ᠭᠤᠷᠪᠠᠬᠠᠨ ᠤᠯᠠᠭᠠᠨ᠎ᠠ

ᠵᠢᠷᠭᠤᠭᠠᠨ ᠵᠢᠯ ᠤᠨ ᠡᠮᠤᠨ᠎ᠡ ᠶᠤᠮᠰᠠᠨ

ᠬᠤᠷᠢᠨ ᠳᠦᠷᠪᠠᠨ ᠵᠢᠯ ᠣᠴᠢᠭᠠᠳᠤᠢ ᠪᠢ

ᠵᠠᠷᠤᠳ ᠨᠤᠳᠤᠭ ᠲᠠᠭᠠᠨ ᠠᠶᠠᠯᠠᠨ ᠭᠦᠷᠦᠯ᠎ᠡ

ᠵᠢᠭᠠᠯ ᠨᠠᠰᠤᠨ ᠳᠠᠭᠠᠨ ᠠᠮᠳᠠᠷᠬᠠᠨ ᠳᠡᠭᠦᠳᠡᠭ᠌

ᠵᠠᠷᠠᠭ᠎ᠠ ᠢᠳᠡᠭ᠍ᠰᠡᠨ ᠣᠯᠠᠭᠠᠨ᠎ᠠ

ᠵᠡᠭᠦᠳᠤᠨ ᠡᠴᠠ ᠰᠠᠯᠳᠠᠭ ᠦᠭᠡᠶ ᠭᠡᠮᠡᠨ

ᠵᠠᠬ᠎ᠠ ᠳᠠᠷᠠᠭᠠᠯᠠᠨ ᠠᠰᠠᠭᠤᠵᠤ ᠰᠤᠷᠠᠭᠯᠠᠯ᠎ᠠ

ᠵᠠᠯᠠᠭᠤ ᠳᠡᠭᠦᠦᠨᠡᠷ ᠤᠳ ᠳᠤᠯᠤᠭᠠᠢ ᠰᠠᠵᠢᠨ᠎ᠠ

ᠵᠠᠵᠢᠨ ᠪᠣᠭᠤᠷᠤᠯ ᠤᠳ ᠰᠠᠨᠠᠭ᠎ᠠ ᠠᠯᠳᠠᠨ᠎ᠠ

ᠵᠠᠮ ᠡᠴᠠ ᠪᠣᠰᠤᠳ ᠢ ᠨᠢ ᠳᠤᠤᠷᠯᠠᠴᠢᠭᠰᠠᠨ

ᠵᠠᠳᠠᠭᠠᠢ ᠭᠠᠵᠠᠷ ᠦᠯᠡᠳᠡᠭ᠍ᠰᠡᠨ ᠥᠭᠡᠢ

ᠵᠠᠯ᠎ᠠ ᠮᠤᠳᠤ ᠨᠢ ᠪᠠᠢ᠌ᠭᠰᠠᠨ ᠴᠤ

ᠵᠢᠮᠢᠰ ᠨᠢ ᠰᠠᠭᠤᠬᠤ ᠦᠭᠡᠶ ᠪᠣᠯᠵᠠᠢ ᠭᠡᠪᠡ


ᠬᠠᠷᠠᠮᠰᠠᠭᠰᠠᠨ ᠪᠢ ᠢᠳᠡᠭᠡᠵᠤ ᠶᠠᠳᠠᠮ᠎ᠠ

ᠬᠠᠷᠠᠴᠠᠨ ᠡᠴᠠ ᠮᠢᠨᠢ ᠦᠵᠡᠭᠡᠳ ᠭᠠᠷᠴᠢᠬᠠᠵᠠᠢ

ᠭᠤᠸ᠎ᠠ ᠦᠶᠡᠯᠢᠳ ᠦᠬᠢᠨ ᠳᠡᠭᠦᠤ ᠮᠢᠨᠢ

ᠬᠤᠶᠠᠭᠤᠯᠠ ᠪᠠᠨ ᠡᠷᠢᠭᠦ ᠪᠠᠷ ᠶᠠᠪᠣᠶ᠎ᠠ ᠭᠡᠳ

ᠭᠦᠷᠢᠶᠡᠨ ᠳᠤ ᠪᠠᠢ᠌ᠭᠰᠠᠨ ᠮᠤᠲ᠋ᠤᠷ ᠢ

ᠭᠦᠷᠴᠢᠭᠡᠨᠡᠭᠦᠯᠵᠤ ᠳᠦᠷᠴᠢᠭᠡᠨᠡᠭᠦᠯᠤᠨ ᠰᠤᠠᠳᠠᠯᠠᠭᠠᠤᠨ

ᠬᠣᠢ᠌ᠳᠤ ᠠᠭᠤᠯᠠ ᠶᠢᠨ ᠬᠤᠷᠮᠤᠢ ᠪᠠᠷ ᠡᠷᠭᠢᠯᠳᠤᠨ

ᠬᠠᠳᠤᠯᠠᠩ ᠤᠨ ᠭᠠᠵᠠᠷ ᠲᠠᠭᠠᠨ ᠳ᠋ᠸᠩᠰᠢᠳᠠᠯ᠎ᠠ ᠡᠷᠢᠭᠡᠳ

ᠬᠤᠸᠠᠷ ᠡᠭᠡᠴᠢ ᠠᠯᠠᠭ᠎ᠠ ᠪᠠᠨ ᠳᠡᠯᠭᠡ ᠭᠡᠯ᠎ᠡ

ᠭᠢᠮᠤᠰᠤᠨ ᠳᠤᠯᠢᠨ ᠴᠢᠨᠡᠭᠡᠨ ᠮᠢᠬ᠎ᠠ ᠮᠠᠷᠢᠶ᠎ᠠ ᠥᠭᠡᠢ

ᠭᠤᠷᠪᠠᠬᠠᠨ ᠳᠤᠨᠢᠭᠠᠷ ᠣᠯᠠᠭᠠᠨ᠎ᠠ

ᠭᠠᠷ ᠤᠨ ᠠᠯᠠᠭᠠᠨ ᠳᠡᠭᠡᠷ᠎ᠡ ᠡᠪ ᠥᠭᠡᠢ᠌ᠷᠡᠨ ᠰᠠᠭᠤᠯ᠎ᠠ

ᠬᠤᠭᠤᠰᠤᠨ ᠦᠭᠡᠶ ᠰᠢᠤ ᠨᠢᠭᠤᠷ ᠥᠭ᠍ᠴᠡᠢ

ᠬᠠᠢ᠌ᠷᠠᠳᠤ ᠡᠭᠡᠴᠢ ᠡ ᠭᠡᠵᠤ ᠠᠯᠢᠶᠠᠷᠬᠠᠨ᠎ᠠ

ᠬᠤᠶᠠᠷ ᠨᠢᠳᠤ ᠣᠯᠠᠭᠠᠨ᠎ᠠ ᠡᠴᠠ ᠪᠠᠨ ᠳᠤᠮᠤ

ᠬᠠᠪ ᠬᠠᠯᠠᠭᠤᠨ ᠨᠢᠯᠪᠣᠰᠤ ᠵᠢ

ᠬᠠᠴᠠᠷ ᠳᠠᠭᠠᠭᠤᠯᠤᠨ ᠪᠦᠮᠪᠦᠷᠢᠭᠦᠯᠵᠤ

ᠬᠠᠷᠠᠨ ᠬᠠᠷᠠᠨ ᠭᠦᠭᠡᠷᠦᠭᠦᠢᠯᠡᠵᠤ

ᠬᠠᠢ᠌ᠯᠠᠨ ᠬᠠᠢ᠌ᠯᠠᠨ ᠶᠠᠪᠣᠯ᠎ᠠ

ᠬᠠᠮᠤᠭ ᠰᠡᠭᠦᠯ ᠤᠨ ᠳᠡᠭᠦᠭ᠍ᠰᠡᠨ

ᠭᠢᠮᠰᠢᠭᠠᠷ ᠣᠯᠠᠭᠠᠨ᠎ᠠ ᠭᠡᠵᠤ ᠪᠣᠤ ᠭᠡᠯᠡ

ᠭᠦᠰᠡᠯ ᠬᠤᠷᠣᠢ᠌ᠯᠠᠵᠤ ᠪᠠᠢ᠌ᠭ᠎ᠠ

ᠭᠡᠭᠡᠡᠴᠢᠷ ᠣᠯᠠᠭᠠᠨ᠎ᠠ ᠭᠡᠵᠤ ᠪᠣᠳᠤᠭᠠᠷᠠᠢ

ᠬᠤᠵᠢᠮ ᠤᠨ ᠨᠢᠭᠡᠨ ᠴᠠᠭ ᠳᠤᠷ

ᠬᠤᠪᠢᠳᠠᠢ ᠣᠯᠠᠭᠠᠨ᠎ᠠ ᠪᠠᠨ ᠯᠠᠪ

ᠬᠤᠷᠮᠤᠢ ᠳᠦᠭᠦᠷᠡᠩ ᠳᠡᠭᠦᠭᠦ ᠶᠤᠮ ᠡ ᠭᠡᠮᠡᠨ

ᠬᠠᠵᠢᠤᠬᠠᠢ ᠰᠢᠭ ᠣᠯᠠᠭᠠᠨ᠎ᠠ ᠳᠠᠭᠠᠨ ᠰᠢᠪᠠᠨᠠᠯ᠎ᠠ


2012 ᠣᠨ ᠤ 12 ᠰᠠᠷ᠎ᠠ ᠵᠢᠨ 19 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠬᠠᠷᠢᠶ᠎ᠠ᠄ ᠰᠢᠯᠦᠭ
ᠳᠠᠷᠤᠮ᠄ 1921
ᠴᠠᠭ᠄ 2012 ᠤᠨ ᠤ 12 ᠰᠠᠷ᠎ᠠ ᠶᠢᠨ 28