠰᠢᠯᠠᠮᠠᠯᠵᠢᠨ ᠊᠊᠊᠊᠊᠊᠊᠊᠊᠊᠊᠊᠊᠊᠊ silemezen 《ᠨᠢᠭᠤᠴᠠ ᠳᠤᠪᠴᠢᠶᠠᠨ》 (§195) ᠳ᠋ᠤ 失列篾 氊 ᠭᠡᠵᠤ ᠳᠡᠮᠳᠡᠭᠯᠡᠨ 垂着 ᠭᠡᠵᠤ ᠰᠢᠯᠤᠰᠤ ᠪᠠᠨ ᠭᠤᠭᠤᠵᠢᠭᠤᠯᠬᠤ ᠶᠢ ᠭᠡᠯᠡᠵᠡᠢ᠃ ᠣᠳᠤ ᠶᠢᠨ ᠬᠤᠷᠢᠴᠠ ᠠᠮᠠᠨ ᠶᠠᠷᠢᠶᠠᠨ ᠤ 《ᠮᠦᠩᠭᠦ ᠦᠵᠡᠪᠠᠯ ᠮᠥᠯᠭᠦᠭᠡᠳ᠂ ᠰᠢᠵᠢᠷ ᠦᠵᠡᠪᠠᠯ ᠰᠢᠯᠡᠮᠡᠯᠵᠡᠭᠡᠳ》 ᠭᠡᠭᠦ ᠭᠡᠯᠡᠯᠭᠡ ᠲᠡᠶ ᠳᠤᠭᠢᠷᠠᠯᠴᠠᠵᠤ ᠪᠠᠢ᠌ᠨ᠎ᠠ᠃

ᠱᠠᠭᠠᠯᠵᠠᠬᠤᠢ ᠊᠊᠊᠊᠊᠊᠊᠊᠊᠊᠊᠊᠊᠊᠊ saljahui 《ᠨᠢᠭᠤᠴᠠ ᠳᠤᠪᠴᠢᠶᠠᠨ》 (§116) ᠳ᠋ᠤ 石阿勒札 ᠭᠡᠵᠤ ᠭᠢᠳᠠᠤᠨ ᠶᠢᠡᠷ ᠳᠡᠮᠳᠡᠭᠯᠡᠵᠤ 打石的 ᠭᠡᠵᠤ ᠣᠷᠴᠢᠭᠤᠯᠭ᠎ᠠ ᠬᠠᠳᠠᠭᠰᠠᠨ ᠶᠢᠡᠷ ᠪᠢᠳᠠ ᠱᠠᠭ᠎ᠠ ᠴᠤᠭᠢᠵᠤ ᠨᠠᠭᠠᠳᠬᠤ ᠭᠡᠵᠤ ᠮᠠᠳᠠᠵᠤ ᠳᠠᠢ᠌ᠯᠤᠨ᠎ᠠ᠃ ᠬᠤᠷᠴᠢᠨ ᠳᠤ ᠱᠠᠭ᠎ᠠ ᠶᠢ ᠪᠦᠭᠡ᠂ ᠳᠠᠩ᠂ ᠮᠠᠯ᠂ ᠰᠸᠯ᠂ ᠣᠩᠭ᠋ᠤᠳ᠂ ᠭᠡᠩᠭᠡᠯ (genggel) ᠵᠡᠷᠭᠡ ᠵᠢᠷᠭᠤᠭᠠᠨ ᠳᠠᠯ᠎ᠠ ᠬᠤᠪᠢᠶᠠᠳᠠᠭ᠃ ᠪᠦᠭᠡ ᠪᠣᠶᠤ ᠳᠠᠩ ᠳᠠᠯ᠎ᠠ ᠶᠢ ᠴᠥᠩᠭᠦᠯᠤᠨ (ᠨᠥᠭᠡᠯᠤᠨ) ᠴᠤᠭᠤᠯᠵᠤ ᠴᠥᠩᠭᠦᠯ ᠳ᠋ᠤᠨᠢ ᠳᠤᠭᠤᠯᠭ᠎ᠠ ᠴᠢᠳᠬᠤᠵᠤ ᠦᠷᠤᠵᠤ ᠵᠠᠰᠠᠭᠰᠠᠨ ᠱᠠᠭ᠎ᠠ ᠶᠢ 《ᠴᠥᠩᠭᠦᠯᠳᠦᠭ᠍ᠳᠤ ᠱᠠᠭ᠎ᠠ》 ᠭᠡᠨ᠎ᠡ᠃ 《ᠴᠥᠩᠭᠦᠯ》 ᠭᠡᠭᠦ ᠨᠢ ᠨᠥᠭᠡ ᠭᠤᠤ᠂ 《ᠳ᠋ᠦᠭ᠍ᠳᠤ》 ᠭᠡᠭᠦ ᠨᠢ ᠣᠢ᠌ᠯᠠ ᠥᠭᠡ ᠶᠢᠨ ᠪᠠᠢ᠌ᠳᠠᠯ ᠲᠦᠯᠤᠪ ᠣᠢ᠌ᠯᠠ ᠳᠠᠭᠠᠪᠣᠷᠢ ᠪᠣᠯᠤᠨ᠎ᠠ᠃ ᠬᠤᠷᠴᠢᠨ ᠤ ᠭᠦᠳᠡᠭᠡ ᠶᠢᠨ ᠬᠡᠦᠬᠡᠳ ᠤᠨ ᠱᠠᠭᠠᠯᠵᠠᠬᠤᠢ ᠶᠤᠰᠤᠨ ᠣᠯᠠᠨ ᠶᠠᠩᠵᠤ ᠳᠦᠷᠤᠯ ᠪᠠᠢ᠌ᠵᠤ ᠮᠠᠰᠢ ᠣᠷᠮ᠎ᠠ ᠪᠠᠬᠠᠳᠠᠢ ᠨᠠᠭᠠᠳᠳᠠᠭ᠃ ᠡᠭᠦᠨ ᠭᠤᠷᠤᠢ ᠴᠤᠭᠢᠬᠤ᠂ ᠭᠤᠷᠤᠢ ᠢᠰᠭᠦᠯᠭᠦ᠂ ᠳᠤᠶ‍ᠢᠭ᠎ᠠ ᠴᠤᠭᠢᠬᠤ᠂ ᠵᠡᠷᠭᠡ ᠶᠢᠨ ᠨᠠᠭᠠᠳᠤᠮ ᠤᠨ ᠱᠠᠭ᠎ᠠ ᠪᠣᠯ ᠪᠦᠷ 《ᠴᠥᠩᠭᠦᠯᠳᠦᠭ᠍ᠳᠤ ᠱᠠᠭ᠎ᠠ》 ᠪᠠᠢ᠌ᠬᠤ ᠶᠤᠰᠤᠳᠠᠢ᠃ ᠡᠭᠦᠨ ᠡᠴᠡ ᠭᠠᠳᠠᠨ᠎ᠠ ᠱᠠᠭ᠎ᠠ ᠬᠠᠶᠠᠬᠤ᠂ ᠱᠠᠭ᠎ᠠ ᠨᠢᠰᠠᠯᠠᠬᠤ᠂ ᠱᠠᠭ᠎ᠠ ᠳᠡᠭᠦᠭᠦ᠂ ᠯᠤ᠋ ᠯᠤ᠋ ᠴᠤᠭᠢᠬᠤ ᠁ ᠭᠡᠭᠦ ᠵᠡᠷᠭᠡ ᠨᠢ ᠪᠦᠷ ᠴᠤ ᠬᠤᠷᠢᠨ ᠨᠤᠳᠤᠭ ᠲᠤ ᠡᠷᠳᠡ ᠣᠵᠠᠭᠤᠷᠷ ᠡᠴᠡ ᠥᠯᠡᠳᠡᠭ᠍ᠳᠡᠵᠤ ᠢᠷᠡᠭ᠍ᠰᠡᠨ ᠱᠠᠭ᠎ᠠ ᠶᠢᠨ ᠰᠤᠶᠤᠯ ᠤᠨ ᠦᠪ ᠭᠦᠷᠦᠩᠭᠡ ᠪᠣᠯᠤᠨ᠎ᠠ᠃

ᠳᠡᠡᠭᠯᠡᠰᠤᠨ ᠊᠊᠊᠊᠊᠊᠊᠊᠊᠊᠊᠊᠊᠊᠊ danglason 《ᠨᠢᠭᠤᠴᠠ ᠳᠤᠪᠴᠢᠶᠠᠨ》 §245 ᠳ᠋ᠠᠭᠢ 《ᠮᠡᠡᠭᠯᠢᠭ᠌ ᠡᠴᠢᠭᠡ ᠁ ᠥᠭᠦᠯᠡᠷᠤᠨ 〈ᠳᠠᠢ᠌ᠷ ᠡᠳᠦᠭᠡᠨ ᠢ ᠳᠡᠡᠭᠯᠡᠰᠤᠨ ᠳᠠᠳᠤᠢ ᠪᠦᠭᠦᠢ ᠡᠴᠡ ᠨᠥᠭᠦᠴᠡᠪᠡ ᠪᠢ〉》 ᠭᠡᠰᠡᠨ ᠳᠤ 當剌速 ᠭᠡᠵᠤ ᠭᠢᠳᠠᠤᠨ ᠶᠢᠡᠷ ᠳᠡᠮᠳᠡᠭᠯᠡᠵᠤ 土塊 ᠭᠡᠵᠤ ᠬᠠᠵᠠᠭᠤ ᠣᠷᠴᠢᠭᠤᠯᠭ᠎ᠠ ᠬᠠᠳᠠᠵᠠᠢ᠃ ᠡᠨᠡ ᠨᠢ ᠬᠤᠷᠴᠢᠨ ᠠᠮᠠᠨ ᠶᠠᠷᠢᠶᠠᠨ ᠤ ᠭᠡᠰᠡᠭ᠍ᠳᠤ ᠬᠠᠳᠠᠭᠤ ᠰᠢᠷᠤᠢ ᠶᠢ 《ᠳ᠋ᠡᠡᠭᠯᠤ》 ᠭᠡᠭᠦ ᠲᠡᠶ ᠰᠢᠭᠤᠳ ᠳᠤᠭᠢᠷᠠᠯᠴᠠᠵᠤ ᠪᠠᠢ᠌ᠨ᠎ᠠ᠃

ᠳᠠᠵᠢᠶᠠᠪᠠ ᠊᠊᠊᠊᠊᠊᠊᠊᠊᠊᠊᠊᠊᠊᠊ tejiyebe ᠣᠷᠴᠢᠨ ᠴᠠᠭ ᠤᠨ ᠮᠤᠩᠭ᠋ᠤᠯ ᠭᠡᠯᠡᠨ ᠳᠤ 《ᠳᠡᠵᠢᠭᠡᠪᠡ》 ᠭᠡᠵᠤ ᠪᠢᠴᠢᠭ᠍ᠳᠡᠨ᠎ᠡ᠃ ᠬᠤᠴᠢᠨ ᠠᠮᠠᠨ ᠶᠠᠷᠢᠶᠠᠨ ᠪᠠ 《ᠨᠢᠭᠤᠴᠠ ᠳᠤᠪᠴᠢᠶᠠᠨ》 ᠳ᠋ᠤ ᠪᠦᠷ ᠠᠳᠠᠯᠢᠬᠠᠨ ᠶᠢᠡᠷ 《ᠳᠠᠵᠢᠶᠠᠪᠠ》 ᠭᠡᠵᠤ ᠭᠡᠯᠡᠭ᠍ᠳᠡᠨ᠎ᠡ᠃

ᠳᠡᠭᠡᠯ ᠊᠊᠊᠊᠊᠊᠊᠊᠊᠊᠊᠊᠊᠊᠊ deel ᠣᠷᠴᠢᠨ ᠴᠠᠭ ᠤᠨ ᠮᠤᠩᠭ᠋ᠤᠯ ᠭᠡᠯᠡᠨ ᠳᠤ ᠳᠠᠪᠠᠯ ᠭᠡᠵᠤ ᠪᠢᠴᠢᠭ᠍ᠳᠡᠨ᠎ᠡ᠃ 《ᠨᠢᠭᠤᠴᠠ ᠳᠤᠪᠴᠢᠶᠠᠨ》 §181 ᠳ᠋ᠤ 迭格 ᠭᠡᠵᠤ 衣服 ᠭᠡᠵᠤ ᠬᠠᠵᠠᠭᠤ ᠣᠷᠴᠢᠭᠤᠯᠵᠠᠢ᠃ ᠬᠤᠷᠴᠢᠨ ᠠᠮᠠᠨ ᠶᠠᠷᠢᠶᠠᠨ ᠳᠤ ᠮᠦᠨ ᠳᠡᠭᠡᠯ teel ᠭᠡᠵᠤ ᠭᠡᠯᠡᠭ᠍ᠳᠡᠨ᠎ᠡ᠃ 《ᠳᠡᠭᠡᠯ ᠢ ᠨᠢ ᠦᠵᠡᠪᠠᠯ᠂ ᠳᠡᠭᠡᠳᠤ ᠶᠢ ᠨᠢ ᠪᠣᠤ ᠠᠰᠠᠭᠤ》 ᠭᠡᠵᠤ ᠭᠡᠯᠡᠳᠡᠭ᠌᠃

ᠳᠣᠢ᠌ᠤᠠᠴᠤ ᠊᠊᠊᠊᠊᠊᠊᠊᠊᠊᠊᠊᠊᠊᠊ tuyitcu 《ᠨᠢᠭᠤᠴᠠ ᠳᠤᠪᠴᠢᠶᠠᠨ》 §140 ᠳ᠋ᠤ ᠳᠡᠢ᠌ᠷᠭᠦ᠂ ᠢᠰᠭᠦᠴᠡᠭᠦ ᠭᠡᠭᠦ ᠤᠳᠬ᠎ᠠ ᠪᠠᠷ ᠭᠡᠷᠡᠭᠯᠡᠭ᠍ᠰᠡᠨ ᠪᠠᠢ᠌ᠬᠤ ᠳᠤ ᠬᠤᠷᠴᠢᠨ ᠠᠮᠠᠨ ᠶᠠᠷᠢᠶᠠᠨ ᠳᠤ ᠳᠦᠢᠪᠠᠭᠡᠵᠤ ᠠᠭᠠᠰᠢᠯᠠᠬᠤ ᠶᠢ ᠭᠡᠯᠡᠨ᠎ᠡ᠃

ᠳᠦᠨ ᠊᠊᠊᠊᠊᠊᠊᠊᠊᠊᠊᠊᠊᠊᠊ tun 《ᠨᠢᠭᠤᠴᠠ ᠳᠤᠪᠴᠢᠶᠠᠨ》 §50 ᠳ᠋ᠤ 屯 ᠭᠡᠵᠤ ᠭᠢᠳᠠᠤᠨ ᠶᠢᠡᠷ ᠪᠢᠴᠢᠭ᠍ᠳᠡᠵᠤ 林 ᠣᠷᠴᠢᠭᠤᠯᠭ᠎ᠠ ᠬᠠᠳᠠᠵᠠᠢ᠃ ᠬᠤᠷᠴᠢᠨ ᠠᠮᠠᠨ ᠶᠠᠷᠢᠶᠠᠨ ᠳᠤ ᠦᠳᠭᠡᠨ ᠪᠠᠯᠠᠷ ᠭᠦᠨ ᠣᠢ ᠶᠢ ᠪᠠᠰᠠ ᠮᠤᠳᠤᠨ ᠳᠦᠨ ᠭᠡᠭᠦ ᠪᠣᠶᠤ ᠬᠠᠷ᠎ᠠ ᠮᠤᠳᠤᠨ ᠲᠦᠩ ᠭᠡᠵᠤ ᠭᠡᠯᠡᠨ᠎ᠡ᠃ 《ᠲᠦᠩ》 ᠭᠡᠭᠦ ᠨᠢ ᠮᠦᠨ 《ᠣᠢ ᠰᠢᠭᠤᠢ》 ᠭᠡᠭᠦ ᠤᠳᠬ᠎ᠠ ᠲᠡᠶ᠃ 《ᠲᠦᠩ》 ᠭᠡᠳᠡᠭ᠌ ᠤᠨ 《᠊ᠩ》 ᠭᠡᠢ᠌ᠭᠦᠯᠦᠭ᠍ᠴᠢ ᠨᠢ 《᠊ᠨ》 ᠪᠠᠷ ᠰᠤᠯᠢᠭᠳᠠᠭᠰᠠᠨ ᠠᠪᠢᠶᠠᠨ ᠤ ᠬᠤᠪᠢᠯᠪᠣᠷᠢ ᠮᠦᠨ᠃ ᠡᠢ᠌ᠮᠤ ᠥᠵᠡᠭ᠍ᠳᠡᠯ ᠣᠷᠴᠢᠨ ᠴᠠᠭ ᠤᠨ ᠮᠤᠩᠭ᠋ᠤᠯ ᠭᠡᠯᠡᠨ ᠳᠤ ᠪᠠᠰᠠ ᠵᠥᠩᠳᠡᠭᠡᠨ ᠬᠠᠷᠠᠭᠳᠠᠨ᠎ᠠ᠃ ᠵᠢᠱᠢᠶᠠᠯᠠᠪᠠᠯ ᠳᠤᠨ ᠊᠊᠊᠊᠊᠊᠊᠊᠊᠊᠊᠊᠊᠊᠊᠊᠊᠊᠊᠊᠊ ᠳᠤᠩᠬᠤ᠂ ᠰᠤᠨ ᠊᠊᠊᠊᠊᠊᠊᠊᠊᠊᠊᠊᠊᠊᠊ ᠰᠤᠩᠬᠤ ᠭᠡᠭᠦ ᠮᠠᠳᠤ᠃ ᠬᠤᠷᠴᠢᠨ ᠠᠷᠠᠤᠨ ᠤᠨ ᠳᠠᠭᠤᠤ 《ᠭᠠᠳᠠ ᠮᠠᠢ᠌ᠷᠠᠨ》 ᠳ᠋ᠤ

ᠳᠦᠷᠦᠭᠡᠳ ᠳᠡᠭᠡᠭ᠍ᠰᠡᠨ ᠭᠠᠵᠠᠷ ᠴᠢᠨᠢ ᠯᠤᠤ ᠭᠠᠳᠠ ᠭᠦᠶ‍ᠢ

ᠳᠠᠷᠬᠠᠨ ᠬᠤᠰᠢᠭᠤᠨ ᠤ ᠣᠷᠤᠢ ᠮᠤᠳᠤ ᠶᠢᠨ ᠠᠢ᠌ᠯ ᠶᠤᠮ ᠡ ᠭᠦᠶ‍ᠢ

ᠳᠦᠪᠠᠭ᠍ᠳᠡᠭᠡᠳ ᠯᠠ ᠠᠯᠪᠠ ᠪᠠᠨ ᠭᠢᠭ᠍ᠰᠡᠨ ᠭᠠᠵᠠᠷ ᠢ ᠴᠢᠨᠢ ᠭᠡᠯᠡᠪᠠᠯ ᠡ ᠭᠦᠶ‍ᠢ

《ᠲᠦᠩ ᠬᠠᠷ᠎ᠠ ᠮᠤᠳᠤ》 ᠶ᠋ᠢᠨ ᠳᠤᠮᠳᠠᠭᠢ ᠪᠢᠴᠢᠭ᠌ ᠤᠨ ᠭᠡᠷ ᠤᠨ ᠶᠠᠮᠤᠨ ᠡ ᠭᠦᠶ‍ᠢ ᠭᠡᠵᠤ ᠳᠠᠭᠤᠯᠠᠳᠠᠭ᠃

ᠴᠤᠳᠤᠩ ᠊᠊᠊᠊᠊᠊᠊᠊᠊᠊᠊᠊᠊᠊᠊ codong ᠬᠤᠷᠴᠢᠨ ᠠᠮᠠᠨ ᠶᠠᠷᠢᠶᠠᠨ ᠳᠤ ᠪᠠᠭ᠎ᠠ ᠬᠡᠦᠬᠡᠳ ᠤᠨ ᠣᠯᠢᠭ ᠦᠭᠡᠶ ᠠᠭᠠᠰᠢᠯᠠᠬᠤ ᠶᠢ ᠳᠤᠷ᠎ᠠ ᠥᠭᠡᠢ᠌ᠴᠡᠨ ᠵᠢᠪᠠᠭᠦᠴᠡᠵᠤ 《ᠡᠨᠡ ᠴᠤᠳᠤᠩ ᠤᠨ ᠠᠭᠠᠰᠢᠯᠠᠵᠤ ᠪᠠᠢ᠌ᠬᠤ ᠶᠢ ᠦᠵᠡ ︕》 ᠭᠡᠳᠡᠭ᠌ ᠥᠭᠡ ᠭᠠᠷᠳᠠᠭ᠃ ᠦᠨᠡᠨᠳᠡᠭᠡᠨ 《ᠴᠤᠳᠤᠩ》 ᠭᠡᠳᠡᠭ᠌ ᠥᠭᠡ ᠪᠣᠯ ᠡᠷᠳᠡᠨ ᠤ ᠣᠷᠠᠨ ᠵᠤᠬᠢᠶᠠᠯ ᠤᠨ ᠨᠢᠭᠡ ᠣᠷᠭᠢᠯ ᠪᠣᠯᠬᠤ 《ᠭᠡᠰᠡᠷ ᠤᠨ ᠳᠤᠭᠤᠵᠢ》 ᠡᠴᠡ ᠢᠷᠡᠭ᠍ᠰᠡᠨ ᠶᠤᠮ᠃ 《ᠭᠡᠰᠡᠷ ᠤᠨ ᠳᠤᠭᠤᠵᠢ》 ᠳ᠋ᠤ ᠭᠠᠷᠳᠠᠭ ᠨᠢᠭᠡ ᠪᠣᠷᠤᠭᠤ ᠳᠠᠯ᠎ᠠ ᠶᠢᠨ ᠳᠦᠷᠢ ᠪᠣᠯᠬᠤ ᠴᠤᠳᠤᠩ ᠪᠣᠯ ᠰᠠᠳᠤᠷ ᠰᠠᠮᠠᠭᠤᠨ᠂ ᠬᠤᠳᠠᠯᠴᠢ ᠬᠠᠭᠤᠷᠮᠠᠴᠢ᠂ ᠨᠡᠷᠡᠯᠭᠡᠤ ᠵᠠᠩ ᠲᠡᠶ᠂ ᠠᠶᠤᠮᠠᠳᠠᠭᠠᠢ ᠪᠦᠭᠡᠳ ᠭᠢᠮᠡᠳᠡᠭᠡᠢ ᠭᠦᠮᠤᠨ ᠶᠤᠮ᠃ ᠡᠢ᠌ᠮᠤ ᠡᠴᠡ ᠣᠳᠤ ᠬᠤᠷᠴᠢᠠᠴᠤᠳ ᠴᠤᠳᠤᠩ ᠭᠡᠭᠦ ᠦᠭᠡᠶ ᠪᠠᠷ ᠭᠦᠮᠦᠰ ᠢ ᠬᠤᠱᠤᠩᠨᠠᠬᠤ ᠪᠣᠯᠤᠭᠰᠠᠨ ᠪᠠᠢ᠌ᠨ᠎ᠠ᠃

ᠵᠡᠪᠭᠡ ᠊᠊᠊᠊᠊᠊᠊᠊᠊᠊᠊᠊᠊᠊᠊ jebke 《ᠨᠢᠭᠤᠴᠠ ᠳᠤᠪᠴᠢᠶᠠᠨ》 §137 ᠳ᠋ᠤ 者布客 ᠭᠡᠵᠦ ᠭᠦᠮᠤᠨ ᠤ ᠨᠠᠷ᠎ᠠ ᠪᠠᠷ ᠢᠯᠠᠷᠠᠨ᠎ᠠ᠃ ᠣᠳᠤ ᠬᠤᠷᠴᠢᠨ ᠳᠤ ᠪᠣᠳᠠᠭᠠᠨ ᠳᠡᠪᠢᠭᠦᠷ ᠢ ᠵᠡᠪᠭᠡ ᠭᠡᠨ᠎ᠡ᠃ ᠪᠣᠳᠠᠭ᠎ᠠ ᠵᠡᠪᠭᠡᠯᠡᠭᠦ ᠭᠡᠵᠤ ᠪᠣᠳᠠᠭ᠎ᠠ ᠠᠭᠠᠭ ᠬᠤᠶᠠᠷ ᠢ ᠰᠠᠯᠭᠠᠬᠤ ᠶᠢ ᠭᠡᠯᠡᠨ᠎ᠡ᠃

ᠵᠢᠯᠳᠤ ᠊᠊᠊᠊᠊᠊᠊᠊᠊᠊᠊᠊᠊᠊᠊ jildu 《ᠨᠢᠭᠤᠴᠠ ᠳᠤᠪᠴᠢᠶᠠᠨ》 §13 ᠳ᠋ᠤ ᠮᠠᠯ ᠤᠨ ᠳᠤᠯᠤᠭᠠᠢ ᠪᠠ ᠳᠤᠳᠤᠷ ᠡᠷᠭᠡᠳᠡᠨ ᠭᠡᠵᠡᠢ᠃ 《ᠨᠢᠭᠤᠴᠠ ᠳᠤᠪᠴᠢᠶᠠᠨ》 §214 ᠳ᠋ᠤ ᠵᠢᠯᠳᠤ ᠶᠢᠨ ᠬᠠᠳᠠᠮᠠᠯ ᠣᠷᠴᠢᠭᠤᠯᠭ᠎ᠠ ᠳᠤ 《ᠳᠦᠷᠦᠭᠦᠤ ᠭᠠᠪᠢᠶᠠᠳᠠᠨ 头功》 ᠭᠡᠵᠡᠢ᠃ ᠬᠤᠷᠴᠢᠨ ᠤ ᠵᠠᠷᠢᠮ ᠭᠠᠵᠠᠷ ᠲᠤ ᠪᠦᠭᠡ ᠶᠢᠨ ᠳᠡᠷᠢᠭᠦᠨ ᠢ ᠵᠦᠯᠳᠤ ᠭᠡᠳᠡᠭ᠌᠃ ᠡᠷᠳᠡ ᠳᠤ ᠪᠠᠨ ᠵᠦᠯᠳᠤ ᠶᠢ ᠰᠦᠨᠠᠰᠤ ᠣᠷᠤᠰᠢᠭᠰᠠᠨ ᠣᠷᠤᠨ ᠭᠡᠵᠤ ᠪᠠᠢ᠌ᠵᠠᠢ᠃ ᠶᠠᠭᠤ ᠴᠤ ᠭᠡᠰᠡᠨ ᠳᠡᠭᠡᠷᠡᠭᠢ ᠳᠠᠢ᠌ᠯᠪᠣᠷᠢ ᠶᠢ ᠦᠨᠳᠦᠰᠦᠯᠠᠪᠠᠯ ᠵᠢᠯᠳᠤ ᠭᠡᠳᠡᠭ᠌ ᠨᠢ ᠭᠤᠤᠯ ᠣᠷᠤᠨ᠂ ᠳᠡᠷᠢᠭᠦᠨ ᠳᠦᠷᠦᠭᠦᠤ ᠭᠠᠪᠢᠶ᠎ᠠ ᠳᠦᠷᠦᠭᠦᠨ ᠬᠤᠪᠢ ᠭᠡᠭᠦ ᠤᠳᠬ᠎ᠠ ᠪᠠᠷ ᠭᠡᠷᠡᠭᠯᠡᠭ᠍ᠳᠡᠭᠦ ᠪᠣᠯᠬᠤᠷ ᠣᠳᠤ ᠬᠤᠷᠴᠢᠨ ᠳᠤ 《ᠵᠢᠯᠳᠤ》 ᠭᠡᠭᠦ ᠨᠠᠷᠠᠳᠠᠢ ᠭᠦᠮᠤᠨ ᠣᠯᠠᠨ ᠪᠠᠢ᠌ᠳᠠᠭ᠃

ᠵᠤᠭᠤᠯᠤᠨ ᠊᠊᠊᠊᠊᠊᠊᠊᠊᠊᠊᠊᠊᠊᠊ juglun 《ᠨᠢᠭᠤᠴᠠ ᠳᠤᠪᠴᠢᠶᠠᠨ》 §214 ᠳ᠋ᠤ 主忽侖 ᠭᠡᠵᠤ ᠳᠡᠮᠳᠡᠭᠯᠡᠭᠡᠳ 抽 ᠭᠡᠵᠤ ᠣᠷᠴᠢᠭᠤᠯᠭ᠎ᠠ ᠬᠠᠳᠠᠵᠠᠢ᠃ ᠬᠤᠷᠴᠢᠨ ᠠᠮᠠᠨ ᠶᠠᠷᠢᠶᠠᠨ ᠳᠤ ᠪᠠᠰᠠ ᠰᠤᠭᠤᠯᠬᠤ ᠥᠭ᠍ᠳᠡᠭᠡᠭᠦ ᠭᠡᠭᠦ ᠤᠳᠬ᠎ᠠ ᠪᠠᠷ ᠭᠡᠯᠡᠭ᠍ᠳᠡᠨ᠎ᠡ᠃ ᠠᠷᠠᠤᠨ ᠤᠨ ᠳᠠᠭᠤᠤ 《ᠪᠦᠷᠦᠯᠡᠢ》 ᠳ᠋ᠤ

ᠵᠤᠨ ᠵᠤᠨ ᠤ ᠴᠡᠴᠡᠭ᠌ ᠢ

ᠵᠤᠭᠤᠯᠤᠨ ᠠᠪᠣᠭᠠᠤᠨ ᠨᠠᠭᠠᠳᠤᠭᠤᠯᠤᠭᠰᠠᠨ

ᠵᠤᠯᠤᠭ ᠶᠢᠡᠨ ᠣᠶᠤᠬᠤ ᠪᠠᠨ ᠪᠠᠢ᠌ᠭᠠᠤᠨ

ᠵᠡᠭᠦᠨ ᠪᠠᠷᠠᠭᠤᠨ ᠭᠡᠷ ᠶᠢᠡᠷ ᠶᠢᠡᠨ ᠳᠤᠭᠤᠷᠢᠭᠤᠯᠤᠭᠰᠠᠨ ᠭᠡᠵᠤ ᠳᠠᠭᠤᠯᠠᠳᠠᠭ ᠪᠠᠢ᠌ᠨ᠎ᠠ᠃

ᠶᠠᠰᠤ ᠠᠨᠤ ᠪᠠᠷᠢᠨ ᠶᠠᠳᠠᠵᠤ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 §198 ᠳ᠋ᠤ 《ᠳᠤᠭᠳᠠᠭ᠎ᠠ ᠳᠠᠠᠳᠠ ᠰᠢᠪᠠ ᠶᠢᠨ ᠰᠤᠮᠤᠨ᠎ᠠ ᠳᠤᠰᠳᠠᠵᠤ ᠣᠨᠠᠵᠤᠭᠤ᠃ ᠭᠦᠪᠠᠭᠦᠤᠨ ᠢᠨᠤ ᠶᠠᠰᠤ ᠠᠨᠤ ᠪᠠᠷᠢᠨ ᠶᠠᠳᠠᠵᠤ ᠪᠠᠶ᠎ᠠ ᠶᠢ ᠨᠢ ᠢᠨᠤ ᠠᠪᠴᠤ ᠣᠳᠤᠨ ᠶᠠᠳᠠᠵᠤ᠂ ᠳᠡᠷᠢᠭᠦᠤ ᠢᠨᠤ ᠣᠭᠳᠤᠯᠵᠤ ᠠᠪᠴᠤ ᠶᠤᠷᠴᠢᠵᠤᠭᠤ》 ᠭᠡᠵᠤ 牙速亦把牙答周 ᠭᠡᠵᠤ ᠳᠡᠮᠳᠡᠭᠯᠡᠭᠡᠳ 骨頭他的拿不能着 ᠭᠡᠵᠤ ᠣᠷᠴᠢᠭᠤᠯᠵᠠᠢ᠃ ᠳᠤᠰ ᠥᠭᠦᠯᠡᠪᠦᠷᠢ ᠶᠢ ᠨᠠᠺᠠᠮᠢᠴᠢᠤ ᠶᠢᠨ ᠳᠠᠪᠳᠠᠷ᠂ ᠨᠢᠭᠤᠷ 299 ᠳ᠋ᠤ 《ᠳᠡᠭᠦᠨ ᠭᠦᠪᠠᠭᠦᠨ ᠢᠨᠤ᠂ ᠳᠡᠭᠦᠨ ᠤ ᠭᠡᠭᠦᠷ ᠢ ᠠᠪᠠᠴᠢᠵᠤ ᠴᠢᠳᠠᠬᠤ ᠦᠭᠡᠶ》 ᠭᠡᠪᠡ᠃ ᠺᠦᠪᠢᠶᠠᠰᠢ ᠳᠠᠺᠠᠰᠢᠷᠤ ᠶᠢᠨ ᠳᠠᠪᠳᠠᠷ᠂ ᠨᠢᠭᠤᠷ 191 ᠳ᠋ᠤ 《ᠳᠡᠭᠦᠨ ᠤ ᠭᠦᠪᠠᠭᠦᠨ᠂ ᠭᠡᠭᠦᠷ ᠢ ᠠᠪᠴᠤ ᠶᠠᠪᠣᠵᠤ ᠴᠢᠳᠠᠭᠰᠠᠨ ᠦᠭᠡᠶ》 ᠭᠡᠪᠡ᠃ ᠰᠢᠶ‍ᠧ ᠽᠠᠢ ᠱᠠᠨ ᠤ ᠳᠠᠪᠳᠠᠷ᠂ ᠨᠢᠭᠤᠷ 191 ᠳ᠋ᠤᠷ 《ᠳᠡᠭᠦᠨ ᠤ ᠭᠦᠪᠠᠭᠦᠤᠨ ᠭᠡᠭᠦᠷ ᠢ ᠢᠨᠤ ᠬᠤᠷᠢᠶᠠᠵᠤ ᠠᠮᠵᠢᠯ ᠦᠭᠡᠶ ᠪᠠᠷ ᠁》 ᠭᠡᠪᠡ᠃ ᠣᠳᠤ ᠬᠤᠷᠴᠢᠨ ᠮᠤᠩᠭ᠋ᠤᠯᠴᠤᠳ ᠤᠨ 《ᠶᠠᠰᠤ ᠪᠠᠷᠢᠬᠤ》 ᠭᠡᠳᠡᠭ᠌ ᠪᠣᠯ ᠳᠠᠯᠠᠢ᠌ᠭᠴᠢ ᠶᠢ ᠠᠮᠢᠰᠬᠤᠯ ᠬᠤᠷᠢᠶᠠᠬᠤ ᠡᠴᠡ ᠡᠮᠦᠨ᠎ᠡ ᠢᠪᠠᠭᠡᠯ ᠵᠢᠯ ᠲᠡᠶ ᠭᠦᠮᠤᠨ ᠨᠢ ᠠᠮᠵᠢᠵᠤ ᠨᠢᠭᠤᠷ ᠣᠴᠠᠷᠠᠬᠤ ᠪᠣᠶᠤ ᠨᠢᠭᠡ ᠬᠤᠶᠠᠷ ᠥᠭᠡ ᠭᠡᠯᠡᠯᠴᠡᠪᠠᠯ 《ᠶᠠᠰᠤ ᠶᠢ ᠨᠢ ᠪᠠᠷᠢᠵᠠᠢ》 ᠭᠡᠳᠡᠭ᠌᠃ ᠢᠩᠭᠢᠵᠤ ᠶᠠᠰᠤ ᠶᠢ ᠨᠢ ᠪᠠᠷᠢᠭᠰᠠᠨ ᠭᠦᠮᠡ ᠤ ᠬᠤᠪᠢ ᠪᠣᠶᠠᠨ ᠰᠠᠢ᠌ᠨ ᠭᠡᠵᠤ ᠭᠡᠯᠡᠳᠡᠭ᠌᠃ ᠰᠠᠮᠫᠢᠯᠨᠤᠷᠪᠣ ᠶᠢᠨ 《ᠮᠤᠩᠭ᠋ᠤᠯ ᠤᠨ ᠵᠠᠩ ᠠᠭᠠᠯᠢ ᠶᠢᠨ ᠳᠣᠢ᠌ᠮᠤ》 ᠳ᠋ᠤ 《ᠨᠥᠭ᠍ᠴᠢᠭ᠍ᠴᠢ ᠶᠢᠨ ᠦᠷ᠎ᠡ ᠬᠡᠦᠬᠡᠳ ᠴᠢᠰᠤᠨ ᠳᠦᠷᠤᠯ ᠤᠨ ᠳᠤᠳᠤᠷᠠᠭᠢ ᠢᠪᠠᠭᠡᠯ ᠵᠢᠯ ᠲᠡᠶ ᠭᠦᠮᠤᠨ ᠁ ᠨᠥᠭ᠍ᠴᠢᠭ᠍ᠴᠢ ᠶᠢᠨ ᠳᠠᠯᠤ ᠶᠢᠨ ᠳᠡᠭᠡᠷ᠎ᠡ ᠨᠢ ᠭᠠᠷ ᠶᠢᠡᠨ ᠭᠦᠷᠭᠡᠵᠤ ᠭᠦᠳᠡᠯᠭᠡᠪᠠᠯ ᠪᠣᠯᠴᠢᠬᠠᠳᠠᠭ᠃ ᠡᠭᠦᠨ ᠢ ᠶᠠᠰᠤ ᠪᠠᠷᠢᠬᠤ ᠭᠡᠳᠡᠭ᠌》 ᠭᠡᠵᠡᠢ᠃

ᠶᠠᠰᠤ ᠾᠢᠰᠤ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 §196 ᠳ᠋ᠤ 牙速午速 ᠭᠡᠳ 骨髪 ᠭᠡᠵᠤ ᠣᠷᠴᠢᠭᠤᠯᠵᠠᠢ᠃ ᠬᠤᠷᠴᠢᠨ ᠠᠮᠠᠨ ᠶᠠᠷᠢᠶᠠᠨ ᠳᠤ 〈ᠶᠠᠰᠤ ᠭᠦᠰᠤ〉 ᠭᠡᠵᠤ ᠠᠳᠠᠯᠢᠬᠠᠨ ᠤᠳᠬ᠎ᠠ ᠪᠠᠷ ᠬᠤᠷᠰᠢᠶ᠎ᠠ ᠥᠭᠡ ᠪᠣᠯᠭᠠᠨ ᠭᠡᠷᠡᠭᠯᠡᠵᠤ ᠪᠠᠢ᠌ᠨ᠎ᠠ᠃

ᠶᠡᠭᠡ ᠭᠡᠷ ᠊᠊᠊᠊᠊᠊᠊᠊᠊᠊᠊᠊᠊᠊᠊ yekeger ᠶᠡᠭᠡ ᠭᠡᠵᠤ ᠳᠤᠮᠤ᠂ ᠠᠭᠤᠤ ᠠᠭᠤᠳᠠᠮ ᠭᠡᠭᠦ ᠣᠤᠯ ᠤᠳᠬ᠎ᠠ ᠲᠡᠶ ᠪᠣᠯ 《ᠨᠢᠭᠤᠴᠠ ᠳᠤᠪᠴᠢᠶᠠᠨ》 §100 ᠳ᠋ᠤ 也客格児 ᠭᠡᠵᠤ 大家 ᠭᠡᠵᠤ ᠣᠷᠴᠢᠭᠤᠯᠵᠠᠢ᠃ 《ᠬᠤᠸᠬᠠᠴᠢᠨ ᠡᠮᠡᠭᠡᠨ ᠥᠭᠦᠯᠡᠷᠤᠨ 〈ᠪᠢ ᠳᠠᠮᠤᠵᠢᠠ ᠨᠤᠭᠢ ᠪᠣᠢ᠃ ᠶᠠᠺᠠ ᠭᠡᠷᠳᠦᠷ ᠬᠤᠨᠢᠨ ᠺᠢᠷᠬᠠᠷ᠎ᠠ ᠢᠷᠡᠯᠡᠭᠡ〉》 ᠭᠡᠭᠦ ᠡᠴᠡ ᠦᠵᠡᠪᠠᠯ ᠡᠨᠡ 《ᠶᠡᠭᠡ ᠭᠡᠷ》 ᠪᠣᠯ ᠭᠤᠤᠯ ᠭᠡᠷ᠂ ᠠᠪᠣ ᠡᠵᠢ ᠶᠢᠨ ᠭᠡᠷ᠂ ᠡᠵᠡᠨ ᠨᠤᠶᠠᠨ ᠤ ᠭᠡᠷ ᠭᠡᠭᠦ ᠤᠳᠬ᠎ᠠ ᠢᠯᠠᠷᠠᠨ᠎ᠠ᠃ ᠣᠳᠤ ᠬᠤᠷᠴᠢᠨ ᠮᠤᠩᠭ᠋ᠤᠯᠴᠤᠳ ᠲᠤ ᠬᠡᠦᠬᠡᠳ ᠨᠢ 《ᠡᠭᠦᠳᠡ ᠡᠷᠦᠭᠡ ᠪᠣᠰᠬᠠᠵᠤ᠂ ᠡᠮᠡᠰ ᠬᠡᠦᠬᠡᠳ ᠲᠡᠶ ᠪᠣᠯᠤᠭᠰᠠᠨ》 ᠴᠤ ᠠᠪᠣ ᠡᠵᠢ ᠶᠢᠨ ᠰᠠᠭᠤᠭ᠎ᠠ ᠭᠡᠷ ᠢ ᠮᠦᠨ 《ᠶᠡᠭᠡ ᠭᠡᠷ》 ᠯᠤᠤ ᠭᠡᠷ ᠭᠡᠵᠤ ᠭᠦᠡᠳᠦᠳᠭᠡᠨ ᠭᠡᠯᠡᠨ᠎ᠡ᠃

ᠶᠤᠯᠤᠭᠰᠠᠨ ᠊᠊᠊᠊᠊᠊᠊᠊᠊᠊᠊᠊᠊᠊᠊ yologsan ᠭᠡᠳᠡᠭ᠌ ᠥᠭᠡ ᠨᠢ ᠣᠷᠴᠢᠨ ᠴᠠᠭ ᠤᠨ ᠮᠤᠩᠭ᠋ᠤᠯ ᠭᠡᠯᠡᠨ ᠤ 《ᠢᠯᠠᠭᠤᠭᠰᠠᠨ》 ᠭᠡᠭᠦ ᠥᠭᠡ ᠶᠢᠨ ᠡᠭᠢᠨ ᠤ ya ᠪᠣᠯᠤᠭᠰᠠᠨ 《ᠢ᠊》 ᠨᠢ ᠣᠬᠤᠷᠢᠨ ᠢᠵᠢᠯᠢᠰᠢᠭᠡᠳ ya ᠨᠢ lu ᠶ᠋ᠢᠨ ᠨᠥᠯᠦᠭᠡᠨ ᠳᠤ yu ᠪᠣᠯᠤᠭᠰᠠᠨ ᠪᠠᠢ᠌ᠨ᠎ᠠ᠃ 《ᠶᠤᠯᠤᠭᠰᠠᠨ》 ᠭᠡᠳᠡᠭ᠌ ᠥᠭᠡ ᠨᠢ ᠣᠷᠴᠢᠨ ᠴᠠᠭ ᠤᠨ ᠮᠤᠩᠭ᠋ᠤᠯ ᠭᠡᠯᠡᠨ ᠤ 《ᠳᠡᠢ᠌ᠯᠦᠭ᠍ᠰᠡᠨ᠂ ᠭᠦᠴᠦᠷᠡᠭ᠍ᠰᠡᠨ》 ᠭᠡᠭᠦ ᠤᠳᠬ᠎ᠠ ᠲᠡᠶ᠃ ᠬᠤᠷᠴᠢᠨ ᠶᠠᠷᠢᠶᠠᠨ ᠤ ᠭᠡᠯᠡᠨ ᠳᠤ ᠨᠠᠢ᠌ᠳᠠᠮ ᠭᠡᠷᠡᠭᠯᠡᠭ᠍ᠳᠡᠳᠡᠭ᠌᠃

ᠬᠤᠶᠠᠷ᠂ ᠬᠤᠷᠴᠢᠨ ᠠᠮᠠᠨ ᠶᠠᠷᠢᠶᠠᠨ ᠳᠤ ᠬᠠᠳᠠᠭᠠᠯᠠᠭᠳᠠᠵᠤ ᠪᠠᠢ᠌ᠭ᠎ᠠ ᠡᠷᠳᠡᠨ ᠤ ᠥᠭᠡᠰ ᠤᠨ ᠤᠳᠬ᠎ᠠ ᠵᠦᠢ ᠶᠢᠨ ᠬᠤᠪᠢᠯᠪᠣᠷᠢ

ᠬᠤᠷᠴᠢᠨ ᠠᠮᠠᠨ ᠶᠠᠷᠢᠶᠠᠨ ᠳᠤ ᠥᠯᠡᠳᠡᠭ᠍ᠳᠡᠵᠤ ᠢᠷᠡᠭ᠍ᠰᠡᠨ ᠡᠷᠳᠡᠨ ᠤ ᠥᠭᠡᠰ ᠨᠢ ᠨᠡᠢ᠌ᠭᠡᠮ ᠳᠡᠦᠭᠡ ᠶᠢᠨ ᠰᠢᠯᠳᠠᠭᠠᠨ ᠡᠴᠡ ᠪᠣᠯᠵᠤ ᠤᠳᠬ᠎ᠠ ᠶᠢᠨ ᠦᠷᠭᠡᠳᠬᠦ᠂ ᠢᠪᠴᠤᠷᠠᠬᠤ ᠬᠤᠪᠢᠯᠪᠣᠷᠢ ᠡᠭᠦᠰᠦᠭ᠍ᠰᠡᠨ ᠪᠠᠢ᠌ᠨ᠎ᠠ᠃

1.ᠤᠳᠬ᠎ᠠ ᠦᠷᠭᠡᠵᠢᠭ᠍ᠰᠡᠨ

ᠬᠠᠢ᠌ᠯᠠᠬᠤᠢ ᠊᠊᠊᠊᠊᠊᠊᠊᠊᠊᠊᠊᠊᠊᠊ hailakui ᠡᠯᠳᠡᠩᠳᠡᠢ᠂ ᠠᠷᠳᠠᠵᠠᠪ ᠤᠨ 《ᠮᠤᠩᠭ᠋ᠤᠯ ᠤᠨ ᠨᠢᠭᠤᠴᠠ ᠳᠤᠪᠴᠢᠶᠠᠨ ᠊᠊᠊᠊᠊᠊᠊᠊᠊᠊᠊᠊᠊᠊᠊ ᠰᠡᠢ᠌ᠷᠡᠭᠦᠯᠦᠯ ᠳᠠᠢ᠌ᠯᠪᠣᠷᠢ》 ᠳ᠋ᠤ ᠬᠠᠰᠭᠢᠷᠠᠬᠤ᠂ ᠪᠠᠷᠭᠢᠷᠠᠬᠤ᠂ ᠣᠷᠢᠯᠠᠬᠤ ᠭᠡᠰᠡᠨ ᠤᠳᠬ᠎ᠠ ᠲᠡᠶ ᠭᠡᠵᠡᠢ᠃ ᠣᠳᠤ ᠬᠤᠷᠴᠢᠨ ᠠᠮᠠᠨ ᠶᠠᠷᠢᠶᠠᠨ ᠳᠤ 1 ᠭᠦᠮᠤᠨ ᠤ ᠵᠤᠭᠰᠤᠬᠤ ᠦᠭᠡᠶ ᠣᠭᠢᠯᠠᠬᠤ ᠶᠢ 《ᠣᠭᠢᠯᠠᠵᠤ ᠬᠠᠢ᠌ᠯᠠᠭᠠᠤᠨ ᠵᠤᠭᠰᠤᠬᠤ ᠦᠭᠡᠶ》 ᠭᠡᠭᠦ᠂ 2 ᠬᠡᠦᠬᠡᠳ ᠤᠨ ᠣᠭᠢᠯᠠᠬᠤ ᠶᠢ᠂ 3 ᠭᠠᠬᠠᠢ ᠶᠢᠨ ᠥᠯᠦᠰᠦᠭᠡᠳ ᠳᠤᠤᠭᠠᠷᠬᠤ ᠶᠢ ᠳᠤᠰ ᠳᠤᠰ 《ᠬᠠᠢ᠌ᠯᠠᠬᠤ》 ᠭᠡᠵᠤ ᠭᠡᠯᠡᠨ᠎ᠡ᠃

ᠳᠡᠩᠰᠡᠯᠭᠡᠨ ᠊᠊᠊᠊᠊᠊᠊᠊᠊᠊᠊᠊᠊᠊᠊ dengselgen 《ᠨᠢᠭᠤᠴᠠ ᠳᠤᠪᠴᠢᠶᠠᠨ》 §174 ᠳ᠋ᠤ 《ᠭᠦᠪᠠᠭᠦᠨ ᠢ ᠦᠯᠦ ᠳᠡᠩᠰᠡᠯᠭᠡᠨ ᠠᠰᠠᠷᠠᠭᠳᠤᠨ》 ᠭᠡᠵᠤ ᠭᠠᠷᠬᠤ ᠪᠦᠭᠡᠳ ᠬᠠᠵᠠᠭᠤ ᠶᠢᠨ ᠣᠷᠴᠢᠭᠤᠯᠭ᠎ᠠ ᠳᠤ 摇动 ᠭᠡᠵᠡᠢ᠃ ᠣᠷᠴᠢᠨ ᠴᠠᠭ ᠤᠨ ᠮᠤᠩᠭ᠋ᠤᠯ ᠭᠡᠯᠡᠨ ᠳᠤ 《ᠳᠤᠩᠰᠤᠯᠠᠨ᠎ᠠ》 ᠭᠡᠵᠤ ᠳᠠᠢ᠌ᠯᠪᠣᠷᠢᠯᠠᠪᠠ᠃ ᠳᠤᠰ ᠥᠭᠡ ᠨᠢ ᠣᠳᠤ ᠬᠤᠷᠴᠢᠨ ᠠᠮᠠᠨ ᠶᠠᠷᠢᠶᠠᠨ ᠳᠤ 《ᠵᠤᠪᠠᠭᠠᠬᠤ᠂ ᠭᠠᠰᠠᠯᠭᠠᠬᠤ》 ᠭᠡᠰᠡᠨ ᠤᠳᠬ᠎ᠠ ᠪᠠᠷ ᠭᠡᠷᠡᠭᠯᠡᠭ᠍ᠳᠡᠵᠤ 《ᠳᠡᠷᠭᠡ ᠳᠤᠩᠰᠤᠯᠬᠤ᠂ ᠳᠡᠷᠭᠡ ᠳᠤᠯᠭᠢᠰᠬᠤ》 ᠶ᠋ᠢ ᠢᠯᠡᠳᠭᠡᠭ᠍ᠰᠡᠨ ᠪᠠᠢ᠌ᠬᠤ ᠳᠤ ᠬᠤᠷᠴᠢᠨ ᠠᠮᠠᠨ ᠶᠠᠷᠢᠶᠠᠨ ᠳᠤ ᠤᠳᠬ᠎ᠠ ᠦᠷᠭᠡᠵᠢᠵᠤ 《ᠳᠠᠷᠴᠢᠯᠭᠠᠬᠤ᠂ ᠵᠤᠪᠠᠭᠠᠬᠤ᠂ ᠠᠷᠭ᠎ᠠ ᠪᠠᠷᠠᠭᠳᠠᠭᠤᠯᠬᠤ》 ᠭᠡᠭᠦ ᠮᠠᠳᠤ ᠶᠢᠨ ᠤᠳᠬ᠎ᠠ ᠪᠠᠷ ᠭᠡᠷᠡᠭᠯᠡᠭ᠍ᠳᠡᠨ᠎ᠡ᠃ ᠣᠠᠴᠠᠭᠠᠢ᠌ᠯᠠᠨ ᠬᠡᠦᠬᠡᠳ ᠪᠠ ᠨᠠᠰᠤᠳᠠᠢ᠌ᠴᠤᠳ ᠤᠨ ᠠᠰᠠᠷᠠᠵᠤ ᠪᠠᠢ᠌ᠭ᠎ᠠ ᠭᠦᠮᠤᠨ ᠶᠢᠡᠨ ᠡᠯᠳᠡᠪ ᠶᠢᠡᠷ ᠵᠤᠪᠠᠭᠠᠬᠤ ᠶᠢ 《ᠳᠡᠩᠰᠡᠯᠭᠡᠵᠤ》 ᠪᠠᠢ᠌ᠨ᠎ᠠ ᠭᠡᠳᠡᠭ᠌᠃

ᠵᠤᠯᠢᠶ᠎ᠠ ᠊᠊᠊᠊᠊᠊᠊᠊᠊᠊᠊᠊᠊᠊᠊ jiloo 《ᠨᠢᠭᠤᠴᠠ ᠳᠤᠪᠴᠢᠶᠠᠨ》 § ᠳ᠋ᠤ ᠶᠠᠯ᠎ᠠ ᠭᠢᠭ᠍ᠰᠡᠳ ᠤᠨ ᠶᠠᠯ᠎ᠠ ᠶᠢᠨ ᠶᠢᠡᠨ ᠳᠠᠢ᠌ᠯᠤᠯ ᠳᠤ ᠮᠠᠯ᠂ ᠮᠥᠩᠭᠦ ᠦᠭ‍ᠭᠦ ᠶᠢ ᠵᠤᠯᠢᠶ᠎ᠠ ᠭᠡᠨ᠎ᠡ᠃ ᠬᠤᠷᠴᠢᠨ ᠠᠮᠠᠨ ᠶᠠᠷᠢᠶᠠᠨ ᠳᠤ ᠪᠠᠷᠤᠭ ᠳᠡᠩᠴᠡᠭᠦᠤ ᠦᠷᠳᠦᠭ᠍ᠳᠤ ᠶᠠᠭᠤᠮ᠎ᠠ ᠶᠢ ᠬᠠᠷᠢᠯᠴᠠᠨ ᠰᠤᠯᠢᠬᠤ ᠶᠢ ᠵᠤᠯᠢᠶ᠎ᠠ ᠭᠡᠨ᠎ᠡ᠃ ᠬᠤᠷᠴᠢᠨ ᠣᠷᠤᠭ ᠤᠨ ᠵᠠᠩ ᠵᠠᠩᠰᠢᠯ ᠳᠤ ᠬᠤᠶᠠᠷ ᠳᠠᠯ᠎ᠠ ᠶᠢᠨ ᠭᠦᠤ ᠭᠡᠦᠭᠡᠨ ᠶᠢᠡᠨ ᠰᠤᠯᠢᠵᠤ ᠣᠷᠤᠭᠯᠠᠬᠤ ᠶᠢ ᠵᠤᠯᠢᠶ᠎ᠠ ᠣᠷᠤᠭ ᠭᠡᠨ᠎ᠡ᠃ ᠳᠠᠷᠠ ᠨᠢ 《ᠨᠢᠭᠤᠴᠠ ᠳᠤᠪᠴᠢᠶᠠᠨ》 §165 ᠳ᠋ᠤ ᠭᠠᠷᠳᠠᠭ 《ᠠᠮᠠᠷᠠᠭ ᠳᠡᠭᠡᠷ᠎ᠡ ᠳᠠᠪᠬᠤᠷ ᠠᠮᠠᠷᠠᠭ ᠪᠣᠯᠤᠶ᠎ᠠ》 ᠣᠴᠢᠷ ᠡᠴᠡ ᠢᠷᠠᠯᠳᠠᠢ᠃

ᠬᠤᠷᠭᠤᠭᠰᠠᠨ ᠊᠊᠊᠊᠊᠊᠊᠊᠊᠊᠊᠊᠊᠊᠊ horgagsan 《ᠨᠢᠭᠤᠴᠠ ᠳᠤᠪᠴᠢᠶᠠᠨ》 §ᠳ᠋ᠤ ᠬᠤᠮᠢᠵᠤ ᠭᠦᠷᠢᠶᠡᠯᠡᠭᠦ ᠭᠡᠭᠦ ᠤᠳᠬ᠎ᠠ ᠪᠠᠷ ᠭᠡᠷᠡᠭᠯᠡᠭᠦ ᠳᠤ ᠬᠤᠷᠴᠢᠨ ᠠᠮᠠᠨ ᠶᠠᠷᠢᠶᠠᠨ ᠳᠤ ᠪᠦᠰᠡᠯᠡᠵᠤ᠂ ᠬᠠᠰᠢᠵᠤ᠂ ᠬᠤᠷᠢᠭᠯᠠᠬᠤ᠂ ᠬᠠᠯᠠᠭᠯᠬᠤ ᠭᠡᠭᠦ ᠮᠠᠳᠤ ᠶᠢᠨ ᠤᠳᠬ᠎ᠠ ᠪᠠᠷ ᠭᠡᠯᠡᠭ᠍ᠳᠡᠨ᠎ᠡ᠃ ᠲᠤᠬᠤᠢ᠌ᠯᠠᠪᠠᠯ᠂ 《ᠭᠦᠶ‍ᠦᠭᠦ ᠦᠭᠡᠶ ᠨᠤᠬᠠᠢ ᠨᠢ ᠭᠦᠶ‍ᠦᠭᠦ ᠨᠤᠬᠠᠢ ᠶᠢᠨ ᠶᠢᠡᠨ ᠵᠠᠮ ᠢ ᠬᠤᠷᠭᠤᠨ᠎ᠠ ᠬᠠᠯᠬᠠᠯᠠᠨ᠎ᠠ》᠂ 《ᠰᠠᠢ᠌ᠨ ᠨᠤᠬᠠᠢ ᠵᠠᠮ ᠬᠤᠷᠭᠤᠬᠤ ᠦᠭᠡᠶ》 ᠭᠡᠭᠦ ᠮᠠᠳᠤ᠃

ᠮᠠᠷᠢᠶᠠᠵᠤ ᠊᠊᠊᠊᠊᠊᠊᠊᠊᠊᠊᠊᠊᠊᠊ maraz 《ᠨᠢᠭᠤᠴᠠ ᠳᠤᠪᠴᠢᠶᠠᠨ》 §26 ᠳ᠋ᠤ ᠭᠡᠳᠡᠯᠭᠢᠯᠡᠭᠦ ᠭᠡᠭᠦ ᠤᠳᠬ᠎ᠠ ᠪᠠᠷ ᠭᠡᠷᠡᠭᠯᠡᠭ᠍ᠳᠡᠵᠡᠢ᠃ ᠬᠤᠷᠴᠢᠨ ᠳᠤ ᠮᠦᠨ 《ᠮᠠᠯ ᠳᠤ ᠮᠠᠷᠢᠶᠠᠭᠰᠠᠨ ᠬᠤᠯᠠᠭᠠᠢ᠌ᠴᠢ ᠰᠢᠭ᠂ ᠮᠢᠬᠠᠨ ᠳᠤ ᠮᠠᠷᠢᠶᠠᠭᠰᠠᠨ ᠮᠤᠤᠷ ᠰᠢᠭ》 ᠭᠡᠵᠤ ᠭᠡᠳᠡᠵᠤ ᠬᠤᠯᠠᠭᠠᠢ᠌ᠯᠠᠨ ᠬᠠᠷᠠᠬᠤ ᠶᠢ ᠢᠯᠡᠳᠭᠡᠭ᠍ᠰᠡᠨ ᠳᠦᠷᠰᠦᠯᠢᠭ᠌ ᠭᠡᠯᠡᠴᠡ ᠪᠣᠢ᠃

ᠰᠦᠯᠳᠡ ᠊᠊᠊᠊᠊᠊᠊᠊᠊᠊᠊᠊᠊᠊᠊ suld 《ᠨᠢᠭᠤᠴᠠ ᠳᠤᠪᠴᠢᠶᠠᠨ》 §201 ᠳ᠋ᠤ ᠦᠯᠵᠡᠢ ᠭᠡᠷᠡᠯ᠂ ᠡᠷᠭᠡ ᠳᠠᠷᠠᠨ ᠭᠡᠭᠦ ᠤᠳᠬ᠎ᠠ ᠪᠠᠷ ᠭᠡᠷᠡᠭᠯᠡᠭ᠍ᠳᠡᠵᠤ ᠬᠤᠷᠴᠢᠨ ᠠᠮᠠᠨ ᠶᠠᠷᠢᠶᠠᠨ ᠳᠤ ᠡᠢ᠌ᠮᠤ ᠤᠳᠬ᠎ᠠ ᠪᠠᠢ᠌ᠬᠤ ᠡᠴᠡ ᠭᠠᠳᠠᠨ᠎ᠠ ᠪᠠᠰᠠ ᠮᠠᠯ ᠳᠡᠵᠢᠭᠡᠪᠦᠷᠢ ᠶᠢ ᠬᠠᠮᠠᠭᠠᠯᠠᠬᠤ ᠰᠠᠭᠢᠭᠤᠯᠰᠤᠨ ᠢ ᠰᠦᠯᠳᠡ ᠭᠡᠳᠡᠭ᠌᠃ ᠮᠠᠯ ᠠᠵᠤ ᠠᠬᠤᠢ ᠶᠢᠨ ᠭᠦᠭ᠍ᠵᠢᠯᠳᠡ ᠪᠠᠨ ᠰᠦᠯᠳᠡ ᠳᠤ ᠭᠤᠶᠤᠭᠰᠠᠨ ᠳᠠᠭᠤᠨ

᠁ ᠁ ᠁

ᠭᠠᠢ ᠭᠠᠮᠰᠢᠭ ᠳᠤᠳᠠᠭᠤ ᠳᠤᠷᠭᠤᠨ ᠢ ᠦᠭᠡᠶ ᠪᠣᠯᠭᠠᠨ ᠠᠷᠢᠯᠭᠠᠵᠤ

ᠭᠠᠳᠠᠨᠠᠭᠢ ᠳᠠᠪᠤᠨ ᠬᠤᠰᠢᠭᠤ ᠮᠠᠯ ᠢ ᠮᠢᠨᠢ ᠮᠠᠭᠤ ᠳᠠᠪᠢᠯᠠᠩ ᠡᠴᠡ ᠭᠡᠯᠳᠦᠷᠢᠭᠦᠯ

᠁ ᠁ ᠁

ᠡᠳ᠋ ᠭᠦᠷᠦᠩᠭᠡ ᠮᠠᠯ ᠰᠦᠷᠦᠭ᠌ ᠢ ᠡᠳᠦᠷ ᠳᠤᠳᠤᠮ ᠠᠷᠪᠢᠵᠢᠭᠤᠯᠵᠤ

ᠡᠷᠭᠢᠮ ᠭᠦᠡᠳᠦᠳᠤ ᠭᠡᠢ᠌ᠮᠦᠷᠢ ᠶᠢ ᠮᠢᠨᠢ ᠭᠡᠢ᠌ᠰᠭᠡᠨ ᠰᠤᠶᠤᠷᠬ᠎ᠠ ᠭᠡᠵᠤ ᠵᠠᠯᠪᠢᠷᠠᠨ ᠳᠠᠭᠠᠳᠬᠠᠳᠠᠭ᠃

ᠵᠤᠭᠠᠵᠤ ᠭᠦ ᠊᠊᠊᠊᠊᠊᠊᠊᠊᠊᠊᠊᠊᠊᠊ zogoz 《ᠨᠢᠭᠤᠴᠠ ᠳᠤᠪᠴᠢᠶᠠᠨ》 §179 ᠳ᠋ᠤ ᠡᠪᠯᠡᠭᠦᠯᠭᠦ᠂ ᠠᠷᠭᠠᠴᠠᠬᠤ ᠤᠳᠬ᠎ᠠ ᠪᠠᠷ ᠭᠡᠷᠡᠭᠯᠡᠭ᠍ᠳᠡᠵᠡᠢ᠃ ᠬᠤᠷᠴᠢᠨ ᠠᠮᠠᠨ ᠶᠠᠷᠢᠶᠠᠨ ᠳᠤ

ᠡᠪᠯᠡᠭᠦᠯᠭᠦ ᠊᠊᠊᠊᠊᠊᠊᠊᠊᠊᠊᠊᠊᠊᠊ ᠠᠷᠭ᠎ᠠ ᠵᠤᠭᠤᠬᠤ

ᠪᠢᠴᠢᠭᠦ ᠊᠊᠊᠊᠊᠊᠊᠊᠊᠊᠊᠊᠊᠊᠊ ᠵᠤᠬᠢᠶᠠᠯ ᠵᠤᠭᠤᠬᠤ

ᠪᠡᠯᠡᠳᠭᠡᠭᠦ ᠊᠊᠊᠊᠊᠊᠊᠊᠊᠊᠊᠊᠊᠊᠊ ᠪᠣᠳᠠᠭ᠎ᠠ ᠵᠤᠭᠤᠬᠤ

ᠦᠢᠯᠡᠳᠬᠦ ᠊᠊᠊᠊᠊᠊᠊᠊᠊᠊᠊᠊᠊᠊᠊ ᠳᠡᠷᠭᠡ ᠵᠤᠭᠤᠬᠤ

ᠠᠯᠠᠬᠤ ᠊᠊᠊᠊᠊᠊᠊᠊᠊᠊᠊᠊᠊᠊᠊ ᠬᠤᠨᠢ ᠵᠤᠭᠤᠬᠤ ᠭᠡᠭᠦ ᠮᠠᠳᠤ ᠪᠠᠷ ᠠᠷᠪᠢᠨ ᠭᠡᠷᠡᠭᠯᠡᠭ᠍ᠳᠡᠨ᠎ᠡ᠃

ᠶᠡᠭᠦᠯᠡᠭᠦ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 § ᠳ᠋ᠤ ᠡᠭᠡᠯᠵᠢᠯᠡᠭᠦ᠂ ᠰᠤᠯᠢᠬᠤ ᠭᠡᠭᠦ ᠤᠳᠬ᠎ᠠ ᠲᠡᠶ᠃ ᠬᠤᠷᠴᠢᠨ ᠠᠮᠠᠨ ᠶᠠᠷᠢᠶᠠᠨ ᠳᠤ ᠣᠨᠤᠯᠭ᠎ᠠ ᠶᠢᠨ ᠮᠤᠷᠢ᠂ ᠣᠷᠭ᠎ᠠ ᠶᠢᠨ ᠮᠤᠷᠢ ᠪᠠᠨ ᠰᠤᠯᠢᠬᠤ ᠶᠢ ᠶᠡᠭᠦᠯᠡᠭᠦ ᠭᠡᠭᠦ ᠡᠴᠡ ᠭᠠᠳᠠᠨ᠎ᠠ ᠪᠠᠰᠠ ᠣᠷᠴᠢᠨ ᠴᠠᠭ ᠤᠨ ᠪᠢᠴᠢᠭ᠌ ᠤᠨ ᠭᠡᠯᠡᠨ ᠳᠤ 《ᠴᠢᠰᠤ ᠨᠥᠭᠦᠪᠦᠷᠢᠯᠡᠭᠦ》 ᠶ᠋ᠢ ᠪᠠᠰᠠ 《ᠴᠢᠰᠤ ᠶᠡᠭᠦᠯᠡᠭᠦ》 ᠭᠡᠳᠡᠭ᠌᠃

2. ᠤᠳᠬ᠎ᠠ ᠢᠪᠴᠤᠷᠠᠭᠰᠠᠨ

ᠠᠮᠠ ᠭᠡᠯᠡᠨ ᠠᠯᠳᠠᠵᠤ ᠊᠊᠊᠊᠊᠊᠊᠊᠊᠊᠊᠊᠊᠊᠊ 《ᠨᠢᠭᠤᠴᠠ ᠳᠤᠪᠴᠢᠶᠠᠨ》 §199 ᠳ᠋ᠤ 《ᠥᠭᠡ ᠳᠠᠯᠪᠢᠵᠤ᠂ ᠠᠮᠠᠯᠳᠠᠬᠤ》 ᠭᠡᠭᠦ ᠤᠳᠬ᠎ᠠ ᠪᠠᠷ ᠭᠡᠷᠡᠭᠯᠡᠭ᠍ᠳᠡᠵᠤ᠂ ᠬᠤᠷᠴᠢᠨ ᠠᠮᠠᠨ ᠶᠠᠷᠢᠶᠠᠨ ᠳᠤ ᠠᠷᠭ᠎ᠠ ᠦᠭᠡᠶ ᠪᠠᠢ᠌ᠳᠠᠯ ᠳᠤ 《ᠵᠥᠪᠰᠢᠶᠡᠷᠡᠭᠦ》 ᠭᠡᠭᠦ ᠤᠳᠬ᠎ᠠ ᠪᠠᠷ ᠭᠡᠷᠡᠭᠯᠡᠭ᠍ᠳᠡᠨ᠎ᠡ᠃ 《ᠮᠤᠷᠢ ᠠᠯᠳᠠᠪᠠᠯ ᠪᠠᠷᠢᠵᠤ ᠳᠠᠢ᠌ᠯᠤᠨ᠎ᠠ᠂ ᠠᠮᠠ ᠠᠯᠳᠠᠪᠠᠯ ᠪᠠᠷᠢᠵᠤ ᠳᠡᠢ᠌ᠯᠭᠦ ᠦᠭᠡᠶ》 ᠭᠡᠭᠦ ᠭᠡᠯᠡᠴᠡ ᠪᠣᠢ᠃

ᠢᠷᠭᠡᠨ ᠊᠊᠊᠊᠊᠊᠊᠊᠊᠊᠊᠊᠊᠊᠊ irgen 《ᠨᠢᠭᠤᠴᠠ ᠳᠤᠪᠴᠢᠶᠠᠨ》 ᠳ᠋ᠤ 《ᠢᠷᠭᠡᠨ》 ᠭᠡᠮᠡᠭᠦ ᠥᠭᠡ ᠪᠠᠷᠤᠭ 250 ᠰᠢᠬᠠᠮ ᠣᠳᠠᠭ᠎ᠠ ᠥᠭᠦᠯᠡᠭ᠍ᠳᠡᠨ᠎ᠡ᠃ ᠳᠠᠷᠤᠢ 《ᠢᠷᠭᠡᠨ》᠂ 《ᠦᠮᠴᠢ ᠢᠷᠭᠡᠨ》᠂ 《ᠬᠠᠷᠢᠶᠠᠳᠤ ᠢᠷᠭᠡᠨ》᠂ 《ᠵᠠᠷᠢᠮ ᠢᠷᠭᠡᠨ》᠂ 《ᠬᠠᠮᠤᠭ ᠢᠷᠭᠡᠨ》᠂ 《ᠢᠷᠭᠡᠨ ᠣᠷᠭ᠎ᠠ》᠂ 《ᠣᠯᠤᠰ ᠢᠷᠭᠡᠨ》 ᠭᠡᠭᠦ ᠵᠡᠷᠭᠡ ᠣᠯᠠᠨ ᠨᠠᠷ᠎ᠠ ᠪᠠᠷ ᠢᠯᠠᠷᠠᠵᠤ ᠪᠦᠷ ᠵᠢᠷ ᠤᠨ ᠣᠯᠠᠨ ᠲᠦᠮᠡᠨ᠂ ᠹᠧᠥᠳᠠᠯ ᠤᠨ ᠦᠶ᠎ᠡ ᠶᠢᠨ ᠬᠠᠷᠢᠶᠠᠳᠤ ᠬᠠᠮᠵᠢᠯᠭ᠎ᠠ ᠠᠯᠪᠠᠳᠤ ᠨᠡᠷ ᠢ ᠨᠠᠷᠠᠯᠠᠵᠤ ᠪᠠᠢ᠌ᠪᠠ᠃ ᠬᠤᠷᠴᠢᠨ ᠠᠮᠠᠨ ᠶᠠᠷᠢᠶᠠᠨ ᠳᠤ ᠡᠷᠳᠡᠨ ᠤ ᠭᠡᠯᠡᠨ ᠤ ᠤᠳᠬ᠎ᠠ ᠶᠢᠨ ᠡᠳᠦᠢ ᠳᠠᠳᠤᠢ ᠨᠢ ᠣᠷᠭᠢᠭᠳᠠᠵᠤ ᠵᠥᠪᠭᠡᠨ 《ᠭᠢᠳᠠᠤᠨ ᠦᠨᠳᠦᠰᠦᠳᠠᠨ》 ᠭᠡᠭᠦ ᠯᠠ ᠤᠳᠬ᠎ᠠ ᠪᠠᠷ ᠢᠯᠡᠷᠡᠭᠦ ᠪᠣᠯᠵᠠᠢ᠃ ᠵᠢᠱᠢᠶᠠᠯᠠᠪᠠᠯ ᠢᠷᠭᠡᠨ ᠭᠦᠮᠤᠨ᠂ ᠢᠷᠭᠡᠨ ᠪᠢᠴᠢᠭ᠌᠂ ᠢᠷᠭᠡᠨ ᠥᠭᠡ ᠭᠡᠭᠦ ᠮᠠᠳᠤ᠃

3.ᠠᠪᠢᠶ᠎ᠠ ᠣᠠᠳᠤᠤᠰᠢᠭᠰᠠᠨ

ᠡᠯ ᠊᠊᠊᠊᠊᠊᠊᠊᠊᠊᠊᠊᠊᠊᠊ ᠡᠳᠡᠯ

ᠢᠭᠤᠷᠠᠵᠤ ᠊᠊᠊᠊᠊᠊᠊᠊᠊᠊᠊᠊᠊᠊᠊ ᠶᠤᠭᠤᠬᠤ

《ᠨᠢᠭᠤᠴᠠ ᠳᠤᠪᠴᠢᠶᠠᠨ》 §195 ᠳ᠋ᠤ 《ᠠᠭᠠᠵᠢᠮ ᠶᠢᠡᠷ ᠰᠢᠯᠵᠢᠭᠦ》 ᠭᠡᠭᠦ ᠤᠳᠬ᠎ᠠ ᠪᠠᠷ ᠭᠡᠷᠡᠭᠯᠡᠭ᠍ᠳᠡᠵᠤ ᠬᠤᠷᠴᠢᠨ ᠤ ᠠᠮᠠᠨ ᠶᠠᠷᠢᠶᠠᠨ ᠳᠤ ᠬᠡᠦᠬᠡᠳ ᠤᠨ ᠰᠠᠭᠤᠭ᠎ᠠ ᠪᠠᠷ ᠶᠢᠡᠨ ᠣᠷᠤᠭᠰᠢ ᠠᠭᠠᠵᠢᠮ ᠰᠢᠯᠵᠢᠭᠦ ᠶᠢ 〈ᠶᠤᠭᠤᠬᠤ〉 ᠭᠡᠨ᠎ᠡ᠃

ᠤᠳᠴᠢᠭᠢᠨ ᠊᠊᠊᠊᠊᠊᠊᠊᠊᠊᠊᠊᠊᠊᠊  ᠤᠳᠬᠤᠨ

ᠳᠦᠷᠺ ᠭᠡᠯᠡᠨ ᠳᠤ 《ᠣᠤᠨ》 ᠪᠣᠯ ᠭᠠᠯ᠂ 《ᠴᠢᠭᠢᠨ》 ᠪᠣᠯ ᠣᠯᠠᠮᠯᠠᠬᠤ ᠭᠡᠭᠦ ᠤᠳᠬ᠎ᠠ ᠲᠡᠶ᠃ ᠳᠠᠷᠤᠢ ᠭᠠᠯ ᠤᠨ ᠡᠵᠡᠨ᠂ ᠭᠠᠯ ᠭᠤᠯᠤᠮᠳᠠ ᠶᠢᠨ ᠡᠵᠡᠨ ᠭᠡᠭᠦ᠃ ᠡᠷᠳᠡᠨ ᠤ ᠮᠤᠩᠭ᠋ᠤᠯᠴᠤᠳ ᠬᠠᠮᠤᠭ ᠪᠠᠭ᠎ᠠ ᠭᠦᠤ ᠳᠡᠭᠡᠨ ᠦᠪ ᠭᠦᠷᠦᠩᠭᠡ ᠪᠠᠨ ᠵᠠᠯᠭᠠᠮᠵᠢᠯᠠᠭᠤᠯᠬᠤ᠂ ᠭᠠᠯ ᠭᠤᠯᠤᠮᠳᠠ ᠪᠠᠨ ᠰᠠᠭᠢᠭᠤᠯᠬᠤ ᠵᠠᠩᠰᠢᠯ ᠲᠡᠶ ᠪᠣᠯᠬᠤᠷ ᠬᠠᠮᠤᠭ ᠪᠠᠭ᠎ᠠ ᠭᠦᠤ ᠪᠠᠨ 《ᠤᠳᠴᠢᠭᠢᠨ》 ᠭᠡᠵᠤ ᠨᠡᠷᠡᠯᠡᠳᠡᠭ᠌᠃ ᠵᠢᠱᠢᠶᠠᠯᠠᠪᠠᠯ 《ᠨᠢᠭᠤᠴᠠ ᠳᠤᠪᠴᠢᠶᠠᠨ》 ᠳ᠋ᠤ 《ᠠᠯᠳᠠᠨ ᠤᠳᠴᠢᠭᠢᠨ》 ᠬᠤᠳᠠᠯᠠ ᠬᠠᠭᠠᠨ ᠤ ᠪᠠᠭ᠎ᠠ ᠭᠦᠪᠠᠭᠦᠨ᠂ 《ᠳᠠᠷᠢᠳᠠᠢ ᠤᠳᠴᠢᠭᠢᠨ》 ᠪᠠᠷᠳᠠᠨ ᠪᠠᠭᠠᠳᠤᠷ ᠤᠨ ᠪᠠᠭ᠎ᠠ ᠭᠦᠪᠠᠭᠦᠨ᠂ ᠶ‍ᠢᠰᠦᠭᠡᠢ ᠪᠠᠭᠠᠳᠤᠷ ᠤᠨ ᠪᠠᠭ᠎ᠠ ᠳᠡᠭᠦᠤ᠂ ᠳᠠᠮᠤᠵᠢᠨ ᠤ ᠪᠠᠭ᠎ᠠ ᠠᠪᠠᠭ᠎ᠠ᠂ 《ᠳᠡᠮᠦᠭᠡ ᠤᠳᠴᠢᠭᠢᠨ》 ᠶ‍ᠢᠰᠦᠭᠡᠢ ᠪᠠᠭᠠᠳᠤᠷ ᠤᠨ ᠪᠠᠭ᠎ᠠ ᠭᠦᠪᠠᠭᠦᠨ᠂ ᠳᠠᠮᠤᠵᠢᠨ ᠤ ᠪᠠᠭ᠎ᠠ ᠳᠡᠭᠦᠤ ᠁ ᠭᠡᠭᠦ ᠮᠠᠳᠤ ᠶᠢᠨ ᠣᠯᠠᠨ ᠨᠠᠷᠠᠰ ᠬᠠᠷᠠᠭᠳᠠᠳᠠᠭ᠃ ᠣᠳᠤ ᠬᠤᠷᠴᠢᠨ ᠮᠤᠩᠭ᠋ᠤᠯᠴᠤᠳ ᠡᠨᠡᠭᠦ ᠣᠵᠤᠭᠤᠷ ᠳᠡᠦᠭᠡ ᠶᠢᠨ ᠵᠠᠩ ᠵᠠᠩᠰᠢᠯ ᠶᠢᠡᠨ ᠬᠠᠳᠠᠭᠠᠯᠠᠭᠰᠠᠭᠠᠷ ᠢᠷᠠᠵᠤ ᠬᠠᠮᠤᠭ ᠪᠠᠭ᠎ᠠ ᠭᠦᠤ ᠪᠠᠨ 《ᠤᠳᠬᠤᠨ》᠂ 《ᠤᠳᠬᠤᠠᠪᠠᠶᠠᠷ》᠂ 《ᠤᠳᠬᠤᠠᠪᠠᠭᠠᠳᠤᠷ》᠂ 《ᠤᠳᠭᠤᠡᠴᠢᠮᠡᠭ᠌》᠂ 《ᠤᠳᠭᠤᠡᠭᠡᠷᠡᠯ》᠂ 《ᠤᠳᠬᠤᠠᠰᠤᠳᠤ》 ᠁ ᠭᠡᠭᠦᠴᠢᠯᠡᠨ ᠨᠠᠷᠠᠯᠠᠵᠤ᠂ ᠭᠠᠯ ᠭᠤᠯᠤᠮᠳᠠ ᠪᠠᠨ ᠳᠤᠰᠢᠶᠠᠬᠤ᠂ ᠦᠪ ᠭᠦᠷᠦᠩᠭᠡ ᠪᠠᠨ ᠵᠠᠯᠭᠠᠮᠵᠢᠯᠠᠭᠤᠯᠳᠠᠭ ᠵᠠᠩᠰᠢᠯ ᠲᠡᠶ᠃

ᠣᠭᠤᠭ᠎ᠠ ᠊᠊᠊᠊᠊᠊᠊᠊᠊᠊᠊᠊᠊᠊᠊ ᠣᠭᠤᠰᠢ

《ᠨᠢᠭᠤᠴᠠ ᠳᠤᠪᠴᠢᠶᠠᠨ》 §187 ᠳ᠋ᠤ 《ᠣᠭᠤᠭ᠎ᠠ》 ᠭᠡᠵᠤ ᠪᠢᠴᠢᠭ᠍ᠳᠡᠨ᠂ ᠬᠤᠷᠴᠢᠨ ᠠᠮᠠᠨ ᠶᠠᠷᠢᠶᠠᠨ ᠳᠤ 《ᠣᠭᠤᠰᠢ》 ᠭᠡᠵᠤ ᠭᠡᠯᠡᠭ᠍ᠳᠡᠨ ᠪᠦᠷ ᠴᠤ 〈ᠪᠦᠷᠢᠨ᠂ ᠮᠠᠰᠢ᠂ ᠰᠦᠷᠡᠭᠡᠢ᠂ ᠭᠡᠳᠤ〉 ᠭᠡᠭᠦ ᠤᠳᠬ᠎ᠠ ᠪᠠᠷ ᠭᠡᠷᠡᠭᠯᠡᠭ᠍ᠳᠡᠵᠡᠢ᠃ ᠵᠢᠱᠢᠶᠠᠯᠠᠪᠠᠯ 《ᠣᠭᠤᠰᠢ ᠠᠭᠠᠰᠢᠯᠠᠵᠤ ᠪᠠᠢ᠌ᠨ᠎ᠠ᠂ ᠣᠭᠤᠰᠢ ᠵᠠᠮ ᠳᠠᠯᠪᠢᠬᠤ ᠦᠭᠡᠶ》 ᠭᠡᠭᠦ ᠮᠠᠳᠤ᠃

ᠥᠭᠦᠳᠦᠭᠡᠢ (ᠳᠤᠪᠴᠢᠶᠠᠨ) ᠊᠊᠊᠊᠊᠊᠊᠊᠊᠊᠊᠊᠊᠊᠊ ᠦᠣᠳᠦᠭᠡᠢ (ᠬᠤᠷᠴᠢᠨ)

ᠠᠪᠢᠶᠠᠨ ᠤ ᠣᠠᠳᠤᠤᠰᠢᠯ ᠭᠠᠷᠤᠭᠰᠠᠨ ᠡᠴᠡ ᠪᠢᠰᠢ ᠪᠦᠷ ᠴᠤ 〈ᠦᠵᠢᠷᠠᠵᠤ᠂ ᠢᠯᠵᠠᠷᠠᠵᠤ᠂ ᠥᠮᠡᠭᠡᠢ᠌ᠷᠡᠵᠤ〉 ᠭᠡᠭᠦ ᠤᠳᠬ᠎ᠠ ᠲᠡᠶ᠃ 《ᠨᠢᠭᠤᠴᠠ ᠳᠤᠪᠴᠢᠶᠠᠨ》 §276 ᠳ᠋ᠤ 〈ᠥᠭᠳᠦᠭᠡᠢ〉 ᠭᠡᠵᠤ ᠳᠡᠮᠳᠡᠭᠯᠡᠭ᠍ᠳᠡᠨ ᠬᠤᠷᠴᠢᠨ ᠠᠮᠠᠨ ᠶᠠᠷᠢᠶᠠᠨ ᠳᠤ 〈ᠦᠣᠵᠤ〉 ᠭᠡᠵᠤ ᠭᠡᠯᠡᠭ᠍ᠳᠡᠨ᠎ᠡ᠃ ᠵᠢᠱᠢᠶᠠᠯᠠᠪᠠᠯ ᠠᠷᠠᠤᠨ ᠤᠨ ᠳᠠᠭᠤᠤ 《ᠳ᠋ᠠᠨᠠᠪᠠᠯ》 ᠳ᠋ᠤ

ᠡᠤ ᠲᠦᠩ ᠱᠤ ᠮᠤᠳᠤ ᠴᠢᠨᠢ ᠦᠣᠭᠡᠳ ᠣᠨᠠᠪᠠᠯ ᠯᠠ ᠭᠦᠢ

ᠦᠳᠦᠨ ᠵᠢᠭᠦᠷ ᠲᠡᠶ ᠢᠩᠭᠡᠷ ᠰᠢᠪᠠᠭᠤ ᠴᠢᠨᠢ ᠬᠠᠮᠢᠭ᠎ᠠ ᠪᠠᠨ ᠰᠠᠭᠤᠭᠠᠤᠨ ᠳᠤᠩᠭ᠋ᠤᠳᠤᠨ᠎ᠠ ᠳ᠋ᠠ ᠭᠦᠢ ᠁ ᠭᠡᠵᠤ ᠳᠠᠭᠤᠯᠠᠳᠠᠭ ᠪᠠᠢ᠌ᠨ᠎ᠠ᠃

ᠪᠠᠰᠠᠭᠠᠯᠠ (ᠳᠤᠪᠴᠢᠶᠠᠨ) ᠊᠊᠊᠊᠊᠊᠊᠊᠊᠊᠊᠊᠊᠊᠊ ᠪᠠᠭᠴᠠᠭᠠᠯᠠ (ᠬᠤᠷᠴᠢᠨ)

《ᠨᠢᠭᠤᠴᠠ ᠳᠤᠪᠴᠢᠶᠠᠨ》 §124 ᠳ᠋ᠤ 〈ᠪᠠᠰᠠᠭᠠᠯᠠ〉 ᠭᠡᠳᠡᠭ᠌ ᠨᠢ ᠳᠡᠭ᠍ᠰᠢᠯᠡᠭᠦ᠂ ᠡᠮᠭᠢᠯᠡᠭᠦ᠂ ᠭᠡᠭᠦ ᠤᠳᠬ᠎ᠠ ᠪᠠᠷ ᠭᠡᠷᠡᠭᠯᠡᠭ᠍ᠳᠡᠨ᠂ ᠬᠤᠷᠴᠢᠨ ᠠᠮᠠᠨ ᠶᠠᠷᠢᠶᠠᠨ ᠤ 《ᠪᠠᠭᠴᠠᠭᠠᠯᠠ》 ᠭᠡᠳᠡᠭ᠌ ᠨᠢ ᠮᠦᠨ ᠤᠳᠬ᠎ᠠ ᠳᠤ ᠳᠤᠭᠢᠷᠠᠯᠴᠠᠵᠤ ᠪᠠᠢ᠌ᠨ᠎ᠠ᠃ ᠵᠢᠱᠢᠶᠠᠯᠠᠪᠠᠯ ᠨᠡᠭᠦᠵᠤ ᠪᠠᠭᠤᠬᠤ ᠦᠶ᠎ᠡ ᠳᠤ 《ᠭᠡᠷ ᠳᠡᠷᠭᠡ ᠪᠠᠨ ᠪᠠᠭᠴᠠᠭᠠᠯᠠ》 ᠭᠡᠭᠦ ᠪᠣᠶᠤ ᠶᠠᠪᠣᠵᠤ ᠰᠠᠭᠤᠬᠤ ᠭᠦᠮᠤᠨ ᠢ 《ᠡᠭᠦᠷᠭᠡ ᠳᠡᠭᠦᠷᠭᠡ ᠪᠠᠨ ᠪᠠᠭᠴᠠᠭᠠᠯᠠ ᠭᠡᠳᠡᠭ᠌᠃》

ᠪᠠᠷᠭᠡᠨ (ᠳᠤᠪᠴᠢᠶᠠᠨ) ᠊᠊᠊᠊᠊᠊᠊᠊᠊᠊᠊᠊᠊᠊᠊ ᠪᠠᠷᠭᠡᠢ (ᠬᠤᠷᠴᠢᠨ)

《ᠨᠢᠭᠤᠴᠠ ᠳᠤᠪᠴᠢᠶᠠᠨ》 §47.68 ᠳ᠋ᠤ 《᠁ ᠴᠠᠷᠠᠬᠠᠢ ᠯᠢᠩᠬᠸ᠎ᠠ ᠶᠢᠨ ᠪᠠᠷᠭᠡᠨ ᠡᠮ᠎ᠡ ᠡᠴᠡ ᠳᠦᠷᠦᠭ᠍ᠰᠡᠨ ᠪᠠᠰᠤᠳᠠᠢ ᠨᠠᠷᠠᠳᠤ ᠪᠦᠯᠦᠭᠡ》᠂ 《᠁ ᠦᠴᠦᠭᠡᠳ ᠬᠤᠴᠤᠷᠤᠭᠰᠠᠤᠨ ᠳᠡᠭᠦᠤ ᠨᠡᠷ ᠶᠢᠡᠨ ᠪᠠᠯᠪᠠᠰᠤᠨ ᠪᠠᠷᠭᠡᠨ ᠶᠢᠡᠨ ᠠᠰᠠᠷᠠᠬᠤ ᠶᠢ ᠴᠢ ᠮᠠᠳᠠ》 ᠭᠡᠰᠡᠨ ᠡᠴᠡ 《ᠪᠠᠷᠭᠡᠨ》 ᠭᠡᠳᠡᠭ᠌ ᠨᠢ ᠠᠬ᠎ᠠ ᠶᠢᠨ ᠪᠠᠷᠢ ᠪᠣᠯᠤᠨ᠎ᠠ᠃ ᠬᠤᠷᠴᠢᠨ ᠠᠮᠠᠨ ᠶᠠᠷᠢᠶᠠᠨ ᠳᠤ 《ᠪᠠᠷᠭᠡᠨ》 ᠶ᠋ᠢᠡᠨ 《ᠪᠠᠷᠭᠡᠢ》 ᠭᠡᠳᠡᠭ᠌᠃ ᠡᠨᠡ ᠨᠢ 《ᠪᠠᠷᠭᠡᠨ ᠪᠠᠷᠭᠡᠢ》 《ᠭᠡᠷᠭᠡᠨ ᠭᠡᠷᠭᠡᠢ》 ᠭᠡᠭᠦ ᠲᠡᠶ ᠠᠮᠠ ᠵᠤᠭᠢᠴᠠᠯᠳᠤᠵᠤ ᠪᠠᠢ᠌ᠨ᠎ᠠ᠃

ᠬᠤᠠᠵᠢᠭᠤᠯᠠᠰ᠂ ᠬᠤᠩᠵᠢᠭᠤᠯᠠᠰ (ᠳᠤᠪᠴᠢᠶᠠᠨ) ᠊᠊᠊᠊᠊᠊᠊᠊᠊᠊᠊᠊᠊᠊᠊ ᠬᠤᠵᠤᠤᠯ᠎ᠠ᠂ ᠬᠤᠩᠵᠢᠭᠤᠯ (ᠬᠤᠷᠴᠢᠨ)

《ᠨᠢᠭᠤᠴᠠ ᠳᠤᠪᠴᠢᠶᠠᠨ》 §27 ᠳ᠋ᠤ 《ᠬᠤᠪᠠᠬᠠᠢ ᠮᠤᠳᠤ》 ᠶ᠋ᠢ ᠭᠡᠯᠡᠵᠡᠢ᠃ ᠬᠤᠷᠴᠢᠨ ᠠᠮᠠᠨ ᠶᠠᠷᠢᠶᠠᠨ ᠳᠤ hujul᠂ hunjul ᠭᠡᠵᠤ ᠠᠪᠢᠶ᠎ᠠ ᠥᠭᠡᠷᠳᠡᠨ ᠭᠡᠯᠡᠭ᠍ᠳᠡᠵᠤ᠂ ᠪᠠᠰᠠ ᠮᠦᠨ ᠤᠳᠬ᠎ᠠ ᠪᠠᠷ ᠭᠡᠷᠡᠭᠯᠡᠭ᠍ᠳᠡᠨ᠎ᠡ᠃ ᠪᠠᠰᠠ ᠮᠤᠳᠤᠨ ᠭᠠᠳᠠ ᠭᠡᠳᠡᠭ᠌᠃ ᠬᠠᠳᠠᠵᠤ ᠬᠤᠪᠠᠬᠠᠢ᠌ᠷᠠᠭᠰᠠᠨ ᠮᠤᠳᠤ ᠪᠣᠶᠤ ᠮᠤᠳᠤᠨ ᠤ ᠦᠨᠳᠦᠰᠦ ᠶᠢ ᠭᠡᠯᠡᠨ᠎ᠡ᠃ ᠵᠤᠭᠤᠰ ᠮᠥᠩᠭᠦᠨ ᠤ ᠠᠮᠢᠠᠴᠢᠷ ᠭᠦᠮᠤᠨ ᠢ 《ᠭᠠᠷ ᠳᠡᠭᠡᠷ᠎ᠡ ᠨᠢ ᠬᠤᠠᠵᠢᠭᠤᠯ ᠤᠨ ᠭᠠᠯ ᠳᠠᠯᠪᠢᠭᠠᠤᠨ ᠠᠯᠳᠠᠬᠤ ᠦᠭᠡᠶ》 ᠭᠡᠵᠤ ᠶᠤᠭᠳᠠᠯᠠᠨ ᠢᠯᠡᠳᠭᠡᠳᠡᠭ᠌᠃

ᠭᠦᠯᠴᠢᠷᠭᠡᠮᠦᠢ (ᠳᠤᠪᠴᠢᠶᠠᠨ) ᠊᠊᠊᠊᠊᠊᠊᠊᠊᠊᠊᠊᠊᠊᠊ ᠭᠦᠯᠴᠦᠭᠦᠷᠡᠮᠦᠢ (ᠬᠤᠷᠴᠢᠨ)

《ᠨᠢᠭᠤᠴᠠ ᠳᠤᠪᠴᠢᠶᠠᠨ》 ᠳ᠋ᠤ ᠪᠠ ᠬᠤᠷᠴᠢᠨ ᠠᠮᠠᠨ ᠶᠠᠷᠢᠶᠠᠨ ᠳᠤ ᠪᠦᠷ 《ᠠᠷᠢᠭᠢᠨ ᠳᠤ ᠰᠤᠭᠳᠤᠭᠠᠤᠨ ᠶᠡᠭᠡ ᠬᠠᠯᠠᠭᠤᠷᠠᠭᠠᠤᠨ ᠣᠬᠠᠭᠠᠨ ᠪᠠᠯᠠᠷᠠᠬᠤ》 ᠶ᠋ᠢ ᠭᠡᠯᠡᠨ᠎ᠡ᠃ ᠬᠤᠷᠴᠢᠨ ᠠᠮᠠᠨ ᠶᠠᠷᠢᠶᠠᠨ ᠳᠤ 《ᠰᠤᠭᠳᠠᠭᠤ ᠭᠦᠮᠤᠨ ᠰᠤᠤᠳᠠᠨ (骚蛋)᠂ ᠭᠦᠯᠴᠦᠭᠦᠤ ᠭᠦᠮᠤᠨ ᠭᠦᠡᠳᠡᠨ (混蛋)》 ᠭᠡᠳᠡᠭ᠌᠃

ᠮᠡᠭᠡᠵᠢᠯᠡᠨ (ᠳᠤᠪᠴᠢᠶᠠᠨ) ᠊᠊᠊᠊᠊᠊᠊᠊᠊᠊᠊᠊᠊᠊᠊ ᠮᠡᠭᠡᠵᠢᠭᠦᠷ (ᠬᠤᠷᠴᠢᠨ)

《ᠨᠢᠭᠤᠴᠠ ᠳᠤᠪᠴᠢᠶᠠᠨ》 §140 ᠳ᠋ᠤ 《ᠮᠡᠭᠡᠵᠢᠯᠡᠨ ᠳᠠᠳᠠᠵᠤ》 ᠭᠡᠰᠡᠨ ᠢ ᠮᠦᠷᠤ ᠶᠢ ᠨᠢ ᠮᠡᠭ᠍ᠵᠡᠢ᠌ᠯᠭᠡᠨ ᠳᠠᠳᠠᠵᠤ ᠭᠡᠵᠡᠢ᠃ ᠬᠤᠷᠴᠢᠨ ᠠᠮᠠᠨ ᠶᠠᠷᠢᠶᠠᠨ ᠳᠤ ᠨᠢᠷᠤᠭᠤ ᠮᠡᠭᠦᠯᠵᠡᠵᠤ ᠶᠠᠪᠣᠬᠤ ᠶᠢ 《ᠮᠡᠭᠡᠵᠢᠭᠦᠷ ᠭᠦᠮᠤᠨ》 ᠭᠡᠳᠡᠭ᠌᠃ 《ᠴᠢᠩᠭᠢᠰ ᠬᠠᠭᠠᠨ ᠤ ᠶᠡᠭᠡ ᠦᠴᠢᠭ᠌》 ᠮᠢᠯᠢᠶᠠᠬᠤᠨ ᠢᠷᠦᠭᠡᠯ ᠳᠤ 《ᠳᠭᠤᠷᠤᠤ ᠮᠠᠳᠤ ᠮᠡᠭ᠍ᠵᠡᠢ᠌ᠯᠭᠡᠭ᠍ᠴᠢ ᠪᠢᠯᠠ᠂ ᠳᠤᠭᠤᠳᠠᠭ ᠮᠠᠳᠤ ᠥᠡᠳᠥᠢᠯᠭᠡᠭ᠍ᠴᠢ ᠪᠢᠯᠠ》 ᠭᠡᠵᠤ ᠪᠠᠢ᠌ᠨ᠎ᠠ᠃

ᠮᠤᠬᠤᠯᠠᠷ (ᠳᠤᠪᠴᠢᠶᠠᠨ) ᠊᠊᠊᠊᠊᠊᠊᠊᠊᠊᠊᠊᠊᠊᠊ ᠮᠤᠬᠤᠷ (ᠬᠤᠷᠴᠢᠨ)

《ᠨᠢᠭᠤᠴᠠ ᠳᠤᠪᠴᠢᠶᠠᠨ》 §121 ᠳ᠋ᠤ ᠡᠪᠠᠷ ᠦᠭᠡᠶ ᠥᠭᠡᠷ ᠢ ᠮᠤᠬᠤᠯᠠᠷ ᠥᠭᠡᠷ ᠭᠡᠵᠡᠢ᠃ ᠣᠳᠤ ᠬᠤᠷᠴᠢᠨ ᠠᠮᠠᠨ ᠶᠠᠷᠢᠶᠠᠨ ᠳᠤ ᠢᠷ ᠦᠭᠡᠶ ᠥᠵᠦᠭᠦᠷ ᠦᠭᠡᠶ ᠪᠠᠢ᠌ᠳᠠᠯ ᠢ ᠳᠤᠰᠬᠠᠭᠰᠠᠨ ᠳᠡᠮᠳᠡᠭ᠌ ᠥᠭᠡ ᠪᠣᠯᠵᠠᠢ᠃ ᠳᠠᠷᠤᠢ ᠮᠤᠬᠤᠷ ᠭᠢᠳᠤᠭ᠎ᠠ᠂ ᠮᠤᠬᠤᠷ ᠳᠤᠯᠤᠭᠠᠢ ᠭᠡᠭᠦ ᠮᠠᠳᠤ᠃

ᠰᠢᠳᠭᠦᠯ (ᠳᠤᠪᠴᠢᠶᠠᠨ) ᠊᠊᠊᠊᠊᠊᠊᠊᠊᠊᠊᠊᠊᠊᠊ ᠰᠠᠪᠠᠤᠨ (ᠬᠤᠷᠴᠢᠨ)

《ᠨᠢᠭᠤᠴᠠ ᠳᠤᠪᠴᠢᠶᠠᠨ》 §96 ᠳ᠋ᠤ 《᠁ ᠴᠤᠳᠠᠨ ᠡᠭᠡ ᠶᠢᠨ ᠰᠢᠳᠭᠦᠯ ᠭᠡᠵᠤ ᠬᠠᠷ᠎ᠠ ᠪᠣᠯᠠᠭᠠᠨ ᠳᠠᠬᠤ ᠠᠪᠴᠢᠷᠠᠵᠤ ᠪᠦᠯᠦᠭᠡ》 ᠳ᠋ᠠᠭᠢ ᠬᠠᠳᠠᠮᠠᠯ ᠣᠷᠴᠢᠭᠤᠯᠭ᠎ᠠ ᠳᠤ 见公姑的礼 ᠬᠠᠳᠠᠮ ᠯᠤᠭ᠎ᠠ ᠵᠤᠯᠭᠠᠬᠤ ᠪᠠᠯᠡᠭ᠌ ᠭᠡᠵᠡᠢ᠃ ᠬᠤᠷᠴᠢᠨ ᠤ ᠣᠷᠤᠭ ᠬᠤᠷᠢᠮ ᠤᠨ ᠵᠠᠩᠰᠢᠯ ᠳᠤ ᠣᠷᠤᠭ ᠳᠤᠭᠳᠠᠭᠰᠠᠨ ᠭᠡᠦᠭᠡᠨ ᠣᠷᠤᠭᠯᠠᠬᠤ ᠡᠴᠡ ᠪᠠᠨ ᠡᠮᠦᠨ᠎ᠡ ᠦᠪᠡᠷ ᠤᠨ ᠭᠠᠷ ᠶᠢᠡᠷ ᠶᠢᠡᠨ ᠱᠠᠬᠠᠢ᠂ ᠭᠤᠳᠤᠯ᠂ ᠣᠭᠤᠳᠠ ᠬᠠᠪᠳᠠᠭ᠎ᠠ᠂ ᠭᠤᠶᠤᠯᠠᠯ ᠤᠨ ᠬᠤᠪᠴᠠᠰᠤ ᠵᠡᠷᠭᠡ ᠶᠢ ᠣᠯᠠᠨ ᠠᠷᠪᠢᠨ ᠣᠷᠠᠯᠠᠨ ᠣᠶᠤᠵᠤ ᠪᠦᠳᠦᠭᠡᠭᠡᠳ ᠰᠢᠨ᠎ᠠ ᠪᠠᠷᠢ ᠪᠣᠯᠬᠤ ᠳᠤ ᠪᠠᠨ ᠬᠠᠳᠠᠮ ᠤᠨ ᠳᠠᠯ᠎ᠠ ᠶᠢᠨ ᠭᠦᠮᠦᠰ ᠲᠤ ᠠᠩᠬᠠᠨ ᠤ ᠣᠴᠠᠷᠠᠯ ᠵᠤᠯᠭᠠᠯ ᠤᠨ ᠪᠠᠯᠡᠭ᠌ ᠪᠣᠯᠭᠠᠨ ᠪᠠᠷᠢᠳᠠᠭ᠃ ᠡᠭᠦᠨ ᠢ ᠬᠤᠷᠴᠢᠨ ᠠᠮᠠᠨ ᠶᠠᠷᠢᠶᠠᠨ ᠳᠤ 《ᠰᠠᠪᠠᠤᠨ》 ᠭᠡᠳᠡᠭ᠌᠃

ᠳᠦᠪᠠᠵᠤ (ᠳᠤᠪᠴᠢᠶᠠᠨ) ᠊᠊᠊᠊᠊᠊᠊᠊᠊᠊᠊᠊᠊᠊᠊ ᠳᠦᠪᠠᠭ᠍ᠳᠡᠵᠤ ᠬᠤᠷᠴᠢᠨ

《ᠨᠢᠭᠤᠴᠠ ᠳᠤᠪᠴᠢᠶᠠᠨ》 §112 ᠳ᠋ᠤ 《ᠨᠠᠢ᠌ᠯᠠᠵᠤ᠂ ᠬᠠᠮᠰᠠᠬᠤ᠂ ᠬᠤᠪᠢ ᠪᠠᠷᠢᠯᠳᠤᠬᠤ᠂ ᠵᠠᠶᠠᠭᠠᠬᠤ》 ᠭᠡᠭᠦ ᠤᠳᠬ᠎ᠠ ᠲᠡᠶ ᠭᠡᠷᠡᠭᠯᠡᠨ᠎ᠡ᠃ ᠬᠤᠷᠴᠢᠨ ᠠᠮᠠᠨ ᠶᠠᠷᠢᠶᠠᠨ ᠳᠤ ᠮᠦᠨ ᠠᠳᠠᠯᠢ᠃ ᠵᠢᠱᠢᠶᠠᠯᠠᠪᠠᠯ ᠬᠤᠷᠴᠢᠨ ᠠᠷᠠᠤᠨ ᠤᠨ ᠳᠠᠭᠤᠤ ᠨᠤᠭᠤᠳ ᠲᠤ 《ᠳᠦᠪᠠᠭ᠍ᠳᠡᠭ᠍ᠰᠡᠨ ᠭᠠᠵᠠᠷ ᠢ ᠴᠢᠨᠢ ᠭᠡᠯᠡᠪᠠᠯ ᠡ᠁》᠂ 《ᠳᠦᠪᠠᠭ᠍ᠳᠡᠭᠡᠳ ᠵᠠᠶᠠᠭᠠᠭᠰᠠᠨ ᠭᠦᠮᠤᠨ ᠢ ᠴᠢᠨᠢ ᠭᠡᠯᠡᠪᠠᠯ ᠡ᠁》 ᠭᠡᠵᠤ ᠳᠠᠭᠤᠯᠠᠵᠤ ᠪᠠᠢ᠌ᠳᠠᠭ᠃

ᠢᠯᠠᠭᠤᠭᠰᠠᠨ (ᠪᠢᠴᠢᠭ᠌) ᠊᠊᠊᠊᠊᠊᠊᠊᠊᠊᠊᠊᠊᠊᠊ ᠶᠤᠯᠤᠬᠤ (ᠶᠠᠷᠢᠶᠠᠨ)

ᠪᠢᠴᠢᠭ᠌ ᠤᠨ ᠭᠡᠯᠡᠨ ᠤ ᠳᠡᠢ᠌ᠯᠭᠦ᠂ ᠭᠦᠴᠦᠷᠡᠭᠦ ᠶᠢ ᠬᠤᠷᠴᠢᠨ ᠠᠮᠠᠨ ᠶᠠᠷᠢᠶᠠᠨ ᠳᠤ ᠶᠤᠯᠤᠬᠤ ᠭᠡᠵᠤ ᠭᠡᠯᠡᠳᠡᠭ᠌᠃ ᠡᠨᠡ ᠥᠭᠡ ᠪᠣᠯ 《ᠢᠯᠠᠭᠤᠭᠰᠠᠨ》 ᠭᠡᠰᠡᠨ ᠥᠭᠡ ᠡᠴᠡ ᠠᠪᠢᠶ᠎ᠠ ᠣᠠᠳᠤᠤᠰᠢᠵᠤ ᠪᠣᠢ ᠪᠣᠯᠤᠭᠰᠠᠨ ᠥᠭᠡ ᠪᠣᠯᠬᠤ ᠶᠤᠮ᠃

ᠭᠤᠷᠪᠠ᠂ ᠬᠤᠷᠴᠢᠨ ᠠᠮᠠᠨ ᠶᠠᠷᠢᠶᠠᠨ ᠳ᠋ᠠᠭᠢ ᠭᠡᠯᠡᠴᠡ ᠶᠢᠨ ᠣᠯᠪᠠᠭ᠎ᠠ ᠶᠢᠨ ᠳᠤᠬᠠᠢ

1.ᠲ᠋ᠠᠪᠤᠨ ᠬᠤᠷᠤᠬᠤᠳᠢᠶᠠᠨ ᠳᠠᠮᠤᠳᠠᠯᠠ

ᠠᠷᠪᠠᠨ ᠬᠤᠷᠤᠬᠤᠳᠢᠶᠠᠨ ᠬᠠᠭᠤᠳᠳᠠᠯ᠎ᠠ ᠊᠊᠊᠊᠊᠊᠊᠊᠊᠊᠊᠊᠊᠊᠊

ᠠᠮᠪᠠᠭᠠᠢ ᠬᠠᠭᠠᠨ ᠳᠠᠲ᠋ᠠᠷ ᠢᠷᠭᠡᠨ᠎ᠡ ᠪᠠᠷᠢᠭᠳᠠᠵᠤ ᠭᠦᠪᠠᠭᠦᠤᠨ ᠳᠡᠭᠡᠨ ᠭᠡᠯᠡᠭᠦᠯᠦᠭ᠍ᠰᠡᠨ ᠨᠢ 《ᠳᠠᠪᠤᠨ ᠬᠤᠷᠤᠭᠤᠳ ᠶᠢᠡᠨ ᠭᠢᠮᠤᠯ ᠳᠠᠮᠤᠳᠠᠯ᠎ᠠ᠂ ᠠᠷᠪᠠᠨ ᠬᠤᠷᠤᠭᠤᠳ ᠶᠢᠡᠨ ᠬᠠᠭᠤᠳᠳᠠᠯ᠎ᠠ ᠠᠴᠢ ᠮᠢᠨᠤ ᠠᠪᠣᠷᠠᠨ ᠰᠤᠷᠢᠳᠬᠤᠨ》 ᠭᠡᠵᠡᠢ᠃ ᠳᠠᠷᠤᠢ ᠠᠯᠢᠪᠠ ᠪᠠᠨ ᠦᠷᠡᠭ᠍ᠳᠡᠭᠦᠯᠵᠤ ᠪᠠᠢ᠌ᠭᠠᠤᠨ ᠴᠤ ᠭᠡᠰᠡᠨ ᠮᠢᠨᠤ ᠦᠰᠢᠶ᠎ᠠ ᠶᠢ ᠠᠪᠴᠤ ᠥᠭ᠌ ᠭᠡᠰᠡᠨ ᠰᠠᠨᠠᠭ᠎ᠠ ᠲᠡᠶ ᠥᠭᠡ᠃ ᠣᠳᠤ ᠬᠤᠷᠴᠢᠨ ᠳᠤ 《ᠳᠠᠪᠢᠨ ᠬᠤᠷᠤᠭᠤᠨ ᠤ ᠪᠠᠨ ᠳᠠᠷ ᠢ ᠪᠠᠷᠠᠵᠤ᠂ ᠠᠷᠪᠠᠨ ᠬᠤᠷᠤᠭᠤᠨ ᠤ ᠪᠠᠨ ᠠᠷᠠᠰᠤ ᠶᠢ ᠡᠯᠡᠳᠡᠯ᠎ᠡ》 ᠭᠡᠵᠤ ᠣᠢ᠌ᠯᠠ ᠪᠠᠨ ᠪᠠᠷᠠᠵᠤ ᠦᠰᠤ ᠪᠠᠨ ᠳᠤᠭᠠᠯᠠᠨ ᠭᠦᠴᠢᠷ ᠵᠤᠪᠠᠯᠠᠩ ᠠᠮᠰᠠᠨ ᠪᠠᠢ᠌ᠭ᠎ᠠ ᠪᠠᠢ᠌ᠳᠠᠯ ᠢ ᠵᠤᠢ᠌ᠷᠯᠠᠨ ᠢᠯᠡᠳᠭᠡᠳᠡᠭ᠌᠃

2.ᠴᠡᠭᠡᠯ ᠣᠰᠤᠨ ᠨᠢᠳᠤᠷᠠᠯᠤᠭ᠎ᠠ

ᠴᠡᠦᠭᠡᠨ ᠴᠢᠯᠠᠬᠤᠬᠤᠨ ᠴᠡᠦᠭᠦᠷᠡᠯᠤᠭᠡ ᠊᠊᠊᠊᠊᠊᠊᠊᠊᠊᠊᠊᠊᠊᠊ 

《ᠨᠢᠭᠤᠴᠠ ᠳᠤᠪᠴᠢᠶᠠᠨ》 §72 ᠳ᠋ᠤ ᠳᠠᠢ᠌ᠴᠢᠭᠤᠳ ᠨᠡᠷ ᠶ‍ᠢᠰᠦᠭᠡᠢ ᠪᠠᠭᠠᠳᠤᠷ ᠢ ᠪᠠᠶ᠎ᠠ ᠪᠠᠷᠠᠭᠰᠠᠨ ᠤ ᠰᠡᠭᠦᠯᠡᠷ ᠪᠣᠷᠵᠢᠭᠢᠨ ᠠᠢ᠌ᠮᠠᠭ ᠪᠣᠯᠬᠤ ᠦᠭᠡᠶ ᠪᠣᠯᠪᠠ ᠭᠡᠮᠡᠨ 《ᠴᠡᠭᠡᠯ ᠤᠨ ᠴᠢᠯᠠᠭᠤᠨ ᠰᠢᠷᠭᠢᠪᠠ᠂ ᠴᠡᠭᠡᠨ ᠴᠢᠯᠠᠭᠤᠨ ᠰᠣᠢ᠌ᠷᠠᠪᠠ》 ᠭᠡᠮᠡᠨ ᠥᠭᠦᠯᠡᠯᠳᠦᠭᠡᠳ ᠰᠠᠯᠵᠤ ᠣᠳᠤᠭᠰᠠᠨ ᠪᠢᠯᠠ᠃ ᠡᠨᠡ ᠵᠣᠢ᠌ᠷᠯᠠᠵᠤ ᠢᠯᠡᠳᠭᠡᠭ᠍ᠰᠡᠨ ᠥᠭᠡ ᠨᠢ ᠣᠳᠤ ᠬᠤᠷᠴᠢᠨ ᠳᠤ 《ᠳᠤᠯᠭᠠᠭᠤᠷᠢ ᠨᠢ ᠬᠤᠭᠤᠷᠠᠵᠤ᠂ ᠳᠤᠭᠤᠭ᠎ᠠ ᠨᠢ ᠴᠤᠭᠤᠷᠠᠪᠠ》᠂ 《ᠭᠠᠯ ᠨᠢ ᠣᠠᠳᠠᠷᠠᠵᠤ᠂ ᠭᠤᠯᠤᠮᠳᠠ ᠨᠢ ᠬᠠᠷᠠᠯᠠᠪᠠ》 ᠭᠡᠵᠤ ᠭᠡᠯᠡᠭ᠍ᠳᠡᠭᠦ ᠪᠣᠯᠵᠠᠢ᠃

3.ᠰᠡᠭᠦᠳᠡᠷᠡᠴᠡ ᠪᠣᠰᠤ ᠨᠥᠭᠦᠷ ᠦᠭᠡᠶ

ᠰᠡᠭᠦᠯᠡᠴᠡ ᠪᠣᠰᠤ ᠴᠢᠴᠤᠭ᠎ᠠ ᠦᠭᠡᠶ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §77᠂ 78 ᠳ᠋ᠤ ᠥᠭᠡᠯᠤᠨ ᠡᠭᠡ ᠡᠴᠡ ᠳᠠᠮᠤᠵᠢᠨ ᠬᠠᠰᠠᠷ ᠨᠡᠷ ᠢ ᠪᠦᠯᠭᠦᠮᠳᠡᠵᠤ ᠨᠥᠭᠦᠷᠯᠡᠭᠦ ᠭᠡᠷᠡᠭ᠍ᠳᠡᠢ ᠭᠡᠰᠡᠨ ᠶᠢᠡᠨ ᠢᠩᠭᠢᠵᠤ ᠰᠤᠷᠭᠠᠵᠤ ᠰᠢᠭᠦᠮᠵᠢᠯᠡᠵᠤ ᠭᠡᠯᠡᠭ᠍ᠰᠡᠨ ᠪᠠᠢ᠌ᠨ᠎ᠠ᠃ ᠣᠳᠤ ᠬᠤᠷᠴᠢᠨ ᠳᠤ ᠮᠦᠨ ᠭᠡᠪ ᠶᠢᠡᠷ ᠭᠡᠷᠡᠭᠯᠡᠭ᠍ᠳᠡᠵᠤ ᠪᠦᠯᠭᠦᠮᠳᠡᠭᠦ ᠦᠭᠡᠶ᠂ ᠨᠥᠭᠦᠷᠯᠡᠭᠦ ᠦᠭᠡᠶ ᠭᠦᠮᠤᠨ ᠢ ᠢᠩᠭᠢᠵᠤ ᠵᠣᠢ᠌ᠷᠯᠠᠵᠤ ᠰᠢᠭᠦᠮᠵᠢᠯᠡᠵᠤ ᠪᠠᠢ᠌ᠳᠠᠭ᠃ ᠳᠠᠷᠤᠢ 《ᠰᠡᠭᠦᠳᠡᠷ ᠡᠴᠡ ᠪᠠᠨ ᠪᠣᠰᠤᠳ ᠨᠥᠭᠦᠷ ᠦᠭᠡᠶ᠂ ᠰᠡᠭᠦᠯ ᠡᠴᠡ ᠪᠠᠨ ᠥᠭᠡᠷ᠎ᠡ ᠳᠠᠰᠢᠭᠤᠷ ᠦᠭᠡᠶ》 ᠭᠡᠵᠤ ᠭᠡᠯᠡᠳᠡᠭ᠌᠃

4.ᠨᠢᠳᠤᠨ ᠤ ᠰᠤᠷᠢᠮᠤᠨ

ᠠᠮᠠᠨ ᠤ ᠬᠠᠬᠠᠰᠤᠨ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §77 ᠳ᠋ᠤ ᠪᠠᠭ᠍ᠳᠡᠷ ᠡᠴᠡ ᠳᠠᠮᠤᠵᠢᠨ ᠬᠠᠰᠠᠷ ᠭᠡᠯᠡᠭ᠍ᠰᠡᠨ ᠵᠣᠢ᠌ᠷ ᠥᠭᠡ ᠨᠢ ᠣᠳᠤ ᠬᠤᠷᠴᠢᠨ ᠳᠤ 《ᠨᠢᠳᠤᠨ ᠳᠤ ᠣᠷᠤᠭᠰᠠᠨ ᠬᠤᠭ᠂ ᠰᠢᠳᠤᠨ ᠳᠤ ᠣᠷᠤᠭᠰᠠᠨ ᠮᠢᠬ᠎ᠠ》 《ᠮᠢᠬᠠᠨ ᠳᠤ ᠣᠷᠤᠭᠰᠠᠨ ᠦᠷᠭᠡᠰᠤ》 ᠰᠢᠭ ᠭᠡᠵᠤ ᠠᠳᠠ ᠥᠵᠡᠭ᠍ᠳᠡᠭ᠍ᠰᠡᠨ᠂ ᠭᠡᠳᠤ ᠮᠠᠭᠤᠬᠠᠢ ᠥᠵᠡᠭ᠍ᠳᠡᠭ᠍ᠰᠡᠨ ᠪᠠᠢ᠌ᠳᠠᠯ ᠢ ᠵᠣᠢ᠌ᠷᠯᠠᠨ ᠢᠯᠡᠳᠭᠡᠳᠡᠭ᠌᠃

5.ᠰᠥᠪᠠᠭᠡ ᠰᠠᠴᠢᠵᠤ

ᠬᠠᠪᠢᠷᠭ᠎ᠠ ᠬᠠᠳᠬᠤᠵᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §127 ᠳ᠋ᠤ ᠵᠠᠮᠤᠬ᠎ᠠ ᠡᠴᠡ ᠠᠯᠳᠠᠨ ᠬᠤᠴᠠᠷ ᠬᠤᠶᠠᠷ ᠢ 《ᠳᠠᠮᠤᠵᠢᠨ ᠪᠢᠳᠠ ᠬᠤᠶᠠᠭᠤᠯᠠ ᠢ ᠬᠠᠭᠠᠴᠠᠭᠤᠯᠪᠠ》 ᠭᠡᠵᠤ ᠰᠢᠭᠦᠮᠵᠢᠯᠡᠨ ᠭᠡᠯᠡᠭ᠍ᠰᠡᠨ ᠵᠣᠢ᠌ᠷ ᠥᠭᠡ᠃ ᠣᠳᠤ ᠡᠨᠡ ᠥᠭᠡ ᠨᠢ 《ᠬᠠᠶᠠᠭ᠎ᠠ ᠪᠠᠨ ᠬᠠᠳᠤᠷᠴᠤ᠂ ᠬᠠᠨᠢᠳᠠᠨ ᠶᠢᠡᠨ ᠬᠤᠳᠠᠯᠳᠤᠬᠤ》 ᠭᠡᠵᠤ ᠬᠤᠪᠴᠢ ᠬᠤᠩᠰᠢᠶᠠᠷ ᠵᠥᠭᠡᠭᠡᠳᠡᠭ᠌ ᠭᠦᠮᠤᠨ ᠢ ᠰᠢᠭᠦᠮᠵᠢᠯᠡᠨ ᠭᠡᠯᠡᠭ᠍ᠰᠡᠨ ᠪᠠᠢ᠌ᠨ᠎ᠠ᠃

6. ᠴᠠᠭᠠᠨ᠎ᠠ ᠰᠠᠴᠠᠪᠠᠰᠤ

ᠬᠠᠷ᠎ᠠ ᠳ᠋ᠠ ᠬᠠᠬᠠᠪᠠᠰᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §167 ᠳ᠋ᠤ ᠨᠢᠯᠬ᠎ᠠ ᠰᠡᠩᠭᠦᠮ ᠡᠴᠡ ᠡᠴᠢᠭᠡ ᠣᠩ ᠬᠠᠨ ᠳᠤ 《ᠰᠦᠨ ᠳᠤ ᠴᠠᠴᠠᠵᠤ᠂ ᠮᠢᠬᠠᠨ ᠳᠤ ᠬᠠᠬᠠᠵᠤ᠁》 ᠥᠭᠦᠪᠠᠰᠤ ᠭᠡᠵᠤ ᠢᠳᠬᠠᠨ ᠭᠡᠯᠡᠭ᠍ᠰᠡᠨ ᠥᠭᠡ᠃ ᠣᠳᠤ ᠡᠨᠡ ᠥᠭᠡ ᠭᠦᠮᠤᠨ ᠤ ᠨᠠᠰᠤᠨ ᠦᠳᠡᠯᠵᠤ ᠭᠦᠴᠤ ᠳᠠᠮᠢᠷ ᠮᠠᠭᠤᠵᠢᠷᠠᠭᠰᠠᠨ ᠢ 《ᠨᠠᠷᠢᠨ ᠡᠪᠠᠰᠤᠨ ᠳᠤ ᠨᠠᠢ᠌ᠭᠤᠵᠤ᠂ ᠪᠦᠳᠦᠭᠦᠨ ᠡᠪᠠᠰᠤᠨ ᠳᠤ ᠪᠦᠳᠦᠷᠢᠭᠦ》 ᠭᠡᠵᠤ ᠵᠣᠢ᠌ᠷᠯᠠᠨ ᠢᠯᠡᠳᠭᠡᠭᠦ ᠪᠣᠯᠤᠭᠰᠠᠨ ᠪᠠᠢ᠌ᠨ᠎ᠠ᠃

7.ᠬᠠᠷ᠎ᠠ ᠰᠦᠨᠢ ᠵᠡᠭᠦᠳᠤᠨ ᠳᠤᠷ

ᠭᠡᠭᠡᠨ ᠦᠳᠦᠷ ᠴᠡᠭᠡᠵᠢ ᠳᠤᠷ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §219 ᠳ᠋ᠤ ᠴᠢᠩᠭᠢᠰ ᠬᠠᠭᠠᠨ ᠡᠴᠡ ᠰᠤᠷᠬᠠᠨ ᠰᠢᠷ᠎ᠠ ᠳᠤ ᠠᠮᠢᠨ ᠠᠪᠣᠷᠠᠭᠰᠠᠨ ᠰᠠᠢ᠌ᠨ ᠢ ᠴᠢᠨᠢ 《ᠬᠠᠷ᠎ᠠ ᠰᠦᠨᠢ ᠵᠡᠭᠦᠳᠤᠨ ᠳᠤᠷ᠂ ᠭᠡᠭᠡᠭᠡ ᠦᠳᠦᠷ ᠴᠡᠭᠡᠵᠢ ᠳᠤᠷ ᠰᠠᠳᠭᠢᠵᠤ ᠶᠠᠪᠣᠪᠠ》 ᠭᠡᠵᠡᠢ᠃ ᠣᠳᠤ ᠳᠤᠰ ᠥᠭᠡ ᠨᠢ 《ᠡᠳᠦᠷ ᠤᠨ ᠪᠣᠳᠤᠯ᠂ ᠰᠦᠨᠢ ᠶᠢᠨ ᠵᠡᠭᠦᠳᠤ》 ᠭᠡᠵᠤ ᠴᠠᠭ ᠢᠮᠠᠭᠳᠠ ᠪᠣᠳᠤᠵᠤ ᠰᠠᠳᠭᠢᠵᠤ ᠪᠠᠢ᠌ᠭ᠎ᠠ ᠶᠢ ᠵᠣᠢ᠌ᠷᠯᠠᠨ ᠢᠯᠡᠳᠭᠡᠵᠤ ᠪᠠᠢ᠌ᠨ᠎ᠠ᠃

8.ᠲ᠋ᠤᠰᠤᠨ ᠳᠤᠷᠠᠨ ᠬᠤᠷᠤᠬᠤᠯᠵᠤ

ᠰᠦᠨ ᠵᠦᠷᠤᠭᠷᠠ ᠡᠭᠡᠳᠡᠭᠦᠯᠵᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §254 ᠳᠤ ᠭᠦᠭᠦᠴᠦᠰ ᠡᠴᠡ ᠴᠠᠭᠠᠳᠠᠢ ᠳᠤ ᠰᠤᠷᠭᠠᠵᠤ ᠭᠡᠯᠡᠭ᠍ᠰᠡᠨ ᠵᠣᠢ᠌ᠷ ᠥᠭᠡ᠃ ᠰᠠᠨᠠᠭ᠎ᠠ ᠨᠢ 《ᠡᠭᠡ ᠶᠢᠨ ᠶᠢᠡᠨ ᠳᠤᠰᠤ ᠰᠢᠭ ᠰᠠᠨᠠᠭ᠎ᠠ ᠶᠢ ᠴᠠᠷᠴᠠᠭᠤᠯᠵᠤ᠂ ᠰᠥ᠋ ᠰᠢᠭ᠌ ᠰᠡᠳᠭᠢᠯ ᠢ ᠡᠭᠡᠳᠡᠭᠦᠯᠵᠤ ᠳᠠᠭᠠᠭᠢᠨ ᠪᠣᠯᠬᠤ》 ᠭᠡᠵᠡᠢ᠃ ᠣᠳᠤ ᠬᠤᠷᠴᠢᠨ ᠭᠦᠮᠦᠰ ᠡᠢ᠌ᠮᠦᠷᠭᠦ ᠪᠠᠢ᠌ᠳᠠᠯ ᠢ 《ᠳᠤᠰᠤ ᠶᠢ ᠣᠰᠤ ᠪᠠᠷ᠂ ᠠᠴᠢ ᠶᠢ ᠪᠠᠴᠢ ᠪᠠᠷ》᠂ 《ᠰᠦ᠋ ᠶᠢᠨ ᠬᠠᠷᠢᠭᠤ ᠴᠢᠰᠤ》 ᠭᠡᠭᠦ ᠮᠠᠳᠤᠴᠢᠯᠠᠨ ᠭᠡᠯᠡᠳᠡᠭ᠌᠃

9.ᠣᠯᠠᠠᠳᠠ ᠭᠦ ᠭᠤᠶᠤᠭᠤᠯᠵᠤ ᠥᠭ᠍ᠪᠠᠰᠤ ᠳᠡᠭᠡᠵᠢᠯᠡᠭ᠍ᠳᠡᠭᠦ

ᠴᠥᠭᠡᠨᠳᠡ ᠭᠦ ᠭᠤᠶᠤᠭᠤᠯᠵᠤ ᠥᠭ᠍ᠪᠠᠰᠤ ᠳᠤᠷᠤᠮᠵᠢᠯᠠᠭᠳᠠᠬᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §66 ᠳ᠋ᠤ ᠶ‍ᠢᠰᠦᠭᠡᠢ ᠪᠠᠭᠠᠳᠤᠷ ᠡᠴᠡ ᠳ᠋ᠠᠢ ᠰᠠᠴᠠᠨ ᠤ ᠦᠬᠢᠨ ᠪᠦᠷᠳᠡ ᠣᠢᠵᠢᠨ ᠢ ᠳᠠᠮᠤᠵᠢᠨ ᠳᠤ ᠭᠤᠶᠤᠪᠠᠰᠤ ᠳ᠋ᠠᠢ ᠰᠠᠴᠠᠨ 《ᠣᠯᠤᠠᠳᠠ ᠭᠦ ᠭᠤᠶᠤᠭᠤᠯᠵᠤ ᠥᠭ᠍ᠪᠠᠰᠤ ᠳᠡᠭᠡᠵᠢᠯᠡᠭ᠍ᠳᠡᠭᠦ᠂ ᠴᠥᠭᠡᠨᠳᠡ ᠭᠦ ᠭᠤᠶᠤᠭᠤᠯᠵᠤ ᠥᠭ᠍ᠪᠠᠰᠤ ᠳᠤᠷᠤᠮᠵᠢᠯᠠᠭᠳᠠᠬᠤ》 ᠭᠡᠵᠡᠢ᠃ ᠡᠨᠡᠭᠦ ᠥᠭᠡ ᠨᠢ ᠣᠤᠯ ᠭᠡᠪ ᠶᠢᠡᠷ ᠶᠢᠡᠨ ᠬᠤᠷᠴᠢᠨ ᠠᠮᠠᠨ ᠶᠠᠷᠢᠶᠠᠨ ᠳᠤ ᠭᠡᠯᠡᠭ᠍ᠳᠡᠭᠦ ᠪᠦᠭᠡᠳ ᠣᠷᠤᠭ ᠬᠤᠷᠢᠮ ᠤᠨ ᠵᠠᠩᠰᠢᠯ ᠳᠠᠭᠠᠨ ᠴᠤ ᠴᠢᠩᠭ᠋᠎ᠠ ᠵᠢᠷᠤᠮᠯᠠᠳᠠᠭ᠃ ᠭᠡᠦᠭᠡᠨ ᠤ ᠠᠪᠣ ᠡᠵᠢ ᠨᠢ ᠭᠦᠷᠭᠡᠨ ᠭᠦᠤ ᠶᠢ ᠥᠵᠡᠭᠡᠳ ᠭᠡᠳᠦᠢ ᠳᠤᠭᠤᠭᠰᠠᠨ ᠪᠣᠯᠪᠠᠴᠤ ᠳᠠᠷᠠ ᠳᠠᠷᠤᠢ ᠳ᠋ᠤᠨᠢ ᠠᠮ᠎ᠠ ᠠᠯᠳᠠᠵᠤ ᠵᠥᠪᠰᠢᠶᠡᠷᠡᠳᠡᠭ᠌ ᠦᠭᠡᠶ ᠬᠠᠷᠢᠨ ᠣᠯᠠᠠᠳᠠ ᠭᠤᠶᠤᠭᠤᠯᠵᠤ ᠦᠭ‍ᠭᠦ ᠶᠢ ᠭᠢᠴᠢᠶᠡᠳᠡᠭ᠌᠃

10.ᠠᠠᠳᠠ ᠭᠦᠮᠤᠨ ᠠᠮᠢᠨ ᠨᠢᠭᠡ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §117 ᠳ᠋ᠤ ᠳᠠᠮᠤᠵᠢᠨ ᠡᠴᠡ ᠵᠠᠮᠤᠬ᠎ᠠ ᠳᠤ ᠳᠤᠰ ᠥᠭᠡ ᠶᠢ ᠭᠡᠯᠡᠵᠤ ᠢᠯᠡᠭᠡᠨ ᠠᠠᠳᠠ ᠪᠠᠨ ᠰᠢᠨᠡᠳᠭᠡᠵᠤ᠂ ᠠᠮᠠᠷᠠᠭᠯᠠᠶ᠎ᠠ ᠭᠡᠵᠤ ᠪᠠᠢ᠌ᠪᠠ᠃ ᠳᠤᠰ ᠥᠭᠡ ᠨᠢ ᠣᠳᠤ 《ᠠᠠᠳᠠ ᠭᠦᠮᠤᠨ ᠤ ᠠᠮᠢᠨ ᠨᠢᠭᠡ᠂ ᠰᠠᠭᠠᠬᠠᠯᠳᠠ ᠭᠦᠮᠤᠨ ᠤ ᠰᠠᠨᠠᠭ᠎ᠠ ᠨᠢ ᠨᠢᠭᠡ》᠂ 《ᠥᠭᠡᠳᠡᠯᠡᠭᠦ ᠠᠢ᠌ᠯ ᠤᠨ ᠥᠭᠡ ᠨᠢ ᠨᠢᠭᠡ᠂ ᠥᠭᠡᠳᠡᠯᠡᠭᠦ ᠮᠠᠯ ᠤᠨ ᠥᠩᠭᠡ ᠨᠢ ᠨᠢᠭᠡ》 ᠭᠡᠵᠤ ᠣᠯᠠᠮᠵᠢᠯᠠᠭᠳᠠᠨ ᠣᠯᠠᠮ ᠦᠷᠭᠡᠨ ᠶᠢᠡᠷ ᠭᠡᠷᠡᠭᠯᠡᠭ᠍ᠳᠡᠨ ᠪᠦᠯᠭᠦᠮᠳᠡᠯ ᠨᠥᠭᠦᠷᠯᠡᠯ ᠢ ᠴᠢᠬᠤᠯᠴᠢᠯᠠᠭᠰᠠᠨ ᠪᠠᠢ᠌ᠳᠠᠭ᠃

11.ᠪᠠᠷᠢᠶ᠎ᠠ ᠶᠢᠨ ᠬᠠᠷᠢᠭᠤ ᠪᠠᠷᠢᠶ᠎ᠠ ᠭᠦ

ᠨᠢᠳᠤᠷᠭ᠎ᠠ ᠶᠢᠨ ᠬᠠᠷᠢᠭᠤ ᠨᠢᠳᠤᠷᠭ᠎ᠠ ᠭᠦ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §228᠂ 278 ᠳ᠋ᠤ ᠪᠦᠷ ᠠᠰ ᠳᠤᠯᠤᠨ ᠠᠠᠪᠤᠨ ᠬᠠᠷᠢᠭᠤᠴᠠᠬᠤ ᠭᠡᠭᠦ ᠤᠳᠬ᠎ᠠ ᠭᠡᠷᠡᠭᠯᠡᠵᠤ ᠪᠠᠢ᠌ᠨ᠎ᠠ᠃ ᠬᠤᠷᠴᠢᠨ ᠠᠮᠠᠨ ᠶᠠᠷᠢᠶᠠᠨ ᠳᠤ ᠡᠨᠡ ᠥᠭᠡ ᠣᠠᠳᠤᠤᠰᠢᠵᠤ 《ᠭᠦᠴᠦᠳᠡᠨ ᠤ ᠡᠰᠡᠷᠭᠦ ᠭᠦᠴᠤ ᠪᠠᠷ᠂ ᠵᠡᠪᠰᠡᠭ᠌ ᠤᠨ ᠡᠰᠡᠷᠭᠦ ᠵᠡᠪᠰᠡᠭ᠌ ᠶᠢᠡᠷ》᠂ 《ᠬᠤᠤᠷ ᠤᠨ ᠬᠠᠷᠢᠭᠤ ᠬᠤᠤᠷ᠂ ᠬᠤᠵᠤᠤᠯ᠎ᠠ ᠶᠢᠨ ᠬᠠᠷᠢᠭᠤ ᠰᠥᠭᠡ》᠂ 《ᠬᠤᠤᠷ ᠢ ᠬᠤᠤᠷ ᠶᠢᠡᠷ᠂ ᠬᠤᠵᠤᠤᠯ᠎ᠠ ᠶᠢ ᠵᠡᠭᠡᠳᠦᠤ ᠪᠠᠷ》 ᠭᠡᠭᠦ ᠮᠠᠳᠤᠴᠢᠯᠠᠨ ᠭᠡᠷᠡᠭᠯᠡᠨ᠎ᠡ᠃

12.ᠠᠮᠠᠪᠠᠷ ᠠᠯᠠᠭᠰᠠᠨ ᠠᠴᠢᠪᠠᠰᠤ ᠦᠯᠦ ᠪᠣᠯᠠᠢ

ᠥᠭᠡ ᠪᠠᠷ ᠥᠭᠦᠭᠦᠯᠦᠭ᠍ᠰᠡᠨ ᠦᠪᠴᠢᠪᠠᠰᠤ ᠦᠯᠦ ᠪᠣᠯᠠᠢ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §255 ᠳ᠋ᠤ ᠴᠠᠭᠠᠳᠠᠢ ᠶᠢᠨ ᠭᠡᠯᠡᠭ᠍ᠰᠡᠨ ᠥᠭᠡ᠃ ᠳᠤᠰ ᠰᠠᠴᠠᠨ ᠥᠭᠡ ᠶᠢᠨ ᠰᠠᠨᠠᠭ᠎ᠠ ᠨᠢ 《ᠠᠮᠠ ᠪᠠᠷ ᠭᠦᠮᠤᠨ ᠠᠯᠠᠵᠤ ᠪᠣᠯᠬᠤ ᠦᠭᠡᠶ᠂ ᠥᠭᠡ ᠪᠠᠷ ᠭᠦᠮᠤᠨ ᠥᠭᠦᠭᠦᠯᠵᠤ ᠪᠣᠯᠬᠤ ᠦᠭᠡᠶ》 ᠭᠡᠰᠡᠨ ᠤᠳᠬ᠎ᠠ ᠲᠡᠶ᠃ ᠣᠳᠤ ᠬᠤᠷᠴᠢᠨ ᠳᠤ 《ᠭᠢᠳᠤᠭᠠᠨ ᠳᠤ ᠥᠭᠦᠭᠦ ᠦᠭᠡᠶ ᠭᠦᠮᠤᠨ ᠴᠤᠤ ᠳᠤ ᠥᠭᠦᠨ᠎ᠡ》᠂ 《ᠴᠢᠴᠢᠵᠤ ᠠᠯᠠᠬᠤ ᠡᠴᠡ ᠢᠴᠢᠭᠡᠨ ᠠᠯᠠᠬᠤ ᠨᠢ》᠂ 《ᠢᠴᠢᠭᠡᠵᠤ ᠠᠯᠠᠭᠰᠠᠨ ᠡᠴᠡ ᠴᠢᠴᠢᠵᠤ ᠠᠯᠠᠭᠰᠠᠨ ᠨᠢ ᠳᠡᠭᠡᠷ᠎ᠡ》 ᠭᠡᠭᠦ ᠮᠠᠳᠤ ᠪᠠᠷ ᠦᠪᠯᠠᠵᠤ ᠢᠷᠠᠵᠠᠢ᠃

13.ᠢᠷᠭᠡᠨ᠎ᠡ ᠪᠣ ᠢᠨᠡᠭᠡᠭᠦᠯᠦᠳᠭᠦᠨ

ᠠᠷᠠᠨ᠎ᠠ ᠪᠣ ᠬᠠᠪᠬᠠᠷᠢᠭᠤᠯᠤᠳᠬᠤᠨ ᠊᠊᠊᠊᠊᠊᠊᠊᠊᠊᠊᠊᠊᠊᠊

ᠴᠢᠩᠭᠢᠰ ᠬᠠᠭᠠᠨ ᠬᠡᠦᠬᠡᠳ ᠶᠢᠡᠨ ᠪᠢᠳᠡᠭᠡᠢ 《ᠣᠯᠠᠨ ᠤ ᠡᠯᠡᠭ᠌᠂ ᠲᠦᠮᠡᠨ ᠤ ᠳᠤᠭᠤᠭᠢ ᠪᠣᠯᠤᠭᠳᠤᠨ》 ᠭᠡᠵᠤ ᠰᠤᠷᠭᠠᠭᠰᠠᠨ ᠥᠭᠡ ᠨᠢ 《ᠨᠢᠭᠤᠴᠠ ᠳᠤᠪᠴᠢᠶᠠᠨ》 §255 ᠳ᠋ᠤ ᠢᠩᠭᠢᠵᠤ ᠢᠯᠡᠷᠡᠳᠡᠭ᠌᠃ ᠣᠳᠤ ᠬᠤᠷᠴᠢᠨ ᠳᠤ 《ᠭᠦᠮᠤᠨ ᠤ ᠭᠡᠯᠡᠯ᠂ ᠨᠤᠬᠠᠢ ᠶᠢᠨ ᠬᠤᠴᠠᠯ》᠂ 《ᠭᠦᠮᠤᠨ ᠳᠤ ᠰᠡᠭᠦᠯ ᠶᠢᠡᠨ ᠪᠠᠷᠢᠭᠤᠯᠬᠤ》᠂ 《ᠭᠢᠷᠢ ᠪᠠᠨ ᠮᠡᠳᠡᠭ᠍ᠳᠡᠵᠤ᠂ ᠭᠡᠮᠵᠢᠶ᠎ᠡ ᠪᠠᠨ ᠳᠦᠭᠡᠯᠡᠭ᠍ᠳᠡᠭᠦ》᠂ 《ᠠᠯᠢᠶ᠎ᠠ ᠭᠦᠮᠤᠨ ᠤ ᠠᠮᠠᠨ ᠵᠤᠭ᠎ᠠ ᠪᠣᠯᠬᠤ》᠂ 《ᠵᠠᠭᠤᠨ ᠭᠦᠮᠤᠨ ᠤ ᠭᠡᠯᠡᠨ ᠳᠡᠭᠡᠷ᠎ᠡ᠂ ᠵᠠᠭᠤᠳᠠᠭ ᠨᠤᠬᠠᠢ ᠶᠢᠨ ᠠᠮᠠᠨ ᠳᠡᠭᠡᠷ᠎ᠡ》 ᠭᠡᠵᠤ ᠣᠯᠠᠮᠵᠢᠯᠠᠭᠳᠠᠨ ᠢᠷᠠᠵᠠᠢ᠃

14.ᠣᠯᠤᠨ ᠠᠶᠤᠬᠤᠯᠢ

ᠭᠦᠨ ᠥᠭᠦᠭᠦᠯᠢ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §277 ᠳ᠋ᠤ ᠥᠭᠡᠳᠡᠢ ᠬᠠᠭᠠᠨ ᠡᠴᠡ ᠭᠦᠶ‍ᠦᠭ᠌ ᠨᠡᠷ ᠢ ᠰᠤᠷᠭᠠᠬᠤ ᠳᠠᠭᠠᠨ ᠡᠴᠢᠭᠡ ᠬᠠᠭᠠᠨ ᠴᠢᠩᠭᠢᠰ ᠤᠨ ᠰᠤᠷᠭᠠᠯ ᠥᠭᠡ 《ᠭᠦᠮᠤᠨ ᠣᠯᠠᠨ ᠭᠦᠴᠦᠳᠡᠢ᠂ ᠣᠰᠤ ᠭᠦᠨ ᠠᠶᠤᠯᠳᠠᠢ》 ᠭᠡᠰᠡᠨ ᠰᠠᠴᠠᠨ ᠥᠭᠡ ᠪᠠᠷ ᠡᠰᠢ ᠳᠠᠳᠠᠵᠠᠢ᠃ ᠣᠳᠤ ᠬᠤᠷᠴᠢᠨ ᠳᠤ ᠮᠦᠨ ᠥᠭᠡ ᠪᠠᠷ ᠭᠡᠷᠡᠭᠯᠡᠵᠤ ᠪᠦᠯᠭᠦᠮᠳᠡᠯ ᠨᠢᠭᠳᠠᠷᠠᠯ ᠤᠨ ᠭᠦᠴᠤᠨ ᠢ ᠳᠰᠬᠠᠵᠠᠢ᠃

15.ᠨᠢᠳᠤᠨ ᠳ᠋ᠤᠷᠢᠶᠠᠨ ᠭᠠᠯᠳᠤ

ᠨᠢᠭᠤᠷ ᠳᠤᠷᠢᠶᠠᠨ ᠭᠡᠷᠡᠯᠳᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §62᠂ 82᠂ 66᠂ 114᠂ 149 ᠳ᠋ᠤ ᠪᠦᠷ ᠴᠤ ᠵᠠᠯᠠᠭᠤ ᠭᠦᠮᠤᠨ ᠤ ᠨᠢᠳᠤᠨ ᠳᠤ ᠪᠠᠨ ᠭᠠᠯᠳᠠᠢ᠂ ᠨᠢᠭᠤᠷ ᠲᠤ ᠪᠠᠨ ᠴᠤᠭᠳᠠᠢ ᠪᠠᠢ᠌ᠭ᠎ᠠ ᠴᠤᠭ ᠵᠢᠪᠬᠤᠭ᠎ᠠ ᠲᠡᠶ᠂ ᠰᠠᠴᠠᠨ ᠰᠡᠷᠭᠦᠯᠡᠩ ᠳᠡᠭ᠍ᠵᠢᠨ ᠴᠤᠪᠣᠭᠤ ᠪᠠᠢ᠌ᠳᠠᠯ ᠢ ᠳᠤᠰᠬᠠᠭᠰᠠᠨ ᠨᠢ ᠣᠳᠤ ᠮᠦᠨ ᠣᠤᠯ ᠭᠡᠪ ᠭᠡᠷᠡᠭᠯᠡᠭ᠍ᠳᠡᠵᠤ ᠪᠠᠢ᠌ᠨ᠎ᠠ᠃

16.ᠪᠣᠷᠤᠭᠠᠨ ᠪᠠᠷ ᠪᠣᠯᠤᠪᠠᠰᠤ ᠪᠣᠯᠵᠤᠯ ᠳᠤᠷ

ᠬᠤᠷ᠎ᠠ ᠪᠠᠷ ᠪᠣᠯᠤᠪᠠᠰᠤ ᠬᠤᠷᠠᠯ ᠳᠤᠷ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §108 ᠳ᠋ᠤ ᠳᠠᠮᠤᠵᠢᠨ᠂ ᠳᠤᠭᠤᠷᠢᠯ ᠬᠠᠨ᠂ ᠵᠠᠮᠤᠬ᠎ᠠ ᠬᠤᠯᠪᠣᠭᠠᠯᠠᠨ ᠭᠤᠷᠪᠠᠨ ᠮᠡᠷᠭᠢᠳ ᠢ ᠳᠠᠢ᠌ᠯᠠᠬᠤ ᠪᠠᠷ ᠪᠣᠯᠵᠤ ᠪᠣᠳᠤᠭᠠᠨ ᠪᠣᠭᠤᠷᠵᠢ ᠳᠤ ᠴᠡᠷᠢᠭ᠌ ᠨᠡᠢ᠌ᠯᠡᠭᠦ ᠪᠠᠷ ᠪᠣᠯᠵᠤᠵᠠᠢ᠃ ᠵᠠᠮᠤᠬ᠎ᠠ ᠪᠣᠯᠵᠤᠭᠠᠨ ᠤ ᠭᠠᠵᠠᠷ ᠲᠠᠭᠠᠨ ᠭᠤᠷᠪᠠᠨ ᠡᠳᠦᠷ ᠡᠷᠳᠡ ᠢᠷᠠᠵᠤ ᠳᠠᠮᠤᠵᠢᠨ᠂ ᠳᠤᠭᠤᠷᠢᠯ ᠬᠠᠨ᠂ ᠵᠠᠬ᠎ᠠ ᠭᠠᠮᠪᠣ ᠳᠠᠨ ᠢ ᠢᠷᠡᠭᠦ ᠳᠤ ᠡᠢ᠌ᠮᠤ ᠥᠭᠡ ᠶᠢ ᠥᠭᠦᠯᠡᠵᠤ᠂ ᠮᠤᠩᠭ᠋ᠤᠯᠴᠤᠳ ᠠᠠᠳᠠᠭᠠᠢ ᠳᠠᠩᠭ᠋ᠠᠷᠢᠭ ᠪᠣᠯᠵᠤᠭ᠎ᠠ ᠡᠴᠡ ᠪᠠᠨ ᠪᠣᠴᠠᠬᠤ ᠦᠭᠡᠶ ᠪᠠᠢ᠌ᠬᠤ ᠶᠢ ᠱᠠᠭᠠᠷᠳᠠᠭᠰᠠᠨ ᠪᠠᠢ᠌ᠨ᠎ᠠ᠃ ᠣᠳᠤ ᠳᠤᠰ ᠥᠭᠡ ᠨᠢ 《ᠪᠣᠷᠤᠭᠠᠨ ᠳᠤ ᠪᠣᠯᠪᠠᠴᠤ ᠪᠣᠯᠵᠤᠭᠠᠨ ᠳᠤ ᠪᠠᠨ᠂ ᠬᠤᠷ᠎ᠠ ᠳᠤ ᠪᠣᠯᠪᠠᠴᠤ ᠬᠤᠭᠤᠴᠠᠭᠠᠨ ᠳᠤ ᠪᠠᠨ》 ᠭᠡᠰᠡᠨ ᠭᠡᠪᠰᠢᠭ᠍ᠰᠡᠨ ᠥᠭᠡ ᠪᠣᠯᠵᠤ ᠣᠯᠠᠮᠵᠢᠯᠠᠭᠳᠠᠵᠠᠢ᠃

17.ᠪᠠᠶᠠᠪᠠᠨ ᠨᠢᠭᠤᠵᠤ

ᠭᠡᠯᠡ ᠪᠠᠨ ᠪᠣᠴᠠᠵᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §147 ᠳ᠋ᠤ ᠵᠠᠮᠤᠬ᠎ᠠ ᠭᠦᠷ ᠬᠠᠨ ᠪᠣᠯᠵᠤ ᠠᠷᠪᠠᠨ ᠭᠤᠷᠪᠠᠨ ᠭᠦᠷᠢᠶᠡᠨ ᠢ ᠳᠠᠢ᠌ᠴᠢᠯᠠᠵᠤ ᠭᠦᠢᠳᠡᠨ ᠭᠡᠰᠡᠨ ᠭᠠᠵᠠᠷ ᠴᠢᠩᠭᠢᠰ ᠬᠠᠭᠠᠨ᠂ ᠸᠠᠩ ᠬᠠᠨ ᠤ ᠴᠡᠷᠢᠭ᠌ ᠲᠡᠶ ᠶᠡᠭᠡ ᠪᠠᠢ᠌ᠯᠳᠤᠭᠠᠨ ᠪᠣᠯᠪᠠ᠃ ᠳᠤᠰ ᠪᠠᠢ᠌ᠯᠳᠤᠭᠠᠨ ᠳᠤ ᠴᠢᠩᠭᠢᠰ ᠬᠠᠭᠠᠨ ᠠᠮᠠᠨ ᠭᠦᠵᠦᠭᠦᠤ ᠬᠠᠷᠪᠣᠭᠳᠠᠵᠤ ᠡᠰᠡᠯᠡ ᠠᠮᠢ ᠠᠯᠳᠠᠪᠠ᠃ ᠣᠯᠵᠠᠯᠠᠭᠰᠠᠤᠨ ᠤᠨ ᠳᠤᠳᠤᠷ᠎ᠠ ᠡᠴᠡ ᠭᠡᠨ ᠬᠠᠷᠪᠣᠭᠰᠠᠨ ᠠᠰᠠᠭᠤᠭᠰᠠᠨ ᠳᠤ ᠳᠠᠢ᠌ᠴᠢᠭᠤᠳ ᠤᠨ ᠵᠢᠷᠭᠤᠭᠠᠳᠠᠢ ᠭᠡᠰᠡᠨ ᠭᠦᠮᠤᠨ ᠬᠠᠷᠪᠣᠭᠰᠠᠨ ᠶᠢᠡᠨ ᠨᠢᠭᠤᠯ ᠦᠭᠡᠶ ᠭᠡᠯᠡᠵᠡᠢ᠃ ᠡᠭᠦᠨ ᠳᠤ ᠴᠢᠩᠭᠢᠰ ᠬᠠᠭᠠᠨ ᠵᠢᠷᠭᠤᠭᠠᠳᠠᠢ ᠶᠢᠨ ᠦᠨᠡᠠᠴᠢ ᠰᠢᠳᠤᠷᠭᠤ ᠶᠢ ᠮᠠᠭᠳᠠᠵᠠᠢ᠃ ᠳᠤᠰ ᠥᠭᠡ ᠨᠢ ᠣᠳᠤ 《ᠭᠡᠯᠡᠭ᠍ᠰᠡᠨ ᠶᠢᠡᠨ ᠢᠳᠠᠵᠤ᠂ ᠭᠡᠭᠡᠷᠡᠭ᠍ᠰᠡᠨ ᠶᠢᠡᠨ ᠵᠠᠯᠭᠢᠬᠤ》᠂ 《ᠣᠷᠪᠠᠭ᠎ᠠ ᠭᠦᠷᠪᠠᠭᠡ ᠲᠡᠶ᠂ ᠳᠤᠤᠷ᠎ᠠ ᠪᠠᠨ ᠳᠤᠯᠤᠭ᠎ᠠ ᠬᠤᠪᠢᠯᠬᠤ》᠂ 《ᠭᠡᠮ ᠶᠢᠡᠨ ᠳᠠᠷᠤᠵᠤ᠂ ᠭᠡᠵᠢᠭᠡ ᠪᠠᠨ ᠨᠢᠭᠤᠬᠤ》 ᠭᠡᠭᠦ ᠮᠠᠳᠤ ᠶᠢᠨ ᠭᠡᠪᠰᠢᠭ᠍ᠰᠡᠨ ᠭᠡᠯᠡᠯᠭᠡ ᠪᠣᠢ ᠪᠣᠯᠵᠠᠢ᠃

18.ᠪᠠᠶᠠ ᠳᠡᠷᠢᠭᠦᠳᠤ

ᠳᠡᠭᠡᠯ ᠵᠠᠬᠠᠳᠤ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §33 ᠳ᠋ᠤ ᠪᠣᠳᠤᠠᠴᠢᠷ ᠮᠤᠩᠬᠠᠭ ᠡᠴᠡ ᠠᠬ᠎ᠠ ᠪᠣᠭᠤ ᠬᠠᠳᠠᠭᠢ ᠳᠤ ᠢᠩᠭᠢᠵᠤ ᠭᠡᠯᠡᠪᠡ᠃ ᠡᠨᠡ ᠥᠭᠡ ᠪᠣᠯ ᠡᠭᠢ ᠵᠠᠬ᠎ᠠ ᠲᠡᠶ᠂ ᠳᠡᠭᠡᠳᠤ ᠳᠤᠤᠷᠠᠳᠤ ᠲᠡᠶ᠂ ᠵᠤᠬᠢᠶᠠᠨ ᠪᠠᠢ᠌ᠭᠤᠯᠤᠯᠳᠠ ᠲᠡᠶ ᠪᠠᠢ᠌ᠬᠤ ᠶᠢ ᠢᠯᠡᠳᠭᠡᠭ᠍ᠰᠡᠨ ᠥᠭᠡ ᠮᠦᠨ᠃ ᠳᠠᠷᠤᠢ ᠪᠠᠯᠠᠷ ᠡᠷᠳᠡᠨ ᠤ ᠦᠶ᠎ᠡ ᠡᠴᠡ ᠹᠧᠤᠳᠠᠯ ᠨᠡᠢ᠌ᠭᠡᠮ ᠳᠤ ᠰᠢᠯᠵᠢᠭᠦ ᠦᠶ᠎ᠡ ᠶᠢᠨ ᠭᠦᠮᠦᠰ ᠤᠨ ᠦᠵᠡᠯᠳᠠ ᠳᠠᠨᠢᠯᠳᠠ ᠶᠢᠨ ᠳᠠᠪᠰᠢᠯᠳᠠ ᠶᠢᠨ ᠪᠠᠢ᠌ᠳᠠᠯ ᠢ ᠬᠠᠷᠠᠭᠤᠯᠤᠭᠰᠠᠨ ᠪᠠᠢ᠌ᠨ᠎ᠠ᠃ ᠣᠳᠤ ᠶᠢᠨ ᠭᠡᠯᠡᠨ ᠳᠤ 《ᠭᠦᠮᠤᠨ ᠳᠦᠷᠦᠭᠦᠤ ᠲᠡᠶ ᠰᠠᠢ᠌ᠨ᠂ ᠳᠠᠪᠠᠯ ᠵᠠᠬ᠎ᠠ ᠲᠡᠶ ᠰᠠᠢ᠌ᠨ》᠂ 《ᠠᠬ᠎ᠠ ᠨᠢ ᠭᠡᠯᠡᠳᠡᠭ᠌᠂ ᠳᠡᠭᠦᠤ ᠨᠢ ᠰᠤᠨᠤᠰᠳᠠᠭ》 ᠭᠡᠵᠤ ᠪᠦᠯᠭᠦᠮᠳᠡᠯ ᠲᠡᠶ᠂ ᠡᠮᠭᠢ ᠵᠢᠷᠤᠮ ᠲᠡᠶ ᠪᠠᠢ᠌ᠬᠤ ᠶᠢ ᠳᠤᠰᠬᠠᠭᠰᠠᠨ ᠪᠠᠢ᠌ᠨ᠎ᠠ᠃

19.ᠬᠤᠯᠤᠭᠤᠨ ᠭᠤᠭᠤᠵᠢᠵᠤᠬᠤ

ᠰᠢᠯᠦᠭᠡᠳ ᠰᠢᠪᠠᠷᠢᠵᠦᠭᠦ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §79 ᠳ᠋ᠤ ᠳᠠᠢ᠌ᠴᠢᠭᠤᠳ ᠨᠡᠷ ᠢᠩᠭᠢᠵᠤ ᠭᠡᠯᠡᠭᠡᠳ ᠳᠠᠮᠤᠵᠢᠨ ᠨᠡᠷ ᠢ ᠳᠠᠭᠠᠷᠢᠬᠤ ᠪᠠᠷ ᠢᠷᠠᠪᠠ᠃ ᠳᠤᠰ ᠥᠭᠡ ᠶᠢᠨ ᠤᠳᠬ᠎ᠠ ᠨᠢ 《ᠬᠤᠷᠠᠭᠠᠨ ᠤ ᠦᠰᠤ ᠭᠤᠤᠵᠢᠪᠠ᠂ ᠲᠦᠯᠦᠭᠡᠨ ᠤ ᠪᠠᠶ᠎ᠠ ᠲᠦᠯᠵᠢᠪᠠ》 ᠭᠡᠵᠤ ᠳᠠᠮᠤᠵᠢᠨ ᠳᠠᠳᠠᠨ ᠤ ᠥᠭᠡᠯᠡᠢ ᠦᠨᠳᠦᠷ ᠪᠣᠯᠵᠤ ᠳᠡᠩᠭᠡᠭᠡ ᠴᠢᠳᠠᠯ ᠣᠷᠤᠵᠤ ᠪᠠᠢ᠌ᠬᠤ ᠶᠢ ᠶᠤᠭᠳᠠᠯᠠᠨ ᠢᠯᠡᠳᠭᠡᠪᠡ᠃ ᠡᠨᠡ ᠥᠭᠡ ᠨᠢ ᠣᠳᠤ 《ᠠᠮᠠᠨ ᠰᠥ᠋ ᠨᠢ ᠠᠷᠢᠯᠪᠠ᠂ ᠠᠷᠠᠭᠠᠨ ᠰᠢᠳᠤ ᠨᠢ ᠪᠦᠷᠢᠳᠦᠪᠡ》 ᠭᠡᠵᠤ ᠨᠠᠰᠤᠨ ᠳᠤ ᠭᠦᠷᠴᠤ ᠨᠠᠭᠤᠢ ᠪᠣᠯᠤᠭᠰᠠᠨ ᠢ ᠢᠯᠡᠳᠭᠡᠪᠡ᠃

20.ᠪᠦᠭᠦᠷ᠎ᠡ ᠶᠢᠨ ᠪᠦᠭ᠍ᠰᠡ ᠲᠤᠷ

ᠴᠡᠭᠡᠷ᠎ᠡ ᠶᠢᠨ ᠴᠡᠭᠡᠵᠢ ᠲᠤᠷ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §96᠂ 104 ᠳ᠋ᠤ ᠳᠠᠮᠤᠵᠢᠨ ᠨᠡᠷ ᠬᠠᠷ᠎ᠠ ᠪᠣᠯᠤᠭᠠᠨ ᠳᠠᠬᠤ ᠪᠠᠨ ᠭᠡᠷᠡᠢ᠌ᠳ ᠤᠨ ᠣᠩ ᠬᠠᠨ ᠳᠤ ᠭᠦᠷᠭᠡᠵᠤ ᠦᠭ‍ᠭᠦ ᠳᠤ 《ᠬᠠᠭᠠᠴᠠᠭᠰᠠᠨ ᠣᠯᠤᠰ ᠢ ᠴᠢᠨᠢ ᠬᠠᠮᠳᠤᠳᠬᠠᠵᠤ᠂ ᠪᠣᠳᠠᠷᠠᠭᠰᠠᠨ ᠣᠯᠤᠰ ᠢ ᠴᠢᠨᠢ ᠪᠦᠳᠤᠨ ᠪᠣᠯᠭᠠᠵᠤ ᠥᠭ᠍ᠰᠦᠭᠡᠢ》 ᠭᠡᠵᠤ ᠭᠡᠯᠡᠭᠡᠳ 《ᠪᠦᠭᠦᠷ᠎ᠡ ᠶᠢᠨ ᠪᠦᠭ᠍ᠰᠡ ᠲᠤᠷ᠂ ᠴᠡᠭᠡᠷ᠎ᠡ ᠶᠢᠨ ᠴᠡᠭᠡᠵᠢ ᠲᠤᠷ》 ᠭᠡᠵᠤ ᠭᠡᠯᠡᠭ᠍ᠰᠡᠨ ᠥᠭᠡ ᠨᠢ ᠨᠢᠭᠤᠴᠠ ᠪᠠᠳᠤ ᠪᠠᠭᠢ ᠶᠢ ᠴᠢᠬᠤᠯᠴᠢᠯᠠᠵᠤ ᠠᠮᠠᠯᠳᠤᠭᠰᠠᠨ ᠥᠭᠡ ᠪᠠᠢ᠌ᠨ᠎ᠠ᠃ ᠣᠳᠤ ᠡᠨᠡ ᠥᠭᠡ ᠨᠢ 《ᠳᠤᠯᠤᠭᠠᠢ ᠴᠤᠭᠤᠷᠤᠭᠰᠠᠨ ᠴᠤ ᠳᠤᠭᠤᠷᠴᠤᠭ ᠳᠤᠳᠤᠷ᠎ᠠ ᠪᠠᠨ᠂ ᠳᠤᠬᠤᠢ ᠬᠤᠭᠤᠷᠠᠭᠰᠠ ᠴᠤ ᠬᠠᠠᠴᠤᠢ ᠳᠤᠳᠤᠷ᠎ᠠ ᠪᠠᠨ》 ᠭᠡᠵᠤ ᠥᠯᠡᠳᠡᠭ᠍ᠳᠡᠵᠤ ᠢᠷᠠᠵᠠᠢ᠃

21.ᠮᠤᠷᠢᠨ ᠣᠨᠤᠭᠠᠳᠠᠨ

ᠮᠤᠳᠤᠨ ᠨᠠᠮᠤᠷᠠᠳᠠᠨ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §174 ᠳ᠋ᠤ ᠸᠠᠩ ᠬᠠᠨ ᠤ ᠭᠢᠨᠢ ᠳᠠᠮᠤᠵᠢᠨ ᠤ ᠪᠣᠷᠵᠢᠭᠢᠨ ᠠᠢ᠌ᠮᠠᠭ ᠢ ᠣᠨᠤᠭᠰᠠᠨ ᠮᠤᠷᠢ ᠡᠴᠡ ᠪᠠᠨ ᠪᠣᠰᠤ ᠶᠠᠭᠤᠮ᠎ᠠ ᠪᠠᠢ᠌ᠬᠤ ᠦᠭᠡᠶ᠂ ᠭᠡᠷ ᠳᠡᠷᠭᠡ ᠪᠠᠨ ᠠᠯᠳᠠᠵᠤ ᠮᠤᠳᠤᠨ ᠳᠤᠤᠷ᠎ᠠ ᠬᠤᠷᠭᠤᠳᠠᠨ ᠰᠠᠭᠤᠵᠤ ᠪᠠᠢ᠌ᠨ᠎ᠠ ᠭᠡᠵᠤ ᠳᠤᠭᠤᠭᠢᠯᠠᠨ ᠬᠤᠱᠤᠩᠨᠠᠵᠠᠢ᠃ ᠳᠤᠰ ᠥᠭᠡ ᠨᠢ ᠣᠳᠤ 《ᠣᠷᠤᠬᠤ ᠭᠡᠷ ᠣᠭᠤᠴᠢᠬᠤ ᠠᠶᠠᠭ᠎ᠠ ᠦᠭᠡᠶ》᠂ 《ᠰᠢᠷᠭᠤᠬᠤ ᠭᠡᠷ ᠦᠭᠡᠶ᠂ ᠱᠤᠯᠤᠭᠠᠨᠠᠬᠤ ᠦᠷ᠎ᠡ ᠦᠭᠡᠶ》᠂ 《ᠣᠭᠤᠰᠤᠷ ᠦᠭᠡᠶ ᠶᠠ ᠶᠠ ᠬᠤᠯᠤ》 ᠭᠡᠭ᠍ᠳᠡᠭᠦ ᠪᠣᠯᠵᠠᠢ᠃

22.ᠭᠦᠡᠳᠤ ᠡᠮ᠎ᠡ ᠶᠢᠨ ᠰᠢᠭᠡᠭᠦᠢ ᠭᠠᠵᠠᠷ᠎ᠠ ᠡᠰᠡ ᠭᠠᠷᠤᠭᠰᠠᠨ

ᠭᠦᠷᠳᠤᠨ ᠳᠤᠭᠤᠯ ᠤᠨ ᠪᠠᠯᠵᠢᠭᠡᠯ ᠳᠤ ᠡᠰᠡ ᠭᠦᠷᠦᠭ᠍ᠰᠡᠨ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §194 ᠳ᠋ᠤ ᠨᠢ᠋ᠮᠠᠨ ᠤ ᠳᠠᠶᠠᠨ ᠬᠠᠭᠠᠨ ᠢ ᠳᠡᠭᠦᠨ ᠤ ᠭᠦᠪᠠᠭᠦᠨ ᠭᠦᠴᠦᠯᠦᠭ᠌ ᠡᠴᠡ ᠡᠮ᠎ᠡ ᠭᠦᠮᠤᠨ ᠰᠢᠭ᠌ ᠰᠦᠰᠦ ᠵᠤᠷᠢᠭ ᠦᠭᠡᠶ᠂ ᠴᠢᠳᠠᠯ ᠳᠡᠩᠭᠡᠭᠡ ᠦᠭᠡᠶ᠂ ᠮᠡᠳᠡᠯᠭᠡ ᠮᠠᠳᠠᠴᠠ ᠦᠭᠡᠶ ᠭᠡᠵᠤ ᠬᠤᠱᠤᠩᠨᠠᠨ ᠳᠤᠷᠤᠮᠵᠢᠯᠠᠭᠰᠠᠨ ᠪᠠᠢ᠌ᠨ᠎ᠠ᠃ ᠳᠤᠰ ᠥᠭᠡ ᠨᠢ ᠣᠳᠤ 《ᠳᠠᠪᠣ ᠡᠴᠡ ᠴᠠᠭᠠᠨ᠎ᠠ ᠳᠤᠭ᠎ᠠ ᠮᠡᠳᠡᠭᠦ ᠦᠭᠡᠶ᠂ ᠳᠠᠯ᠎ᠠ ᠡᠴᠡ ᠴᠠᠭᠠᠨ᠎ᠠ ᠵᠠᠮ ᠮᠡᠳᠡᠭᠦ ᠦᠭᠡᠶ》᠂ 《ᠡᠭᠡᠨᠡᠷ ᠡᠴᠡ ᠪᠠᠨ ᠥᠭᠡᠷ᠎ᠡ ᠭᠦᠮᠤᠨ ᠢ ᠳᠠᠨᠢᠯ ᠦᠭᠡᠶ᠂ ᠡᠮᠡᠭᠡᠯ ᠡᠴᠡ ᠪᠠᠨ ᠦᠨᠳᠦᠷ ᠳᠠᠪᠠᠭ᠎ᠠ ᠳᠠᠪᠠᠯ ᠦᠭᠡᠶ》 ᠭᠡᠵᠤ ᠣᠯᠠᠮᠵᠢᠯᠠᠭᠳᠠᠨ ᠳᠡᠯᠭᠡᠷᠡᠵᠡᠢ᠃

23.ᠬᠠᠠᠳᠠᠭᠠᠢ ᠭᠡᠳᠦᠰ

ᠬᠤᠯᠤᠭᠠᠨ᠎ᠠ ᠴᠦᠯᠠᠰ ᠊᠊᠊᠊᠊᠊᠊᠊᠊᠊᠊᠊᠊᠊᠊

《ᠨᠢᠭᠤᠴᠠ ᠳᠤᠪᠴᠢᠶᠠᠨ》 §255 ᠳ᠋ᠤ ᠴᠢᠩᠭᠢᠰ ᠬᠠᠭᠠᠨ ᠥᠭᠡᠳᠡᠢ ᠶᠢ ᠵᠠᠯᠭᠠᠮᠵᠢᠯᠠᠭᠴᠢ ᠪᠣᠯᠭᠠᠭᠰᠠᠨ ᠳᠤ ᠥᠭᠡᠳᠡᠢ ᠡᠨᠡ ᠥᠭᠡ ᠶᠢ ᠭᠡᠯᠡᠵᠤ ᠦᠪᠡᠷ ᠢ ᠪᠠᠨ ᠳᠠᠷᠤᠤ ᠭᠦᠩᠭᠡᠮᠰᠦᠭ᠌ ᠪᠣᠯᠭᠠᠵᠠᠢ᠃ ᠰᠠᠨᠠᠭ᠎ᠠ ᠨᠢ ᠭᠡᠷᠭᠢᠨ ᠶᠡᠭᠡ ᠶᠠᠪᠣᠳᠠᠯ ᠶᠢᠡᠨ ᠠᠯᠳᠠᠭᠠᠤᠨ ᠪᠠᠭ᠎ᠠ ᠶᠠᠪᠣᠳᠠᠯ ᠳᠤ ᠰᠢᠨᠤᠬᠤ ᠪᠢᠯᠠ ᠭᠡᠵᠤ ᠪᠠᠶ᠎ᠠ ᠪᠠᠨ ᠰᠡᠷᠡᠮᠵᠢᠯᠡᠭᠦᠯᠵᠡᠢ᠃ ᠡᠢ᠌ᠮᠤ ᠰᠠᠨᠠᠭ᠎ᠠ ᠲᠡᠶ ᠥᠭᠡᠰ ᠣᠳᠤ 《ᠬᠠᠠᠳᠠᠭᠠᠢ ᠶᠢ ᠬᠠᠷᠪᠣᠭᠠᠤᠨ᠂ ᠣᠭᠤᠳᠤᠨ᠎ᠠ ᠶᠢ ᠣᠨᠤᠬᠤ》᠂ 《ᠣᠬᠤᠷ ᠬᠠᠷᠠᠭᠠᠳᠤ᠂ ᠣᠭᠤᠳᠤᠨ᠎ᠠ ᠶᠢᠨ ᠨᠢᠳᠤᠳᠤ》 ᠭᠡᠭᠦ ᠮᠠᠳᠤ ᠪᠠᠷ ᠭᠡᠯᠡᠭ᠍ᠳᠡᠨ᠎ᠡ᠃

24.ᠣᠢᠯᠠᠩ ᠳᠤᠷ ᠬᠤᠴᠢᠪᠠᠰᠤ ᠥᠭᠡᠷ᠎ᠡ ᠦᠯᠦ ᠢᠳᠡᠭ᠍ᠳᠡᠭᠦ

ᠡᠭᠦᠭᠦᠨ ᠳᠤᠷ ᠬᠤᠴᠢᠪᠠᠰᠤ ᠨᠤᠬᠠᠢ ᠦᠯᠦ ᠢᠳᠡᠭ᠍ᠳᠡᠭᠦ ᠊᠊᠊᠊᠊᠊᠊᠊᠊᠊᠊᠊᠊᠊᠊

ᠥᠭᠡᠳᠡᠢ ᠵᠠᠯᠭᠠᠮᠵᠢᠯᠠᠭᠴᠢ ᠪᠣᠯᠤᠭᠰᠠᠨ ᠤ ᠪᠠᠨ ᠳᠠᠷᠠᠭ᠎ᠠ ᠶᠠᠭᠠᠭᠢᠭᠰᠠᠨ ᠴᠤ ᠡᠢ᠌ᠮᠤ ᠶᠠᠭᠤ ᠴᠤ ᠪᠢᠰᠢ᠂ ᠭᠡᠷᠡᠭ᠍ᠴᠡᠭᠡ ᠦᠭᠡᠶ ᠶᠠᠭᠤᠮ᠎ᠠ ᠪᠣᠯᠵᠤ ᠪᠣᠯᠬᠤ ᠦᠭᠡᠶ ᠭᠡᠭᠦ ᠰᠠᠨᠠᠭ᠎ᠠ ᠪᠠᠨ ᠢᠯᠡᠷᠡᠭᠦᠯᠵᠤ ᠭᠡᠯᠡᠭ᠍ᠰᠡᠨ ᠥᠭᠡ ᠪᠢᠯᠠ᠃ ᠣᠳᠤ ᠡᠨᠡᠭᠦ ᠬᠤᠱᠤᠩ ᠥᠭᠡ ᠨᠢ 《ᠡᠪᠠᠰᠤᠨ ᠳᠤ ᠪᠣᠯᠠᠭᠠᠤᠨ ᠥᠭᠡᠷ ᠥᠨᠦᠷᠯᠡᠭᠦ ᠦᠭᠡᠶ᠂ ᠥᠭᠡᠭᠦᠨ ᠳᠤ ᠪᠠᠭᠯᠠᠭᠠᠤᠨ ᠨᠤᠬᠠᠢ ᠥᠨᠦᠷᠯᠡᠭᠦ ᠦᠭᠡᠶ》᠂ 《ᠥᠭᠡᠭᠦ ᠴᠤ ᠪᠢᠰᠢ᠂ ᠪᠣᠯᠴᠢᠷᠬᠠᠢ ᠴᠤ ᠪᠢᠰᠢ》 ᠭᠡᠭᠦ ᠶᠠᠮᠠᠷᠴᠤ ᠭᠡᠷᠡᠭ᠍ᠴᠡᠭᠡ ᠦᠭᠡᠶ ᠪᠣᠯᠤᠭᠰᠠᠨ ᠭᠦᠮᠤᠨ ᠢ ᠬᠤᠱᠤᠩᠨᠠᠵᠤ ᠭᠡᠯᠡᠭ᠍ᠰᠡᠨ ᠭᠡᠪᠰᠢᠯᠡᠯ ᠭᠡᠯᠡᠯᠭᠡ ᠪᠣᠯᠤᠨ᠎ᠠ᠃

ᠬᠤᠷᠴᠢᠨ᠂ ᠠᠮᠠᠨ ᠶᠠᠷᠢᠶᠠᠨ ᠤ ᠡᠯᠪᠠᠭ᠌ ᠪᠠᠶᠠᠯᠢᠭ ᠦᠪ ᠪᠣᠯᠠᠭᠳᠠᠴᠠ ᠶᠢ ᠪᠦᠷᠢᠨ ᠰᠠᠢ᠌ᠬᠠᠨ ᠮᠠᠯᠳᠠᠨ ᠢᠯᠡᠷᠡᠭᠦᠯᠵᠤ᠂ ᠮᠤᠩᠭ᠋ᠤᠯ ᠥᠭᠡᠰ ᠤᠨ ᠰᠠᠩ ᠤᠨ ᠭᠦᠮᠦᠷᠭᠡ ᠳ᠋ᠠᠭᠢ ᠭᠡᠷᠡᠯᠳᠤ ᠰᠤᠪᠣᠤᠨ ᠢ ᠨᠠᠩ ᠭᠢᠯᠪᠠᠮ᠎ᠠ ᠠᠯᠳᠠ ᠬᠠᠰ ᠤᠨ ᠭᠡᠷᠡᠯ ᠢ ᠨᠢ ᠰᠠᠴᠤᠷᠠᠭᠤᠯᠬᠤ ᠪᠣᠯ ᠨᠢᠭᠡᠨ ᠢᠷᠠᠭᠤ ᠠᠯᠳᠠᠷᠳᠤ ᠡᠭᠦᠷᠭᠡ ᠪᠣᠯᠬᠤ ᠪᠦᠭᠡᠳ ᠳᠠᠷᠬᠠᠨ ᠡᠭᠦᠷᠭᠡ ᠬᠠᠷᠢᠭᠤᠴᠠᠯᠭ᠎ᠠ ᠭᠡᠵᠤ ᠦᠵᠡᠪᠠᠯ ᠨᠠᠩ ᠢᠯᠡᠭᠦᠤ ᠵᠤᠷᠢᠭ ᠰᠢᠭᠤᠳᠴᠤ᠂ ᠭᠦᠴᠤ ᠭᠦᠯᠦᠰᠤ ᠪᠠᠨ ᠰᠢᠪᠬᠠᠨ ᠬᠠᠢ᠌ᠨ ᠰᠥᠪᠠᠭ᠍ᠴᠢᠯᠡᠵᠤ᠂ ᠮᠤᠩᠭ᠋ᠤᠯ ᠰᠤᠶᠤᠯ ᠤᠨ ᠭᠦᠭ᠍ᠵᠢᠯᠳᠡ ᠳᠤ ᠨᠠᠮᠠᠷᠢ ᠬᠠᠠᠳᠢᠪ ᠶᠢᠡᠨ ᠥᠵᠡᠭᠦᠯᠭᠦ ᠪᠣᠯᠤᠨ᠎ᠠ᠃ ᠦᠨᠡᠨ ᠢ ᠭᠡᠯᠡᠪᠠᠯ ᠬᠤᠷᠴᠢᠠᠴᠤᠳ ᠮᠢᠨᠢ ᠦᠨᠢ ᠣᠳᠠᠭᠠᠨ ᠳᠡᠦᠭᠡ ᠲᠡᠶ ᠳᠠᠷᠢᠶᠠᠯᠠᠬᠤ ᠰᠤᠶᠤᠯ ᠤᠨ ᠨᠥᠯᠦᠭᠡ ᠶᠢ ᠭᠦᠨ ᠭᠦᠷᠳᠡᠭ᠍ᠰᠡᠨ ᠪᠠᠢ᠌ᠳᠠᠯ᠎ᠠ ᠡᠭᠡ ᠭᠡᠯᠡ ᠪᠠᠨ ᠮᠠᠷᠳᠠᠭᠰᠠᠨ ᠦᠭᠡᠶ᠃ ᠬᠠᠷᠢᠨ ᠡᠨᠡᠭᠦ ᠳᠡᠦᠭᠡᠨ ᠭᠡᠯᠡ ᠪᠠᠨ ᠮᠦᠨ ᠭᠡᠪ ᠶᠢᠡᠷ ᠨᠢ ᠪᠣᠶᠤ ᠤᠳᠬ᠎ᠠ ᠵᠦᠢ ᠶᠢᠨ ᠬᠤᠪᠢᠯᠪᠣᠷᠢ ᠲᠡᠶ ᠪᠠᠷ ᠦᠪᠯᠠᠨ ᠥᠯᠡᠳᠡᠭᠡᠵᠤ ᠢᠷᠡᠭ᠍ᠰᠡᠨ ᠪᠠ ᠦᠪᠡᠷᠮᠢᠴᠠ ᠣᠠᠴᠠᠯᠢᠭ ᠲᠡᠶ ᠬᠤᠷᠴᠢᠨ ᠭᠡᠯᠡ ᠪᠠᠨ ᠡᠭᠦᠳᠤᠨ ᠪᠦᠳᠦᠭᠡᠵᠤ ᠮᠤᠩᠭ᠋ᠤᠯ ᠭᠡᠯᠡᠨ ᠤ ᠥᠭᠡᠰ ᠤᠨ ᠰᠠᠩ ᠢ ᠪᠠᠶᠠᠯᠢᠭᠵᠢᠭᠤᠯᠤᠭᠰᠠᠨ ᠭᠠᠪᠢᠶ᠎ᠠ ᠵᠢᠳᠭᠦᠯ ᠨᠢ ᠥᠨᠡᠭᠡᠷ ᠪᠢᠰᠢᠷᠡᠭᠦᠰᠢᠳᠡᠢ ᠪᠦᠭᠡᠳ ᠮᠠᠭᠳᠠᠭᠤᠰᠢᠳᠠᠢ ᠭᠡᠵᠤ ᠦᠵᠡᠯᠳᠠᠢ᠃


ᠠᠰᠢᠭᠯᠠᠭᠰᠠᠨ ᠮᠠᠲ᠋ᠸᠷᠢᠶᠠᠯ

1 .ᠪᠠᠶᠠᠷ ᠭᠠᠯᠢᠭᠯᠠᠪᠠ · 《ᠮᠤᠩᠭ᠋ᠤᠯ ᠤᠨ ᠨᠢᠭᠤᠴᠠ ᠳᠤᠪᠴᠢᠶᠠᠨ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ · 1980 ᠣᠨ᠃

2. ᠮᠠᠠᠰᠠᠩ ᠤᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1985ᠣᠨ᠃

3. 《ᠮᠤᠩᠭ᠋ᠤᠯ ᠵᠠᠩ ᠣᠢ᠌ᠯᠠ ᠶᠢᠨ ᠨᠡᠪᠳᠡᠷᠭᠡᠢ ᠳᠤᠯᠢ》 ᠣᠶᠤᠨ ᠤ ᠪᠣᠳᠢ᠂ ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ᠂ 1999 ᠣᠨ᠃

4. ᠰᠢᠶᠤᠤ ᠳ᠋ᠠ ᠾᠸᠩ᠂ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》᠂ ᠠᠰᠠᠷᠠᠯᠳᠤ ᠣᠷᠴᠢᠭᠤᠯᠪᠠ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1979 ᠣᠨ᠃

5. ᠫᠧᠩ ᠳ᠋ᠠ ᠶᠠ᠂ ᠰᠢᠤᠢ ᠳᠢᠩ᠂ 《ᠬᠠᠷ᠎ᠠ ᠳᠠᠲ᠋ᠠᠷ ᠤᠨ ᠳᠤᠬᠠᠢ ᠭᠡᠷᠡᠭ᠌ ᠤᠨ ᠳᠤᠪᠴᠢ》᠂ ᠬᠠᠷᠠᠮᠦ᠋ᠷᠠᠨ ᠤ ᠠᠷᠠᠤᠨ ᠤᠨ ᠭᠡᠪᠯᠡᠯ ᠤᠨ ᠬᠤᠷᠢᠶ᠎ᠠ᠂ 1979 ᠣᠨ᠃

6. ᠬᠠ᠊·ᠳ᠋ᠠᠮᠪᠢᠵᠠᠯᠰᠠᠨ ᠡᠷᠭᠢᠯᠡᠨ ᠨᠠᠢ᠌ᠷᠠᠭᠤᠯᠪᠠ᠂ 《ᠮᠤᠩᠭ᠋ᠤᠯ ᠵᠠᠩ ᠣᠢ᠌ᠯᠠ ᠶᠢᠨ ᠵᠦᠢ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ᠂ 1995 ᠣᠨ᠃

7. ᠭᠦᠷᠡᠯᠪᠠᠭᠠᠲᠤᠷ᠂ ᠤᠷᠡᠡᠴᠢᠮᠡᠭ᠌ ᠡᠮᠭᠢᠳᠭᠡᠨ ᠨᠠᠢ᠌ᠷᠠᠭᠤᠯᠪᠠ᠂ 《ᠬᠤᠷᠴᠢᠨ ᠤ ᠵᠠᠩ ᠠᠭᠠᠯᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1988 ᠣᠨ᠃

8.ᠯᠤᠪᠰᠠᠩᠴᠣᠢ᠌ᠳᠠᠨ ᠤ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1981 ᠣᠨ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠳ᠋ᠠᠭᠢ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 3725
ᠴᠠᠭ᠄ 2012 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ