ᠢᠷᠠᠭᠤ ᠨᠠᠢ᠌ᠷᠠᠭ

ᠢᠷᠠᠭᠤ ᠨᠠᠢ᠌ᠷᠠᠭ -

ᠠᠭᠤᠳᠠᠮ ᠤᠨ ᠠᠭᠤᠳᠠᠮ ᠪᠣᠯ

ᠢᠷᠠᠭᠤ ᠨᠠᠢ᠌ᠷᠠᠭ

ᠣᠬᠠᠭᠠᠨ ᠤ ᠣᠬᠠᠭᠠᠨ ᠪᠣᠯ

ᠢᠷᠠᠭᠤ ᠨᠠᠢ᠌ᠷᠠᠭ

ᠭᠢᠯᠢ ᠦᠭᠡᠶ ᠨᠤᠳᠤᠭ ᠪᠣᠯ

ᠢᠷᠠᠭᠤ ᠨᠠᠢ᠌ᠷᠠᠭ

ᠭᠦᠯ ᠦᠭᠡᠶ ᠣᠰᠤ ᠪᠣᠯ

ᠢᠷᠠᠭᠤ ᠨᠠᠢ᠌ᠷᠠᠭ ᠡ

ᠡᠷᠭᠡ ᠴᠢᠯᠦᠭᠡᠨ ᠤ

ᠪᠠᠯᠭᠡ ᠳᠡᠮᠳᠡᠭ᠌ ᠪᠣᠯ

ᠢᠷᠠᠭᠤ ᠨᠠᠢ᠌ᠷᠠᠭ

ᠡᠩᠭᠡ ᠳᠠᠢ᠌ᠪᠣᠩ ᠤᠨ

ᠪᠠᠯᠭᠡ ᠳᠡᠮᠳᠡᠭ᠌ ᠪᠣᠯ

ᠢᠷᠠᠭᠤ ᠨᠠᠢ᠌ᠷᠠᠭ

ᠢᠨᠠᠭ ᠬᠠᠢ᠌ᠷ᠎ᠠ ᠶᠢᠨ

ᠪᠠᠯᠭᠡ ᠳᠡᠮᠳᠡᠭ᠌ ᠪᠣᠯ

ᠢᠷᠠᠭᠤ ᠨᠠᠢ᠌ᠷᠠᠭ

ᠡᠷᠡᠭᠦᠯ ᠣᠬᠠᠭᠠᠨ ᠤ

ᠪᠠᠯᠭᠡ ᠳᠡᠮᠳᠡᠭ᠌ ᠪᠣᠯ

ᠢᠷᠠᠭᠤ ᠨᠠᠢ᠌ᠷᠠᠭ ᠡ

ᠬᠠᠭᠠᠨ ᠰᠠᠭᠤᠳᠠᠯ ᠶᠢᠡᠨ

ᠠᠯᠳᠠᠳᠠᠭ ᠦᠭᠡᠶ

ᠸᠠᠩᠳᠤ ᠳᠦᠷᠤ ᠪᠣᠯ

ᠢᠷᠠᠭᠤ ᠨᠠᠢ᠌ᠷᠠᠭ

ᠬᠠᠷᠠᠴᠤ᠂ ᠢᠵᠠᠭᠤᠷᠳᠠᠨ ᠭᠡᠵᠤ

ᠢᠯᠭᠠᠳᠠᠭ ᠦᠭᠡᠶ

ᠬᠠᠤᠯᠢ ᠭᠡᠷᠡᠭ᠍ᠵᠢᠭᠦᠯᠳᠡᠭ᠌ ᠵᠠᠰᠠᠭ ᠪᠣᠯ

ᠢᠷᠠᠭᠤ ᠨᠠᠢ᠌ᠷᠠᠭ

ᠢᠷᠠᠭᠤ ᠨᠠᠢ᠌ᠷᠠᠭ ᠪᠣᠯ

ᠰᠢᠳᠤ ᠦᠭᠡᠶ ᠭᠦᠮᠤᠨ ᠤ

ᠭᠡᠮᠡᠯᠢᠵᠤ ᠳᠡᠢ᠌ᠯᠳᠡᠭ᠌ ᠦᠭᠡᠶ ᠬᠤᠷᠤᠳ

ᠬᠠᠢ᠌ᠷ᠎ᠠ ᠭᠡᠯᠳᠦᠷᠭᠡᠢ ᠡᠷ᠎ᠡ ᠳᠤ

ᠬᠠᠨᠢᠯᠠᠵᠤ ᠤᠢ᠌ᠷᠠᠳᠠᠳᠠᠭ ᠦᠭᠡᠶ ᠪᠦᠰᠡᠭᠦᠢ

ᠢᠷᠠᠭᠤ ᠨᠠᠢ᠌ᠷᠠᠭ ᠡᠴᠡ

ᠨᠢᠭᠡ ᠨᠡᠢ᠌ᠭᠡᠮ ᠤᠨ

ᠵᠢᠰᠤ ᠶᠢ ᠳᠤᠯᠢᠳᠠᠳᠠᠭ

ᠨᠢᠭᠡ ᠦᠨᠳᠦᠰᠦᠳᠠᠨ ᠤ

ᠪᠣᠯᠪᠠᠰᠤᠨ ᠢ ᠮᠡᠳᠡᠳᠡᠭ᠌

ᠨᠢᠭᠡ ᠦᠶ᠎ᠡ ᠶᠢᠨ

ᠰᠤᠶᠤᠯ ᠢ ᠣᠢ᠌ᠯᠠᠭᠠᠳᠠᠭ

ᠨᠢᠭᠡ ᠭᠦᠮᠤᠨ ᠤ

ᠮᠦᠰᠤ ᠶᠢ ᠳᠠᠨᠢᠳᠠᠭ

ᠢᠷᠠᠭᠤ ᠨᠠᠢ᠌ᠷᠠᠭ ᠡᠴᠡ

ᠰᠢᠭᠦᠰᠤ ᠳᠤᠰᠤᠯᠠᠳᠠᠭ ᠡᠴᠡ ᠪᠢᠰᠢ

ᠰᠢᠯᠤᠰᠤ ᠭᠤᠭᠤᠵᠠᠳᠠᠭ ᠦᠭᠡᠶ

ᠰᠥ᠋ ᠣᠷᠤᠰᠳᠠᠭ ᠡᠴᠡ ᠪᠢᠰᠢ

ᠭᠦ ᠪᠣᠳᠠᠷᠠᠳᠠᠭ ᠦᠭᠡᠶ

ᠢᠷᠠᠭᠤ ᠨᠠᠢ᠌ᠷᠠᠭ ᠪᠣᠯ

ᠣᠨ ᠵᠢᠯ ᠤᠨ ᠣᠷᠴᠢᠯ ᠳᠤ

ᠥᠰᠦᠭ᠌ ᠨᠢ ᠬᠠᠭᠤᠴᠢᠷᠠᠬᠤ ᠦᠭᠡᠶ ᠬᠠᠶ‍ᠢᠭ

ᠣᠷᠤᠭ᠎ᠠ ᠪᠣᠰᠬᠠᠭ᠎ᠠ ᠴᠠᠭ ᠲᠤ ᠴᠤ

ᠣᠷᠤᠰᠬᠠᠯ ᠳᠠᠳᠤᠷᠠᠬᠤ ᠦᠭᠡᠶ ᠮᠦᠷᠠᠨ

ᠢᠷᠠᠭᠤ ᠨᠠᠢ᠌ᠷᠠᠭ ᠪᠣᠯ

ᠣᠷᠳᠤ ᠨᠠᠰᠤᠳᠤ ᠣᠷᠭᠤᠮᠠᠯ

ᠣᠠᠳᠤᠤ ᠦᠨᠦᠷ ᠠᠮᠳᠠ ᠲᠡᠶ

ᠣᠯᠠᠨ ᠭᠡᠯᠪᠠᠷᠢ ᠶᠢᠨ ᠵᠢᠮᠢᠰ ᠰᠠᠭᠤᠳᠠᠭ

ᠣᠩᠭ᠋ᠤᠨ ᠳᠠᠷᠬᠠᠨ ᠱᠠᠩᠰᠢ

ᠢᠷᠠᠭᠤ ᠨᠠᠢ᠌ᠷᠠᠭ

ᠥᠭᠦᠰᠢ ᠦᠭᠡᠶ ᠮᠥᠩᠭᠡ ᠶᠢᠨ ᠰᠢᠳᠢ ᠲᠡᠶ

ᠥᠭᠡᠢ᠌ᠷᠡᠰᠢ ᠦᠭᠡᠶ ᠪᠠᠶᠠᠨ ᠰᠢᠳᠢ ᠲᠡᠶ

ᠦᠨᠢ ᠡᠭᠦᠷᠢᠳᠡ ᠭᠤᠸ᠎ᠠ ᠰᠠᠢ᠌ᠬᠠᠨ ᠣᠷᠭᠤᠳᠠᠭ

ᠥᠩᠭᠡ ᠨᠤᠭᠤᠭᠠᠨ ᠠᠷᠰᠢ ᠮᠤᠳᠤᠨ

ᠢᠷᠠᠭᠤ ᠨᠠᠢ᠌ᠷᠠᠭ

ᠳᠠᠮᠤᠷ ᠫᠣᠤ ᠳᠤ ᠥᠭᠦᠳᠡᠭ᠌ ᠦᠭᠡᠶ

ᠳᠤᠳᠤᠭᠠᠳᠤ ᠳᠠᠮᠢᠷ ᠶᠢᠡᠷ ᠥᠭᠦᠨ᠎ᠡ

ᠲᠦᠮᠡᠨ ᠣᠨ ᠬᠠᠭᠤᠴᠢᠷᠠᠳᠠᠭ ᠦᠭᠡᠶ

ᠳᠡᠨᠡᠭ᠌ ᠤᠨ ᠭᠠᠷ ᠲᠤ ᠵᠢᠪᠠᠷᠠᠨ᠎ᠠ

ᠢᠷᠠᠭᠤ ᠨᠠᠢ᠌ᠷᠠᠭ ᠲᠤ ᠰᠦᠨᠠᠰᠤ ᠲᠡᠶ

ᠢᠷᠠᠭᠤ ᠨᠠᠢ᠌ᠷᠠᠭ ᠲᠤ ᠦᠨᠦᠷ ᠲᠡᠶ

ᠢᠷᠠᠭᠤ ᠨᠠᠢ᠌ᠷᠠᠭ ᠲᠤ ᠭᠦᠡᠳᠦᠴᠡ ᠲᠡᠶ

ᠢᠷᠠᠭᠤ ᠨᠠᠢ᠌ᠷᠠᠭ ᠲᠤ ᠭᠦᠴᠤᠨ ᠳᠠᠢ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ

ᠵᠤᠬᠢᠶᠠᠭᠴᠢ᠄ ᠬᠦᠬᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1447
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁