ᠴᠢᠮ᠎ᠠ ᠳᠤ ᠴᠢᠮᠡᠭᠡ ᠪᠢᠴᠢᠶ᠎ᠠ

ᠰᠡᠭᠦᠢᠨ ᠰᠥᠡᠳᠡᠷᠯᠡᠭᠦ ᠠᠭᠤᠯᠠᠰ

         ᠪᠠᠷ᠎ᠠ ᠶᠢ ᠴᠢᠨᠢ ᠬᠠᠯᠬᠠᠯᠠᠨ

               ᠨᠢᠳᠤ ᠶᠢ ᠴᠢᠯᠡᠭᠡᠨ᠎ᠡ

ᠰᠡᠮᠡᠷᠭᠡᠨ ᠢᠯᠪᠢᠭᠦ ᠰᠠᠯᠭᠢᠨ

         ᠪᠣᠳᠤᠯ ᠢ ᠮᠢᠨᠢ ᠰᠠᠮᠠᠷᠠᠭᠤᠯᠵᠤ

               ᠦᠵᠡᠯ ᠢ ᠥᠨᠡᠮᠰᠢᠭᠦᠯᠤᠨ᠎ᠡ

ᠰᠡᠭᠦᠳᠡᠨᠡᠩᠭᠡᠨ ᠭᠦᠪᠪᠦᠯᠵᠡᠭᠦ ᠡᠭᠦᠯᠡᠰ

         ᠮᠦᠷᠦᠭᠡᠳᠦᠯ ᠢ ᠳᠠᠯᠠᠯᠠᠵᠤ

               ᠣᠢ᠌ᠰᠤᠯ ᠢ ᠠᠷᠭᠠᠳᠠᠨ᠎ᠠ

ᠰᠡᠳᠭᠢᠯ ᠳᠤ ᠬᠤᠨᠤᠭᠰᠢᠭᠰᠠᠨ ᠳᠦᠷᠢ ᠣᠢ᠌ᠯᠠ

         ᠢᠳᠡᠭᠡᠯ ᠢ ᠡᠷᠭᠦᠵᠤ

               ᠰᠤᠷᠠᠭ ᠰᠤᠪᠢᠭᠤᠯᠤᠨ᠎ᠡ

ᠴᠢᠪ ᠬᠤᠯᠠ ᠶᠢᠨ ᠴᠢᠮ᠎ᠠ ᠳ᠋ᠤ

         ᠴᠢᠪ ᠴᠢᠮᠡᠭᠡ ᠥᠭᠡᠢ

               ᠴᠢᠮᠡᠭᠡ ᠪᠢᠴᠢᠶ᠎ᠠ ᠭᠡᠯ᠎ᠡ

ᠪᠣᠷᠤᠭᠠᠨ ᠦᠭᠡᠶ ᠵᠤᠨ ᠤ

         ᠮᠤᠳᠤᠨ ᠨᠠᠪᠴᠢᠨ ᠤ ᠥᠩᠭᠡ ᠶᠢ ᠨᠢ

               ᠳᠤᠳᠤᠳᠬᠠᠨ ᠪᠢᠴᠢᠶ᠎ᠠ ᠭᠡᠯ᠎ᠡ

ᠪᠣᠷᠭᠠᠰᠤ ᠴᠤ ᠦᠭᠡᠶ ᠮᠠᠩᠬᠠᠨ ᠤ

         ᠠᠪᠠᠷ ᠳᠠᠪᠠᠷ ᠬᠠᠮᠬᠤᠤᠯ ᠤᠨ ᠭᠢᠨᠢ

               ᠦᠨᠳᠦᠰᠦ ᠶᠢᠨ ᠭᠢᠨᠢ ᠰᠢᠭᠢᠳᠤᠯ ᠢ ᠨᠢ

                   ᠦᠷᠤᠪᠳᠤᠨ ᠪᠢᠴᠢᠶ᠎ᠠ ᠭᠡᠯ᠎ᠡ

ᠣᠰᠤ ᠦᠭᠡᠶ ᠭᠤᠤᠯ ᠤᠨ ᠳᠠᠩ ᠤᠨ

        ᠣᠷᠤᠰᠬᠠᠯ ᠳᠠᠰᠤᠷᠠᠭᠰᠠᠨ ᠣᠷᠤᠮ ᠤᠨ

              ᠣᠶᠠᠰᠤᠨ ᠭᠤᠨᠢᠭᠯᠠᠭ᠎ᠠ ᠳᠦᠷᠢ ᠶᠢ ᠨᠢ

                    ᠮᠠᠳᠠᠷᠠᠨ ᠪᠢᠴᠢᠶ᠎ᠠ ᠭᠡᠯ᠎ᠡ

ᠣᠬᠠᠭᠠᠨ ᠦᠭᠡᠶ ᠳᠡᠨᠡᠭ᠍ᠭᠡᠨ ᠪᠣᠳᠤᠯ ᠤᠨ

        ᠣᠴᠢᠷᠳᠠᠢ᠌ᠬᠠᠨ ᠳᠤᠷᠠᠳᠬᠠᠯ ᠶᠢᠡᠨ ᠳᠤᠩᠭ᠋ᠠᠵᠤ

              ᠪᠠᠶᠠᠷ ᠵᠢᠷᠭᠠᠯ ᠠᠴᠢᠶᠠᠯᠠᠨ ᠪᠢᠴᠢᠶ᠎ᠠ ᠭᠡᠯ᠎ᠡ

ᠴᠢᠪ ᠬᠤᠯᠠ ᠶᠢᠨ ᠴᠢᠮ᠎ᠠ ᠳ᠋ᠤ

        ᠴᠢᠪ ᠴᠢᠮᠡᠭᠡ ᠥᠭᠡᠢ

              ᠴᠢᠮᠡᠭᠡ ᠪᠢᠴᠢᠶ᠎ᠠ ᠭᠡᠯ᠎ᠡ

ᠣᠬᠠᠭᠠᠨ ᠳᠤᠳᠠᠭᠤ ᠠᠭᠠᠰᠢᠨ ᠳᠤ ᠪᠠᠨ

        ᠳᠦᠭᠦᠭᠡ ᠨᠥᠭᠦᠵᠤ

              ᠴᠢᠮᠡᠭᠡ ᠪᠢᠴᠢᠯ᠎ᠠ ︕

《ᠮᠠᠭᠤ ᠪᠠᠷ ᠳᠤᠳᠠᠬᠤ ᠦᠭᠡᠶ ᠠᠭᠠᠰᠢᠨ ᠳᠤ ᠪᠠᠨ

ᠰᠠᠢ᠌ᠨ ᠶᠢᠡᠷ ᠴᠢᠮ᠎ᠠ ᠪᠠᠨ ᠰᠠᠨᠠᠵᠤ ᠶᠠᠪᠣᠨ᠎ᠠ》

ᠮᠦᠷᠦᠭᠡᠳᠦᠯ ᠰᠡᠳᠭᠢᠯ ᠤᠨ ᠬᠤᠷᠸ᠎ᠠ ᠳᠤ ᠪᠠᠨ

ᠮᠥᠩᠭᠡᠳᠡ ᠭᠡᠢ ᠮᠤᠷᠢ ᠲᠡᠶ ᠪᠠᠢ᠌ᠬᠤ ᠶᠢ ᠳᠠᠭᠠᠳᠬᠠᠨ᠎ᠡ

      


ᠵᠤᠬᠢᠶᠠᠭᠴᠢ ᠶᠢᠨ ᠬᠠ‍‌ᠶᠢᠭ ᠄ ᠬᠤᠤᠯᠢᠨ ᠭᠤᠤᠯ

ᠵᠤᠬᠢᠶᠠᠭᠴᠢ᠄ ᠰᠢᠵᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1484
ᠴᠠᠭ᠄ 2011 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁