ᠬᠠᠷ᠎ᠠ ᠨᠢᠳᠤᠨ ᠭᠡᠦᠭᠡᠨ

ᠬᠠᠷ᠎ᠠ ᠨᠢᠳᠤᠨ ᠭᠡᠦᠭᠡᠨ ᠴᠢᠮ᠎ᠠ ᠵᠢ

ᠬᠠᠷᠠᠭᠠᠤᠨ ᠰᠠᠭᠤᠴᠢᠬᠠᠮᠠᠷ ᠪᠣᠳᠤᠬᠤ ᠶᠤᠮ

ᠬᠠᠮᠤᠭ ᠵᠢᠷᠭᠠᠯ ᠴᠢᠮ᠎ᠠ ᠡᠴᠠ ᠢᠷᠠᠵᠤ

ᠬᠤᠷᠸ᠎ᠠ ᠪᠢᠳᠠᠨ ᠤ ᠯᠠ ᠪᠣᠯᠵᠤ ᠢᠪᠴᠤᠷᠠᠨ᠎ᠠ

ᠬᠤᠶᠠᠷ ᠭᠦᠮᠤᠨ ᠤ ᠶ‍ᠢᠷᠳᠢᠠᠴᠤ ᠭᠡᠵᠤ

ᠴᠢ ᠯᠠ ᠨᠠᠳᠠ ᠢᠷᠡᠭᠦ ᠶᠤᠮ

ᠬᠤᠨᠤᠭ ᠵᠡᠭᠦᠳᠤᠨ ᠤ ᠵᠢᠷᠭᠠᠯ ᠪᠣᠯᠵᠤ

ᠴᠢ ᠯᠠ ᠭᠠᠭᠴᠠ ᠳᠤᠳᠤᠷᠠᠭᠠᠰᠠᠢ


ᠬᠠᠷᠭᠤᠭᠰᠠᠨ ᠳᠠᠷᠠ ᠬᠤᠷᠤᠮ ᠡᠴᠠ

ᠬᠤᠨᠤᠭ ᠵᠡᠭᠦᠳᠤᠨ ᠳᠤ ᠢᠷᠡᠳᠡᠭ᠌ ᠪᠣᠯᠤᠯ᠎ᠠ

ᠬᠠᠷᠠᠭᠰᠠᠨ ᠳᠠᠷᠠ ᠵᠠᠪᠰᠢᠶᠠᠨ ᠡᠴᠠ

ᠬᠤᠪᠳᠤᠯ ᠵᠢᠷᠦᠭᠡᠨ ᠳᠤ ᠰᠡᠢ᠌ᠯᠦᠭᠡᠰᠦᠳᠡᠢ ᠪᠣᠯᠤᠯ᠎ᠠ

ᠬᠠᠯᠳᠤ ᠮᠦᠷᠭᠦᠭᠦ ᠊ᠭ᠍ᠱᠡᠨ ᠳ᠋ᠤ

ᠬᠠᠢ᠌ᠯᠤᠮᠠᠷ ᠪᠣᠯᠵᠤ ᠳᠤᠭᠳᠤᠯᠬᠤ ᠶᠤᠮ

ᠬᠠᠷᠠᠴᠠ ᠶᠢᠨ ᠴᠢᠨᠢ ᠳᠤᠯᠠᠭᠠᠨ ᠰᠠᠴᠤᠷᠠᠭ ᠳᠤ

ᠬᠠᠮᠤᠭ ᠪᠠᠶ᠎ᠠ ᠰᠣᠢ᠌ᠷᠠᠮᠠᠷ ᠪᠣᠯᠬᠤ ᠶᠤᠮ


ᠦᠯᠢᠭᠡᠷ ᠤᠨ ᠰᠤᠳᠤᠨ ᠣᠬᠠᠭᠠᠨ ᠭᠡᠵᠤ

ᠴᠢᠮ᠎ᠠ ᠳᠤ ᠯᠠ ᠶᠠᠷᠢᠪᠠᠯ ᠵᠤᠭᠢᠬᠤ ᠶᠤᠮ ᠪᠠ︕

ᠦᠨᠡᠠᠴᠢ ᠬᠠᠯᠠᠭᠤᠨ ᠬᠠᠢ᠌ᠷ᠎ᠠ ᠭᠡᠵᠤ

ᠴᠢᠮ᠎ᠠ ᠳᠤ ᠯᠠ ᠢᠪᠢᠯᠪᠠᠯ ᠳᠠᠭᠠᠷᠠᠬᠤ ᠶᠤᠮ ᠪᠠ ︕


ᠴᠡᠴᠡᠭ᠌ ᠰᠢᠭ᠌ ᠭᠤᠸᠠᠯᠢᠭ ᠴᠢᠮ᠎ᠠ ᠳᠤ ᠪᠠᠨ

ᠡᠷᠪᠠᠭᠡᠢ ᠰᠢᠭ᠌ ᠬᠠᠵᠠᠭᠤ ᠳᠤ ᠴᠢᠨᠢ ᠡᠨᠡᠭ᠍ᠰᠢᠭᠦ ᠶᠤᠮ ᠪᠠ︕

ᠴᠡᠪᠠᠷᠭᠡᠨ ᠮᠤᠩᠭ᠋ᠤᠯ ᠪᠦᠰᠡᠭᠦᠢ ᠴᠢᠮ᠎ᠠ ᠳᠤ ᠪᠠᠨ

ᠡᠩᠭᠡᠰᠭᠡ ᠰᠢᠭ᠌ ᠬᠠᠴᠠᠷ ᠲᠤ ᠴᠢᠨᠢ ᠨᠠᠭᠠᠬᠤ ᠶᠤᠮ ᠪᠠ︕


ᠠᠯᠪᠠᠨ ᠭᠡᠷ ᠲᠤ ᠢᠷᠡᠭᠦ ᠪᠦᠷᠢ

ᠨᠠᠮ᠎ᠠ ᠶᠢ ᠨᠢᠭᠡ ᠬᠠᠷᠠᠭᠠᠴᠢ ᠳ᠋ᠠ︕

ᠠᠯᠤᠰ ᠤᠨ ᠵᠠᠮ ᠳᠤ ᠶᠠᠪᠣᠬᠤ ᠪᠦᠷᠢ

ᠨᠠᠰᠢ ᠪᠠᠨ ᠨᠢᠭᠡ ᠳᠠᠯᠯᠠᠭᠠᠴᠢ ᠳ᠋ᠠ︕


ᠠᠶᠠᠭ᠎ᠠ ᠲᠡᠶ ᠴᠠᠢ ᠪᠠᠨ ᠣᠤᠭᠤᠬᠤ ᠪᠦᠷᠢ

ᠨᠠᠮ᠎ᠠ ᠶᠢ ᠨᠢᠭᠡ ᠰᠠᠨᠠᠭᠠᠴᠢ ᠳ᠋ᠠ︕

ᠠᠮᠠᠷᠠᠭ ᠬᠠᠯᠠᠭᠤᠨ ᠵᠡᠭᠦᠳᠤᠨ ᠳᠤ ᠪᠠᠨ

ᠨᠠᠮ᠎ᠠ ᠶᠢ ᠯᠠ ᠭᠠᠭᠴᠠ ᠵᠡᠭᠦᠳᠦᠯᠡᠭᠡᠰᠡᠢ︕


ᠰᠡᠪᠠᠯᠵᠡᠭᠦ ᠬᠠᠷ᠎ᠠ ᠭᠡᠵᠢᠭᠡ ᠶᠢ ᠴᠢᠨᠢ

ᠰᠠᠷᠠᠮ᠎ᠠ ᠦᠭᠡᠶ ᠵᠡᠭᠦᠳᠦᠯᠡᠵᠤ ᠬᠤᠨᠤᠶ᠎ᠠ ᠪᠣᠳᠤᠯ᠎ᠠ

ᠰᠠᠨᠠᠭᠠᠨ ᠳᠤ ᠣᠶᠠᠬᠠᠨ ᠮᠦᠰᠢᠶᠠᠳᠤᠨ ᠳᠤ ᠴᠢᠨᠢ

ᠰᠡᠷᠭᠦᠮ᠎ᠡ ᠦᠭᠡᠶ ᠰᠤᠭᠳᠤᠵᠤ ᠶᠠᠪᠣᠶ᠎ᠠ ᠰᠠᠨᠠᠯ᠎ᠠ︕


ᠨᠠᠭᠢᠯᠵᠠᠭᠰᠠᠨ ᠭᠤᠶᠤ ᠭᠠᠯᠪᠢᠷ ᠢ ᠴᠢᠨᠢ

ᠨᠠᠰᠤ ᠪᠠᠷ ᠶᠢᠡᠨ ᠦᠮᠴᠢᠯᠠᠵᠤ ᠶᠠᠪᠣᠶ᠎ᠠ

ᠨᠥᠮᠵᠦᠭ᠌ ᠬᠠᠯᠠᠭᠤᠨ ᠬᠠᠢ᠌ᠷ᠎ᠠ ᠶᠢ ᠴᠢᠨᠢ

ᠨᠠᠷᠭᠢᠮ᠎ᠠ ᠰᠠᠢ᠌ᠬᠠᠨ ᠳᠤ ᠨᠢ ᠡᠵᠡᠯᠡᠶ᠎ᠡ ᠳ᠋ᠠ︕

ᠠᠮᠢᠳᠤᠷᠠᠯ ᠤᠨ ᠰᠤᠳᠤᠨ ᠣᠬᠠᠭᠠᠨ ᠳᠠᠢ

ᠬᠠᠷ᠎ᠠ ᠨᠢᠳᠤᠨ ᠭᠡᠦᠭᠡᠨ ᠴᠢᠨᠤᠭᠢ ᠪᠠᠨ

ᠠᠨᠢᠰᠬ᠎ᠠ ᠶᠢᠨ ᠣᠷᠳᠤ ᠰᠤᠷᠮᠤᠤᠰᠤ ᠪᠠᠷ ᠴᠢᠨᠢ ᠳᠤᠭᠯᠠᠨ

ᠠᠮᠠᠷᠠᠭ ᠬᠠᠯᠠᠭᠤᠨ ᠪᠠᠶᠠᠰᠴᠤ ᠶᠠᠪᠣᠶ᠎ᠠ︕


ᠠᠢ᠌ᠯ ᠤᠨ ᠭᠤᠶᠤᠬᠠᠨ ᠭᠡᠦᠭᠡᠡᠴᠦᠳ ᠤᠨ ᠳᠤᠮᠳᠠ ᠡᠴᠠ

ᠠᠮᠠᠷᠠᠭ ᠵᠠᠶᠠᠭᠠᠨ ᠤ ᠮᠢᠨᠢ ᠣᠳᠤ ᠨᠢ ᠪᠣᠯᠤᠭᠠᠰᠠᠢ︕

ᠢᠨᠠᠭ ᠬᠠᠯᠠᠭᠤᠨ ᠦᠨᠦᠰᠤᠯ ᠶᠢᠡᠷ ᠴᠢᠨᠢ ᠳᠤᠳᠤᠯᠵᠤ

ᠢᠪᠠᠭᠡᠯ ᠰᠠᠢ᠌ᠳᠠᠢ ᠭᠦᠭ᠍ᠰᠡᠵᠤ ᠶᠠᠪᠣᠶ᠎ᠠ︕


2010.4.12


ᠵᠤᠬᠢᠶᠠᠭᠴᠢ ᠶᠢᠨ ᠬᠠᠶ‍ᠢᠭ᠄ ᠵᠠᠷᠤᠳ ᠮᠤᠩᠭ᠋ᠤᠯ ᠬᠤᠶᠠᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠬᠠᠭᠤᠴᠢᠳ·ᠭᠢᠯᠪᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1270
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁