ᠡᠷᠳᠡᠨᠢ

ᠡᠷᠳᠡᠨᠢ ᠭᠡᠳᠡᠭ᠌ ᠬᠤᠪᠣᠷ ᠴᠤᠬᠠᠭ᠂ ᠡᠷᠭᠢᠮ ᠦᠨᠡᠳᠤ ᠶᠠᠭᠤᠮ᠎ᠠ ᠪᠣᠯᠬᠤ ᠶᠢ ᠭᠦᠮᠤᠨ ᠪᠦᠭᠦᠨ ᠮᠠᠳᠠᠨ᠎ᠡ᠃ ᠭᠡᠪᠠᠴᠤ ᠪᠢ ᠡᠷᠳᠡᠨᠢ ᠭᠡᠭ᠍ᠴᠢ ᠶᠠᠭᠤ ᠪᠣᠯᠬᠤ ᠶᠢ ᠭᠤᠴᠢ ᠭᠦᠷᠦᠭᠡᠤᠨ ᠰᠠᠶ‍ᠢ ᠵᠢᠩᠭᠢᠨᠢ ᠪᠠᠷ ᠮᠡᠳᠡᠭ᠍ᠰᠡᠨ ᠪᠦᠭᠡᠤᠨ ᠵᠢᠩᠭᠢᠨᠢ ᠡᠷᠳᠡᠨᠢ ᠶᠢ ᠪᠣᠯ ᠭᠦᠮᠤᠨ ᠳᠤ ᠭᠡᠯᠡᠳᠡᠭ᠌ ᠦᠭᠡᠶ᠂ ᠭᠦᠢᠳᠡᠨ ᠳᠠᠮᠤᠷ ᠶᠢᠡᠷ ᠣᠨᠢᠰᠤᠯᠠᠳᠠᠭ ᠦᠭᠡᠶ ᠶᠤᠮ ᠭᠡᠳᠡᠭ᠌ ᠢ ᠣᠢ᠌ᠯᠠᠭᠠᠭᠰᠠᠨ ᠶᠤᠮ᠃

ᠨᠠᠮ᠎ᠠ ᠶᠢ ᠪᠠᠭ᠎ᠠ ᠪᠠᠢ᠌ᠬᠤ ᠳᠤ ᠡᠮᠡᠭᠡ ᠶᠠᠷᠤᠨᠢ ᠮᠢᠨᠤ ᠠᠮᠢᠨ ᠡᠷᠳᠡᠨᠢ᠂ ᠮᠢᠨᠤ ᠡᠷᠳᠡᠨᠢ ᠭᠡᠳᠡᠭ᠌ ᠵᠢᠡᠷ᠂ ᠪᠢ ᠪᠣᠯ ᠳᠠᠷᠤᠢ ᠡᠷᠳᠡᠨᠢ ᠮᠦᠨ ᠭᠡᠵᠤ ᠪᠣᠳᠤᠳᠠᠭ ᠪᠠᠢ᠌ᠭᠰᠠᠨ ᠶᠤᠮ᠃ ᠤᠳᠡᠯ ᠥᠬᠡᠢ ᠡᠮᠡᠭᠡ ᠳᠤ ᠮᠢᠨᠢ ᠨᠢᠭᠡ ᠵᠢᠵᠢᠭ᠍‍ᠭᠡᠨ ᠪᠣᠷᠭᠠᠰᠤᠨ ᠰᠠᠭᠰᠤ ᠪᠠᠢ᠌ᠳᠡᠬ ᠪᠦᠭᠡᠤᠨ ᠳᠡᠭᠦᠨ ᠶᠢᠡᠨ ᠭᠡᠵᠢᠶᠡᠳᠡ ᠭᠡᠷ ᠤᠨ ᠨᠢᠷᠤᠭᠤᠨ ᠡᠴᠡ ᠡᠯᠭᠦᠭᠡᠤᠨ ᠪᠠᠢ᠌ᠳᠠᠭ ᠢ ᠮᠡᠳᠡᠭ᠍ᠰᠡᠨ ᠪᠣᠯᠪᠠᠴᠤ ᠳᠠᠷᠠ ᠰᠠᠭᠰᠤᠨ ᠳᠤᠳᠤᠷ᠎ᠠ ᠨᠢ ᠴᠤᠬᠤᠮ ᠶᠠᠭᠤ ᠪᠠᠢ᠌ᠳᠠᠭ ᠢ ᠨᠢ ᠬᠠᠷᠢᠨ ᠪᠢ ᠶᠠᠷᠤ ᠣᠯᠵᠤ ᠥᠵᠡᠳᠡᠭ᠌ ᠦᠭᠡᠶ ᠣᠴᠢᠷ ᠡᠴᠡ ᠡᠮᠡᠭᠡ ᠡᠴᠡ᠄

ᠲᠠᠷᠠ ᠰᠠᠭᠰᠤᠨ ᠳᠤᠳᠤᠷ᠎ᠠ ᠴᠢᠨᠢ ᠶᠠᠭᠠᠤ ᠪᠠᠢ᠌ᠳᠠᠭ ᠪᠣᠢ ︖ ᠭᠡᠵᠤ ᠠᠰᠠᠭᠤᠪᠠᠯ᠂ ᠡᠮᠡᠭᠡ ᠄

ᠡᠷᠳᠡᠨᠢ ᠪᠠᠢ᠌ᠳᠠᠭ ᠶᠤᠮ ᠡ ︕ ᠬᠡᠨ᠎ᠡ᠃ ᠳᠡᠭᠡᠭᠡᠤᠨ ᠡᠷᠳᠡᠨᠢ ᠭᠡᠭ᠍ᠴᠢ ᠴᠤᠬᠤᠮ ᠶᠠᠭᠤ ᠶᠤᠮ ᠳ᠋ᠠ ︖ ᠭᠡᠵᠤ ᠮᠤᠬᠤᠳᠠᠯ᠎ᠠ ᠪᠣᠳᠤᠭᠠᠤᠨ ᠮᠡᠳᠡᠳᠡᠭ᠌ ᠦᠭᠡᠶ ᠣᠠᠳᠠᠴᠢᠬᠠᠳᠠᠭ ᠪᠠᠢ᠌ᠯ᠎ᠠ᠃

ᠮᠢᠨᠤ ᠡᠮᠡᠭᠡ ᠪᠣᠯ ᠬᠠᠷ᠎ᠠ ᠴᠠᠢ ᠣᠤᠭᠤᠬᠤ ᠳᠤᠷᠠᠳᠠᠢ ᠮᠥᠷᠳᠡᠭᠡᠨ ᠥᠷᠯᠦᠭᠡ ᠪᠦᠷᠢ ᠪᠣᠳᠠᠭ᠎ᠠ ᠢᠳᠡᠭᠦ ᠡᠴᠡ ᠪᠠᠨ ᠡᠮᠤᠨ᠎ᠡ ᠵᠠᠪᠠᠯ ᠨᠢᠭᠡ ᠣᠳᠠᠭ᠎ᠠ ᠣᠤᠭᠤᠳᠠᠭ ᠵᠠᠩᠰᠢᠯ ᠲᠡᠶ ᠪᠠᠢ᠌ᠭᠰᠠᠨ ᠶᠤᠮ᠃ ᠳᠠᠷᠠ ᠦᠶ᠎ᠡ ᠳᠤ ᠮᠢᠨᠤ ᠡᠮᠡᠭᠡ ᠬᠠᠠᠵᠤᠨ ᠳᠡᠭᠡᠷ᠎ᠡ ᠯᠠᠪᠳᠠᠭᠤᠨ ᠳᠠᠭᠠᠳᠠᠢ᠌ᠬᠠᠨ ᠰᠠᠭᠤᠳᠠᠭ ᠦᠭᠡᠶ ᠠᠵᠢᠯᠴᠢ ᠭᠦᠮᠤᠨ ᠪᠠᠢ᠌ᠯ᠎ᠠ᠃

ᠴᠠᠢ ᠶᠢᠨ ᠣᠰᠤ ᠪᠠᠨ ᠭᠡᠵᠢᠶᠡᠳᠡ ᠦᠪᠠᠰᠤᠪᠠᠨ ᠪᠣᠴᠠᠯᠭᠠᠨ᠎ᠠ᠃ ᠵᠠᠷᠢᠮ ᠳᠤ ᠪᠠᠨ ᠭᠠᠯ ᠶᠢᠡᠨ ᠭᠦᠭ᠍ᠵᠢᠭᠡᠵᠤ ᠳᠡᠢ᠌ᠯᠭᠦ ᠦᠭᠡᠶ ᠪᠠᠴᠢᠮᠳᠠᠪᠠᠯ ᠨᠠᠮ᠎ᠠ ᠶᠢ ᠳᠠᠭᠤᠳᠠᠵᠤ ᠭᠡᠦᠭᠡᠤᠨ ᠤᠨ ᠣᠷᠤᠭᠤᠯ ᠳᠤᠰᠤ ᠲᠡᠶ ᠶᠤᠮ᠂ ᠡᠨᠡ ᠴᠤᠭ ᠢ ᠥᠯᠢᠶᠡᠭᠡᠤᠨ ᠥᠭ᠌︕ ᠭᠡᠨ᠎ᠡ ᠃ ᠨᠠᠮ᠎ᠠ ᠶᠢ ᠦᠯᠢᠶᠠᠵᠤ ᠪᠠᠢ᠌ᠭ᠎ᠠ ᠦᠶ᠎ᠡ ᠳᠤ ᠡᠮᠡᠭᠡ ᠬᠠᠵᠠᠭᠤ ᠡᠴᠡ᠄

ᠥᠭᠡᠭᠦ ᠢᠳᠡᠭᠦᠯᠦᠶ᠎ᠡ ᠂ ᠦᠷᠪᠢᠰ ᠬᠡᠨ᠎ᠡ︕ ᠳᠤᠰᠤ ᠣᠤᠭᠤᠯᠭᠠᠶ᠎ᠠ ᠂ ᠳᠤᠯᠠᠰ ᠬᠡᠨ᠎ᠡ ︕ ᠭᠡᠵᠤ ᠭᠡᠯᠡᠵᠤ ᠵᠤᠭᠰᠤᠨ᠎ᠠ᠃ ᠵᠤᠨ ᠪᠣᠯ ᠭᠠᠳᠠᠨ᠎ᠠ ᠳᠤᠯᠭ᠎ᠠ ᠳᠡᠭᠡᠷ᠎ᠡ ᠣᠰᠤ ᠪᠠᠨ ᠪᠣᠴᠠᠯᠭᠠᠨ᠎ᠡ᠂ ᠡᠪᠦᠯ ᠪᠣᠯ ᠭᠡᠷ ᠲᠤ ᠬᠤᠪᠣᠩ ᠤᠨ ᠴᠤᠭ ᠳᠡᠭᠡᠷ᠎ᠡ ᠪᠣᠴᠠᠯᠭᠠᠨ᠎ᠠ᠃ ᠳᠡᠭᠡᠭᠡᠤᠨ ᠣᠰᠤ ᠨᠢ ᠣᠷᠭᠢᠯᠳᠠᠯ᠎ᠠ ᠪᠣᠴᠠᠯᠤᠮᠠᠭᠴᠠ ᠶᠤᠰᠤᠳᠠᠢ ᠢᠯᠠᠭ᠎ᠠ ᠰᠢᠪᠠᠷᠳᠠᠮᠠᠷ ᠢᠳᠡᠭᠡᠨ ᠬᠠᠷ᠎ᠠ ᠴᠠᠢ ᠪᠠᠨ ᠦᠯᠦᠨ ᠶᠢᠡᠷ ᠣᠤᠭᠤᠵᠤ ᠡᠭᠢᠯᠡᠨ᠎ᠡ᠃

ᠳᠠᠷᠠ ᠦᠶ᠎ᠡ ᠳᠤ ᠡᠮᠡᠭᠡ ᠮᠢᠨᠢ ᠴᠠᠢ ᠣᠤᠭᠤᠬᠤ ᠳᠤ ᠪᠠᠨ ᠵᠠᠪᠠᠯ ᠴᠠᠢ ᠶᠢᠨ ᠵᠠᠭᠤᠰᠢ ᠭᠡᠵᠤ ᠨᠤᠶᠠᠨ ᠰᠢᠰᠢ ᠶᠢᠨ ᠰᠢᠷ᠎ᠠ ᠪᠣᠤᠪᠣ ᠂ ᠴᠠᠭᠠᠨ ᠢᠳᠡᠭᠡ ᠡᠴᠡ ᠡᠳᠦᠢ ᠳᠠᠳᠤᠢ ᠳᠠᠪᠠᠭᠯᠠᠵᠤ ᠳᠠᠯᠪᠢᠨ᠎ᠠ᠃ ᠵᠠᠷᠢᠮ ᠳᠤ ᠪᠠᠨ ᠶ‍ᠸᠪᠢᠩ᠂ ᠪᠣᠭᠤᠷᠰᠤᠭ ᠪᠣᠶᠤ ᠬᠠᠳᠠᠭᠰᠠᠨ ᠬᠠᠷ᠎ᠠ ᠰᠢᠭᠢᠷ᠂ ᠮᠦᠰᠤᠨ ᠰᠢᠭᠢᠷ ᠭᠠᠷᠭᠠᠵᠤ ᠳᠠᠯᠪᠢᠨ᠎ᠠ᠃ ᠬᠠᠶᠠ ᠳᠤ ᠪᠠᠨ ᠪᠠᠰᠠ ᠬᠠᠳᠠᠭᠠᠭᠰᠠᠨ ᠴᠢᠪᠠᠭ᠎ᠠ ᠴᠤ ᠭᠠᠷᠭᠠᠵᠤ ᠳᠠᠯᠪᠢᠨ᠎ᠠ᠃ ᠪᠠᠷᠤᠭ ᠯᠠ ᠥᠷᠯᠦᠭᠡ ᠥᠷᠯᠦᠭᠡ ᠮᠠᠷᠳᠠᠯ ᠦᠭᠡᠶ ᠭᠠᠷᠭᠠᠳᠠᠭ ᠪᠣᠯᠪᠠᠴᠤ ᠨᠤᠶᠠᠨ ᠰᠢᠰᠢ ᠶᠢᠨ ᠪᠣᠤᠪᠣ ᠡᠴᠡ ᠪᠣᠰᠤᠳ ᠢ ᠪᠦᠭᠦᠯᠢ ᠪᠠᠷ ᠨᠢ ᠢᠳᠡᠭ᠍ᠰᠡᠨ ᠢ ᠪᠢ ᠶᠠᠷᠤ ᠣᠯᠵᠤ ᠥᠵᠡᠭ᠍ᠰᠡᠨ ᠦᠭᠡᠶ᠃ ᠢᠯᠠᠩᠭ᠋ᠤᠶ᠎ᠠ ᠴᠠᠭᠠᠨ ᠢᠳᠡᠭᠡᠨ᠂ ᠶ‍ᠸᠪᠢᠩ ᠡᠴᠡ ᠪᠣᠰᠤᠳ ᠢ ᠨᠢ ᠪᠣᠯ ᠭᠠᠭᠴᠠ ᠣᠳᠠᠭ᠎ᠠ ᠠᠮᠠ ᠭᠦᠷᠦᠭ᠍ᠰᠡᠨ ᠢ ᠨᠢ ᠴᠤ ᠣᠯᠵᠤ ᠥᠵᠡᠭ᠍ᠰᠡᠨ ᠦᠭᠡᠶ ᠪᠢᠯᠠ᠃

ᠪᠢ ᠳᠠᠷᠠ ᠦᠶ᠎ᠡ ᠳᠤ ᠡᠮᠡᠭᠡ ᠪᠠᠨ ᠳᠠᠢ᠌ᠮᠤ ᠠᠮᠳᠠ ᠲᠡᠶ ᠶᠠᠭᠤᠮ᠎ᠠ ᠶᠢ ᠶᠠᠭᠠᠭᠢᠭᠠᠤᠨ ᠢᠳᠡᠳᠡᠭ᠌ ᠦᠭᠡᠶ ᠶᠤᠮ ᠳ᠋ᠠ ︖ ᠭᠡᠵᠤ ᠶᠡᠭᠡ ᠭᠠᠢ᠌ᠬᠠᠳᠠᠭ ᠪᠢᠯᠠ᠃ ᠭᠠᠢ᠌ᠬᠠᠭᠰᠠᠭᠠᠷ ᠬᠠᠷᠠᠭᠰᠠᠭᠠᠷ ᠪᠠᠢ᠌ᠵᠤ ᠬᠤᠪᠳᠤᠭ ᠭᠦᠷᠦᠭᠡᠤᠨ ᠳᠡᠰᠭᠦ ᠦᠭᠡᠶ ᠪᠣᠯᠪᠠᠯ ᠳᠠᠷᠠ ᠨᠢ ᠶᠠᠭᠤ ᠭᠡᠭ᠍ᠴᠢ ᠶᠢ ᠳᠤᠪ ᠳᠤᠳᠤᠷᠬᠠᠢ ᠮᠠᠳᠠᠵᠤ ᠪᠠᠢ᠌ᠪᠠᠴᠤ ᠵᠤᠷᠢᠭᠤᠳᠠ ᠡᠮᠡᠭᠡ ᠡ ᠂ ᠡᠨᠡ ᠴᠢᠨᠢ ᠶᠠᠭᠤ ᠪᠣᠢ︖ ᠭᠡᠤᠨ ᠠᠰᠠᠭᠤᠭᠠᠤᠨ ᠠᠪᠣᠨ᠎ᠠ᠃ ᠳᠡᠭᠡᠪᠠᠯ ᠡᠮᠡᠭᠡ ᠶᠠᠭᠤ ᠪᠠᠢ᠌ᠭᠰᠠᠨ ᠴᠤ ᠬᠠᠮᠢᠶ᠎ᠠ ᠦᠭᠡᠶ ᠰᠢᠭᠤᠳ ᠯᠠ᠄

ᠡᠷᠳᠡᠨᠢ ᠶᠤᠮ ᠡ ︕ ᠭᠡᠨ᠎ᠡ ᠃ ᠳᠡᠭᠡᠭᠡᠤᠨ ᠪᠢ ᠳᠤᠳᠤᠷ᠎ᠠ ᠪᠠᠨ ᠡᠷᠳᠡᠨᠢ ᠭᠡᠭ᠍ᠴᠢ ᠶᠠᠭᠤ ᠪᠣᠯᠬᠤ ᠶᠢ ᠮᠡᠳᠡᠭ᠍ᠰᠡᠨ ᠪᠣᠯᠪᠠᠴᠤ ᠲ᠋ᠠᠷᠠ ᠡᠷᠳᠡᠨᠢ ᠪᠠᠨ ᠬᠠᠷᠢᠨ ᠰᠠᠭᠰᠤᠨ ᠡᠴᠡ ᠪᠠᠨ ᠠᠪᠳᠠᠭ ᠢ ᠨᠢ ᠨᠢᠭᠡ ᠴᠤ ᠣᠯᠵᠤ ᠥᠵᠡᠳᠡᠭ᠌ ᠦᠭᠡᠶ ᠪᠠᠢ᠌ᠯ᠎ᠠ᠃

ᠣᠳᠠᠰᠭᠢᠭᠠᠤᠨ ᠪᠠᠰᠠ ᠬᠤᠪᠳᠤᠭ ᠭᠦᠷᠦᠭᠡᠤᠨ ᠳᠡᠰᠭᠦ ᠦᠭᠡᠶ ᠪᠣᠯ ᠄

ᠡᠮᠡᠭᠡ ᠡ ᠂ ᠳᠠ ᠶᠠᠭᠠᠭᠢᠭᠠᠤᠨ ᠢᠳᠡᠭᠦ ᠦᠭᠡᠶ ᠶᠤᠮ ︖ ᠭᠡᠵᠤ ᠠᠰᠠᠭᠤᠨ᠎ᠠ ᠃ ᠳᠡᠭᠡᠪᠠᠯ ᠡᠮᠡᠭᠡ ᠢᠨᠢᠶᠡᠴᠢᠭᠡᠭᠡᠤᠨ ᠄

ᠡᠷᠳᠡᠨᠢ ᠶᠢ ᠢᠳᠡᠳᠡᠭ᠌ ᠦᠭᠡᠶ ᠶᠤᠮ ᠰᠢᠤ ︕ ᠬᠡᠨ᠎ᠡ ᠃ ᠳᠡᠭᠡᠭ᠍ᠰᠡᠭᠡᠷ ᠪᠢ ᠭᠡᠯᠡᠭᠦ ᠥᠭᠡ ᠲᠡᠶ ᠪᠣᠯᠵᠤ ᠄

ᠲᠠᠷᠠ ᠣᠳᠠᠭ᠎ᠠ ᠳᠠ ᠨᠢᠭᠡ ᠭᠡᠯᠳᠡᠯᠵᠤ ᠠᠪᠣᠭᠠᠤᠨ ᠢᠳᠠᠵᠤ ᠪᠠᠢ᠌ᠭᠰᠠᠨ ᠪᠢᠰᠢ ᠦᠦ︖᠃ ᠡᠮᠡᠭᠡ ᠄

ᠶᠠᠭ ᠬᠤᠪᠳᠤᠭ ᠭᠦᠷᠦᠭᠡᠤᠨ ᠳᠡᠰᠭᠦ ᠦᠭᠡᠶ ᠪᠣᠯ ᠢᠳᠡᠴᠢᠭᠡᠳᠡᠭ᠌ ᠶᠤᠮ ︕ ᠭᠡᠤᠨ ᠨᠢᠭᠡᠮᠦᠰᠤᠨ ᠭᠦᠭᠦᠷᠡᠨ ᠢᠨᠢᠶᠡᠴᠢᠭᠡᠨ᠎ᠡ᠃

ᠲᠡᠭᠡᠭᠡᠤᠨ ᠦᠨᠦ ᠬᠤᠪᠳᠤᠭ ᠭᠦᠷᠴᠤ ᠦᠭᠡᠶ ᠦᠦ︖ ᠭᠡᠪᠠᠯ ᠡᠮᠡᠭᠡ ᠴᠤᠮᠤ ᠲᠡᠶ ᠴᠠᠢ ᠪᠠᠨ ᠭᠦᠴᠦᠳᠡᠢ᠌ᠭᠡᠨ ᠨᠢᠭᠡ ᠣᠭᠤᠴᠢᠴᠢᠬᠠᠭᠠᠤᠨ ᠠᠭᠠᠵᠢᠮᠬᠠᠨ ᠵᠠᠯᠭᠢᠭᠰᠠᠨ ᠤ ᠳᠠᠷᠠᠭ᠎ᠠ᠄

ᠥᠭᠡᠢ ᠡ᠂ ᠠᠯᠳᠠᠠᠪᠠᠭᠠᠨ᠎ᠠ ᠶᠢᠨ ᠮᠠᠭᠤ ᠬᠤᠪᠳᠤᠭ ᠭᠦᠤ ᠯᠠ ᠰᠠᠶ‍ᠢ ᠬᠤᠪᠳᠤᠭ ᠭᠦᠷᠴᠤ ᠪᠠᠢ᠌ᠯᠭᠦᠢ᠂ ᠳᠡᠭᠡᠪᠠᠯ ᠴᠢ ᠳᠠᠷᠠ ᠬᠤᠭᠤᠯᠠᠢ ᠶᠢᠨ ᠬᠤᠷᠤᠬᠠᠢ ᠪᠠᠨ ᠨᠢᠭᠡ ᠳᠡᠵᠢᠭᠡᠵᠤ ᠦᠵᠡ ᠳ᠋ᠠ᠂ ᠴᠢᠭᠢ ᠶᠢ ᠴᠢᠨᠢ ᠣᠭ ᠦᠭᠡᠶ ᠣᠭᠳᠤᠯᠤᠭᠠᠤᠨ ᠠᠪᠣᠭᠰᠠᠨ ᠴᠤ ᠮᠡᠳᠡᠭᠦ ᠦᠭᠡᠶ ᠪᠠᠢ᠌ᠯᠭᠦᠢ ᠭᠡᠤᠨ ᠨᠠᠮ᠎ᠠ ᠳᠤ ᠥᠭ᠍ᠴᠢᠭᠡᠨ᠎ᠡ᠃ ᠦᠭ‍ᠭᠦ ᠳᠤ ᠪᠠᠨ ᠶ‍ᠸᠪᠢᠩ᠂ ᠪᠣᠭᠤᠷᠰᠤᠭ ᠮᠠᠳᠤᠰ ᠪᠠᠢ᠌ᠭᠰᠠᠨ ᠪᠣᠯ ᠰᠢᠷ᠎ᠠ ᠡᠷᠳᠡᠨᠢ ᠂ ᠮᠦᠰᠤᠨ ᠰᠢᠭᠢᠷ ᠪᠠᠢ᠌ᠭᠰᠠᠨ ᠪᠣᠯ ᠭᠢᠯᠠᠭᠠᠷ ᠡᠷᠳᠡᠨᠢ᠂ ᠴᠢᠪᠠᠭ᠎ᠠ ᠪᠠᠢ᠌ᠭᠰᠠᠨ ᠪᠣᠯ ᠣᠯᠠᠭᠠᠨ ᠡᠷᠳᠡᠨᠢ ᠁ ᠭᠡᠵᠤ ᠨᠡᠷᠡᠯᠡᠳᠡᠭ᠌ ᠪᠦᠭᠡᠤᠨ ᠣᠠᠴᠠᠭᠠᠢ᠌ᠯᠠᠨ ᠬᠠᠷ᠎ᠠ ᠰᠢᠭᠢᠷ ᠪᠠᠢ᠌ᠭᠰᠠᠨ ᠪᠣᠯ ᠡᠨᠡ 《ᠬᠠᠷ᠎ᠠ ᠡᠷᠳᠡᠨᠢ》‍ ᠶᠢ ᠠᠷᠪᠢᠨ ᠢᠳᠠᠵᠤ ᠪᠣᠯᠳᠠᠭ ᠦᠭᠡᠶ᠂ ᠬᠠᠨᠢᠶᠠᠯᠭᠠᠳᠠᠭ ᠶᠤᠮ ᠭᠡᠤᠨ ᠬᠠᠭᠠᠰᠯᠠᠵᠤ ᠥᠭ᠍ᠳᠡᠭ᠌ ᠪᠠᠢ᠌ᠯ᠎ᠠ᠃ ᠭᠡᠭᠦ ᠳᠤ ᠪᠠᠨ ᠴᠠᠭᠠᠨ ᠡᠷᠳᠡᠨᠢ ᠡᠴᠡ ᠪᠣᠰᠤᠳ ᠢ ᠨᠢ ᠪᠣᠯ ᠠᠪᠣ ᠶᠢᠨ ᠡᠮᠦᠨ᠎ᠡ ᠶᠠᠷᠤ ᠢᠯᠠ ᠥᠭ᠍ᠳᠡᠭ᠌ ᠦᠭᠡᠶ ᠶᠤᠮ᠃ ᠣᠴᠢᠷ ᠨᠢ ᠠᠪᠣ ᠮᠡᠳᠡᠭ᠍ᠰᠡᠭᠡᠷ ᠄

ᠡᠮᠡᠭᠡ ᠶᠢᠨ ᠶᠢᠡᠨ ᠴᠠᠢ ᠶᠢᠨ ᠵᠠᠭᠤᠰᠢ ᠶᠢ ᠪᠠᠰᠠ ᠯᠠ ᠴᠢ ᠵᠤᠭᠤᠭᠯᠠᠴᠢᠬᠠᠪᠠ ᠦᠦ︖ ᠭᠡᠭᠦ ᠪᠣᠶᠤ ᠲᠠᠨ ᠢ ᠴᠠᠢ ᠪᠠᠨ ᠵᠠᠭᠤᠵᠤ ᠣᠤᠭᠤ ᠭᠡᠤᠨ ᠦᠭ‍ᠭᠦᠭ᠍ᠰᠡᠨ ᠳᠠᠷᠠ ᠪᠠᠭᠠᠬᠠᠨ ᠶᠠᠭᠤᠮ᠎ᠠ ᠶᠢ ᠦᠪᠡᠷ ᠶᠢᠡᠨ ᠢᠳᠡᠭᠦ ᠦᠭᠡᠶ ᠪᠦᠷ ᠭᠡᠦᠭᠡᠤᠨ ᠲᠤ ᠥᠭ᠍ᠴᠢᠭᠡᠭᠡᠤᠨ ᠁ ᠭᠡᠦᠭᠡᠤᠨ ᠲᠤ ᠭᠡᠳᠦᠢ ᠪᠣᠯᠪᠠᠴᠤ ᠢᠯᠡᠭᠦᠳᠡᠭᠦ ᠴᠤ ᠪᠢᠰᠢ ︕ ᠭᠡᠤᠨ ᠮᠠᠭᠤᠬᠠᠢ ᠴᠢᠷᠠᠢ ᠭᠠᠷᠤᠨ᠎ᠠ ᠃

ᠳᠡᠭᠡᠪᠠᠯ ᠡᠮᠡᠭᠡ ᠴᠢᠷᠠᠢ ᠪᠠᠨ ᠲᠦᠪ ᠪᠣᠯᠭᠠᠵᠤ ᠄

ᠪᠢ ᠶᠠᠮᠠᠷ ᠭᠡᠦᠭᠡᠤᠨ ᠶᠤᠮ ᠦᠦ︖ ᠭᠡᠦᠭᠡᠤᠨ ᠲᠤ ᠢᠳᠡᠭᠦᠯᠪᠠᠯ ᠪᠢ ᠰᠠᠶ‍ᠢ ᠴᠠᠳᠨ᠎ᠠ ᠂ ᠰᠠᠤᠠᠭᠢᠯ ᠳᠦᠭᠦᠷᠤᠨ᠎ᠡ ᠃ ᠭᠡᠦᠭᠡᠤᠨ ᠢ ᠢᠳᠠᠵᠤ ᠣᠤᠭᠤᠵᠤ ᠪᠠᠢ᠌ᠬᠤ ᠦᠶ᠎ᠡ ᠳᠤ ᠡᠨᠡ ᠳᠠᠷᠠ ᠭᠡᠤᠨ ᠂ ᠶᠠᠮᠠᠷ ᠮᠠᠭᠤ ᠵᠠᠩ ᠲᠡᠶ ᠶᠤᠮ ︖ ᠭᠡᠵᠤ ᠠᠪᠣ ᠶᠢ ᠠᠭᠤᠷᠯᠠᠨ᠎ᠠ ᠃ ᠪᠢ ᠳᠤᠳᠤᠷ᠎ᠠ ᠪᠠᠨ ᠬᠠᠰᠢ ᠯᠠ ᠮᠢᠨᠤ ᠡᠮᠡᠭᠡ ᠨᠠᠮ᠎ᠠ ᠶᠢ ᠰᠠᠨᠠᠨ᠎ᠠ ᠭᠡᠵᠤ ᠪᠢᠳᠡᠭᠦᠭᠡᠨ ᠪᠠᠶᠠᠷᠯᠠᠵᠤ ᠣᠮᠤᠭᠰᠢᠨ᠎ᠠ᠃

ᠡᠭᠢᠨ ᠳᠤ ᠪᠠᠨ ᠡᠮᠡᠭᠡ ᠶᠢᠨ ᠳᠡᠳᠡᠭᠡᠷ ᠡᠷᠳᠡᠨᠢ ᠨᠤᠭᠦᠳ ᠨᠢ ᠬᠠᠮᠢᠭ᠎ᠠ ᠡᠴᠡ ᠭᠠᠷᠤᠭᠠᠤᠨ ᠢᠷᠡᠳᠡᠭ᠌ ᠪᠠᠢ᠌ᠭᠰᠠᠨ ᠢ ᠮᠡᠳᠡᠳᠡᠭ᠌ ᠦᠭᠡᠶ᠂ ᠣᠪᠠᠢ᠌ᠯᠠᠳᠠᠭ ᠦᠭᠡᠶ᠂ ᠵᠥᠭᠡᠷ ᠯᠠ ᠳᠡᠷᠡᠭᠦ ᠲᠦᠪᠡᠳ ᠣᠨᠢᠰᠤ ᠲᠡᠶ ᠬᠠᠷ᠎ᠠ ᠠᠪᠳᠠᠷ᠎ᠠ ᠡᠴᠡ ᠪᠠᠨ ᠭᠠᠷᠭᠠᠵᠤ ᠪᠠᠢ᠌ᠯᠭᠦᠢ ᠭᠡᠵᠤ ᠳᠠᠭᠠᠭᠠᠳᠠᠭ ᠪᠠᠢ᠌ᠯ᠎ᠠ ᠃ ᠬᠤᠵᠢᠮ ᠨᠢ ᠰᠠᠶ‍ᠢ ᠳᠡᠳᠡᠭᠡᠷ ᠡᠷᠳᠡᠨᠢ ᠨᠤᠭᠦᠳ ᠨᠢ ᠬᠠᠷᠢᠨ ᠦᠨᠦ ᠵᠢᠵᠢᠭ᠍‍ᠭᠡᠨ ᠰᠠᠭᠰᠤᠨ ᠳᠤ ᠨᠢ ᠪᠠᠢ᠌ᠳᠠᠭ ᠢ ᠮᠠᠳᠠᠵᠠᠢ᠃ ᠳᠡᠭᠡᠭ᠍ᠰᠡᠨ ᠤ ᠪᠠᠨ ᠬᠣᠢ᠌ᠨ᠎ᠠ ᠶᠠᠷᠤ ᠶᠢᠨ ᠦᠶ᠎ᠡ ᠳᠤ ᠴᠤ ᠭᠡᠰᠡᠨ ᠬᠤᠪᠳᠤᠭ ᠭᠦᠷᠦᠭᠡᠤᠨ ᠳᠡᠰᠭᠦ ᠦᠭᠡᠶ ᠪᠣᠯ ᠮᠦᠨ ᠯᠠ ᠵᠤᠷᠢᠭᠤᠳᠠ ᠪᠠᠷ᠄

ᠡᠮᠡᠭᠡ ᠡ ᠂ ᠳᠠᠷᠠ ᠰᠠᠭᠰᠤᠨ ᠳᠤᠳᠤᠷ᠎ᠠ ᠴᠢᠨᠢ ᠴᠤᠬᠤᠮ ᠶᠠᠭᠤ ᠪᠠᠢ᠌ᠳᠠᠭ ᠪᠣᠢ︖ ᠭᠡᠵᠦ ᠠᠰᠠᠭᠤᠨ᠎ᠠ᠃ ᠡᠮᠡᠭᠡ ᠰᠢᠭᠤᠳ ᠯᠠ ᠄

ᠡᠷᠳᠡᠨᠢ ᠪᠠᠢ᠌ᠬᠤ ᠶᠤᠮ ᠡ ︕ ᠳᠡᠭᠡᠪᠠᠯ ᠪᠢ ᠄

ᠲᠠᠷᠠ ᠡᠷᠳᠡᠨᠢ ᠪᠠᠨ ᠶᠠᠭᠤ ᠭᠡᠵᠤ ᠠᠪᠳᠠᠷ᠎ᠠ ᠳᠤᠳᠤᠷ᠎ᠠ ᠪᠠᠨ ᠭᠢᠵᠤ ᠣᠨᠢᠰᠤᠯᠠᠬᠤ ᠦᠭᠡᠶ ᠪᠣᠢ ︖᠃ ᠡᠮᠡᠭᠡ ᠢᠨᠢᠶᠡᠴᠢᠭᠡᠭᠡᠤᠨ ᠄

ᠡᠷᠳᠡᠨᠢ ᠶᠢ ᠣᠨᠢᠰᠤᠯᠠᠳᠠᠭ ᠦᠭᠡᠶ ᠶᠤᠮ ︕ ᠭᠡᠵᠤ ᠳᠤᠪᠴᠢᠬᠠᠨ ᠬᠠᠷᠢᠭᠤᠯᠤᠨ᠎ᠠ᠃ ᠪᠢ᠄

ᠭᠦᠮᠤᠨ ᠬᠤᠯᠠᠭᠠᠠᠢ᠌ᠯᠡᠴᠢᠬᠠᠬᠤ ᠦᠭᠡᠶ ᠶᠤᠮ ᠦᠦ ︖ ᠭᠡᠪᠠᠯ ᠂ ᠡᠮᠡᠭᠡ ᠴᠢᠷᠠᠢ ᠪᠠᠨ ᠲᠦᠪ ᠪᠣᠯᠭᠠᠭᠠᠤᠨ᠄

ᠡᠷᠳᠡᠨᠢ ᠶᠢ ᠭᠦᠮᠤᠨ ᠬᠤᠯᠠᠭᠠᠢ᠌ᠯᠠᠳᠠᠭ ᠦᠭᠡᠶ ᠶᠤᠮ᠂ ᠬᠤᠯᠠᠭᠠᠢ᠌ᠯᠠᠭᠳᠠᠭᠰᠠᠨ ᠡᠷᠳᠡᠨᠢ ᠪᠣᠯ ᠡᠷᠳᠡᠨᠢ ᠪᠢᠰᠢ᠂ ᠥᠭᠡᠷ ᠤᠨ ᠪᠠᠭᠠᠰᠤ ᠪᠣᠯᠴᠢᠬᠠᠳᠠᠭ ᠶᠤᠮ ᠰᠢᠤ ︕ ᠭᠡᠵᠤ ᠳᠠᠢ᠌ᠯᠪᠣᠷᠢᠯᠠᠴᠢᠬᠠᠭᠠᠤᠨ᠄

ᠪᠠᠰᠠ ᠯᠠ ᠦᠨᠦ ᠮᠠᠭᠤ ᠬᠤᠪᠳᠤᠭ ᠪᠠᠭᠠᠯᠵᠠᠭᠤᠷ ᠴᠢᠨᠢ ᠵᠠᠭᠠᠳᠤᠨᠠᠭᠠᠤᠨ ᠳᠡᠰᠭᠦ ᠦᠭᠡᠶ ᠪᠣᠯᠴᠢᠬᠠᠭᠰᠠᠨ ᠦᠦ︖ ᠭᠡᠤᠨ ᠡᠷᠳᠡᠨᠢ ᠡᠴᠡ ᠪᠠᠨ ᠨᠢᠭᠡ ᠶᠢ ᠠᠪᠴᠤ ᠦᠭ‍ᠭᠦᠨ᠎ᠡ᠃

ᠡᠷ᠎ᠡ ᠳᠤᠮᠤᠭᠠᠵᠢᠵᠤ ᠡᠮᠡᠬᠡ ᠮᠢᠨᠢ ᠬᠠᠷᠢᠨ ᠥᠳᠠᠯᠤᠯ᠎ᠠ ᠃

ᠨᠢᠭᠡ ᠡᠳᠦᠷ ᠡᠮᠡᠭᠡ ᠮᠢᠨᠢ ᠭᠦᠡᠳᠤ ᠡᠪᠠᠦᠡᠴᠢᠯᠡᠵᠤ ᠮᠡᠳᠡᠭᠡ ᠲᠡᠶ ᠮᠡᠳᠡᠭᠡ ᠦᠭᠡᠶ ᠪᠣᠯᠤᠭᠠᠤᠨ ᠨᠢᠭᠡᠮᠦᠰᠤᠨ ᠭᠡᠪᠳᠡᠷᠢ ᠳᠤ ᠣᠷᠤᠯ᠎ᠠ᠃ ᠭᠡᠳᠡᠯ᠎ᠡ ᠮᠡᠳᠡᠭᠡ ᠣᠷᠤᠭᠠᠤᠨ ᠰᠡᠷᠭᠦᠮᠡᠭ᠍ᠴᠡ ᠭᠡᠷ ᠤᠨ ᠠᠳᠠᠷ ᠵᠥᠭ᠌ ᠣᠳᠠᠳᠠᠯ᠎ᠠ ᠥᠭᠡ ᠳᠠᠭᠤᠨ ᠦᠭᠡᠶ ᠮᠠᠯᠠᠷᠠᠨ ᠰᠢᠷᠳᠠᠵᠤ ᠭᠡᠪᠳᠡᠨ᠎ᠡ᠃

ᠪᠢ ᠳᠤᠳᠤᠷ᠎ᠠ ᠪᠠᠨ ᠡᠮᠡᠭᠡ ᠮᠢᠨᠢ ᠪᠠᠰᠠ ᠯᠠ ᠦᠨᠦ ᠡᠷᠳᠡᠨᠢ ᠭᠢᠳᠡᠭ᠌ ᠵᠢᠵᠢᠭ᠍‍ᠭᠡᠨ ᠰᠠᠭᠰᠤ ᠪᠠᠨ ᠥᠭᠡᠢ᠌ᠯᠡᠵᠤ ᠪᠠᠢ᠌ᠯᠭᠦᠢ ᠭᠡᠤᠨ ᠪᠣᠳᠤᠮᠠᠭᠴᠠ ᠬᠤᠶᠠᠷ ᠨᠢᠳᠤᠨ ᠤ ᠨᠢᠯᠪᠣᠰᠤ ᠦᠪᠡᠷ ᠤᠨ ᠡᠷᠭᠡ ᠦᠭᠡᠶ ᠮᠠᠯᠠᠰ ᠭᠢᠭᠡᠤᠨ ᠪᠠᠭᠤᠭᠠᠤᠨ ᠢᠷᠠᠨ᠎ᠡ᠃

ᠡᠵᠡᠨ ᠨᠢ ᠭᠡᠪᠠᠷᠡᠭ᠌᠂ ᠡᠳ᠋ ᠨᠢ ᠮᠥᠩᠭᠡ ᠭᠡᠳᠡᠭ᠌ ᠡᠨᠡ ᠶ‍ᠢᠷᠳᠢᠠᠴᠤ ᠶᠢᠨ ᠶᠤᠰᠤ ᠶᠤᠮ ᠬᠣᠢ᠌ᠨ᠎ᠠ ᠡᠷᠳᠡᠨᠢ ᠭᠢᠳᠡᠭ᠌ ᠵᠢᠵᠢᠭ᠍‍ᠭᠡᠨ ᠰᠠᠭᠰᠤ ᠪᠠᠨ ᠥᠯᠡᠳᠡᠭᠡᠭᠡᠤᠨ ᠡᠮᠡᠭᠡ ᠮᠢᠨᠢ ᠡᠨᠡ ᠨᠢᠭᠡ ᠡᠳᠦᠷ ᠪᠢᠳᠡᠨ ᠡᠴᠡ ᠡᠭᠦᠷᠢᠳᠡ ᠠᠶᠠᠷᠯᠠᠨ ᠣᠳᠤᠭᠰᠠᠨ ᠶᠤᠮ ᠃ ᠭᠡᠳᠡᠯ᠎ᠡ ᠦᠨᠦ ᠪᠣᠯᠳᠠᠯ᠎ᠠ ᠳᠠᠷᠠ ᠡᠷᠳᠡᠨᠢ ᠭᠢᠳᠡᠭ᠌ ᠵᠢᠵᠢᠭ᠍‍ᠭᠡᠨ ᠪᠣᠷᠭᠠᠰᠤᠨ ᠰᠠᠭᠰᠤ ᠨᠢ ᠮᠢᠨᠤ ᠭᠡᠷ ᠤᠨ ᠠᠳᠠᠷ ᠡᠴᠡ ᠡᠯᠭᠦᠭᠡᠰᠦᠳᠡᠢ ᠶᠤᠮ ᠰᠢᠭ᠌ ᠰᠠᠨᠠᠭᠳᠠᠭᠠᠤᠨ ᠪᠠᠢ᠌ᠳᠠᠭ ᠁

ᠭᠦᠭᠡᠷᠦᠭᠦᠢ ᠂ ᠡᠮᠡᠭᠡ ᠮᠢᠨᠢ ︕ ᠡᠷᠡᠭᠦᠯ ᠪᠠᠶ᠎ᠠ ᠴᠢᠨᠢ ᠣᠩᠬᠤᠯᠠᠵᠤ ᠡᠷᠳᠡᠨᠢ ᠶᠢᠨ ᠰᠠᠭᠰᠤ ᠴᠢᠨᠢ ᠬᠤᠭᠤᠰᠤᠷᠠᠭᠰᠠᠨ ᠪᠣᠯᠪᠠᠴᠤ ᠴᠤᠬᠤᠮ ᠵᠢᠩᠭᠢᠨᠢ ᠡᠷᠳᠡᠨᠢ ᠭᠡᠭ᠍ᠴᠢ ᠶᠠᠭᠤ ᠪᠣᠯᠬᠤ ᠶᠢ ᠪᠢ ᠂ ᠳᠠᠷᠠ ᠦᠶ᠎ᠡ ᠳᠤ ᠯᠠ ᠰᠠᠶ‍ᠢ ᠨᠢᠯᠪᠣᠰᠤᠨ ᠳᠤᠮᠳᠠ ᠪᠠᠨ ᠠᠡᠭᠬ᠎ᠠ ᠣᠬᠠᠭᠠᠷᠠᠵᠤ ᠮᠡᠳᠡᠭ᠍ᠰᠡᠨ ᠶᠤᠮ᠃


ᠵᠤᠬᠢᠶᠠᠭᠴᠢ᠄ ᠬᠦᠬᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2241
ᠴᠠᠭ᠄ 2009 ᠤᠨ ᠤ 12 ᠰᠠᠷ᠎ᠠ ᠶᠢᠨ 13
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠡᠷᠳᠡᠨᠢ