ᠳᠠᠷᠢᠶᠠᠴᠢᠨ ᠡᠵᠢ
(ᠭᠠᠳᠠᠨ᠎ᠠ ᠬᠤᠶᠠᠷ)

         ᠨᠠᠢ᠌ᠷᠠᠭ ᠤᠨ ᠮᠢᠨᠢ ᠮᠥᠩᠭᠡ ᠶᠢᠨ ᠰᠠᠳᠤᠪ

         ᠨᠠᠮᠬᠠᠨ ᠪᠣᠭᠤᠷᠤᠯ ᠡᠵᠢ ᠳᠤ ᠪᠠᠨ ᠪᠢ ᠰᠢᠯᠦᠭ᠌ ᠪᠢᠴᠢᠭᠦ ᠶᠤᠰᠤᠳᠠᠢ

  

ᠭᠦᠯᠭᠡ ᠪᠠᠨ ᠲᠦᠰᠢᠵᠤ ᠵᠢᠷᠦᠭᠡ ᠪᠠᠨ ᠵᠦᠰᠤᠵᠤ

ᠭᠦᠳᠡᠭᠡ ᠶᠢᠨ ᠴᠠᠭᠠᠨ ᠮᠠᠩᠬᠠᠨ ᠳᠡᠭᠡᠷ᠎ᠡ

ᠠᠪᠣ ᠮᠢᠨᠢ ᠵᠤᠷᠬ᠎ᠠ ᠳᠠᠳᠠᠯ᠎ᠠ

ᠬᠤᠯᠤ ᠪᠠᠨ ᠡᠭᠦᠷᠴᠤ ᠭᠦᠰᠡᠯ ᠶᠢᠨ ᠳᠤᠭᠰᠢᠵᠤ

ᠡᠵᠢ ᠮᠢᠨᠢ ᠰᠠᠭᠠᠭ ᠳᠠᠷᠢᠯ᠎ᠠ

ᠡᠨᠡ ᠵᠢᠯ ᠤᠨ ᠳᠡᠭ᠍ᠷᠢ ᠡᠯᠪᠠᠷᠢᠯ ᠪᠠᠭᠠᠳᠠᠢ

ᠡᠷᠡᠮ᠎ᠡ ᠣᠷᠭᠤᠬᠤ ᠴᠢᠭᠢᠭ᠌ ᠴᠤ ᠥᠭᠡᠢ

ᠡᠯᠡᠰᠤᠨ ᠤ ᠰᠠᠭᠠᠭ ᠵᠤᠠᠵᠢᠨ ᠰᠤᠶᠤᠭᠠᠯᠠᠭᠰᠠᠨ ᠥᠭᠡᠢ

ᠡᠵᠢ ᠶᠢᠨ ᠮᠠᠩᠨᠠᠢ ᠳᠤ ᠰᠡᠮᠭᠡᠨ ᠨᠢᠭᠡ ᠠᠳᠤᠷᠢᠶ᠎ᠠ ᠨᠡᠮᠡᠭ᠍ᠳᠡᠪᠡ

ᠠᠭᠠᠷ ᠳᠡᠭ᠍ᠷᠢ ᠶᠢᠨ ᠬᠤᠷ᠎ᠠ ᠦᠨᠦ ᠵᠢᠯ ᠠᠯᠠᠭ ᠲᠡᠶ ᠴᠤᠭᠤᠭ ᠳᠠᠢ

《ᠠᠯᠠᠭ ᠭᠠᠬᠠᠢ》 ᠵᠢᠯ ᠭᠡᠵᠤ ᠡᠵᠢ ᠶᠢᠨ ᠰᠡᠭᠦᠷᠡᠰᠤ ᠨᠠᠮᠤᠷᠵᠢᠨ ᠰᠠᠯᠭᠢᠯᠠᠪᠠ

ᠠᠶᠠᠯᠭᠤ ᠳᠤ ᠨᠢ ᠪᠠᠰᠠ ᠢᠳᠡᠭᠡᠯ ᠴᠡᠯᠭᠡᠷᠡᠭ᠍ᠰᠡᠭᠡᠷ ᠪᠠᠢ᠌ᠪᠠ

ᠠᠯᠤᠰ ᠲᠤ ᠨᠠᠮᠢ᠋ᠢ ᠡᠷᠢᠯ ᠳᠤ ᠮᠤᠷᠳᠠᠭᠤᠯᠪᠠ

ᠠᠪᠣ ᠶᠢᠨ ᠭᠡᠷᠡᠭᠯᠡᠳᠡᠭ᠌ ᠪᠢᠷ ᠢ ᠳᠤᠰᠢᠶᠠᠪᠠ

ᠠᠨᠢᠷ ᠦᠭᠡᠶ ᠬᠤᠷᠢᠶᠠᠯᠳᠠ ᠪᠠᠨ ᠢᠳᠡᠭᠡᠵᠤ ᠭᠦᠯᠢᠶᠡᠭ᠍ᠰᠡᠭᠡᠷ

ᠠᠮᠢᠳᠤᠷᠠᠯ ᠤᠨ ᠣᠯᠠᠨ ᠳᠠᠷᠤᠭᠠᠰᠤᠨ ᠳᠤ ᠡᠵᠢ ᠮᠢᠨᠢ ᠵᠠᠯᠠᠭᠤ ᠦᠳᠡᠯᠪᠠ ᠁

                  

      ᠲᠦᠰᠢᠶᠠᠳᠤᠴᠤᠳ


ᠲᠦᠰᠢᠶᠠᠳᠤᠴᠤᠳ ᠭᠡᠵᠤ ᠳᠡᠭ᠍ᠷᠢ ᠪᠠᠢ᠌ᠯ᠎ᠠ

ᠳᠡᠭ᠍ᠷᠢ ᠡᠴᠡ ᠠᠭᠤᠵᠢᠮ ᠰᠠᠨᠠᠭ᠎ᠠ ᠪᠠᠢ᠌ᠯ᠎ᠠ

ᠳᠦᠪᠠᠭ᠍ᠳᠡᠭ᠍ᠰᠡᠨ ᠳᠦᠷᠤ ᠶᠢ ᠲᠡᠳᠬᠦᠵᠤ ᠭᠦᠶ‍ᠦᠭ᠍ᠰᠡᠨ

ᠳᠡᠦᠭᠡ ᠶᠢᠨ ᠨᠢᠭᠡᠨ ᠱᠤᠭ ᠪᠠᠢ᠌ᠯ᠎ᠠ

ᠲᠦᠰᠢᠶᠠᠳᠤᠴᠤᠳ ᠭᠡᠵᠤ ᠳᠤᠭ ᠪᠠᠢ᠌ᠯ᠎ᠠ

ᠳᠤᠭ ᠶᠢᠡᠨ ᠡᠪᠭᠡᠭ᠍ᠰᠡᠨ ᠢᠴᠢᠭᠦᠷᠢ ᠴᠤ ᠪᠠᠢ᠌ᠯ᠎ᠠ

ᠳᠦᠭᠡᠷᠢᠭ᠍ᠰᠡᠨ ᠪᠦᠭᠦᠨ ᠢ ᠦᠷᠤᠪᠴᠢᠯᠠᠵᠤ ᠪᠠᠢ᠌ᠭᠰᠠᠭᠠᠷ

ᠳᠦᠷᠤ ᠪᠠᠨ ᠠᠯᠳᠠᠭᠰᠠᠨ ᠴᠠᠯᠠᠭᠠᠢ ᠪᠠᠢ᠌ᠯ᠎ᠠ


ᠲᠦᠰᠢᠶᠠᠳᠤᠴᠤᠳ ᠭᠡᠵᠤ ᠨᠢᠭᠤᠷ ᠪᠠᠢ᠌ᠯ᠎ᠠ

ᠳᠡᠦᠭᠡᠨ ᠳᠤ ᠪᠠᠯᠠᠷᠬᠠᠢ ᠬᠠᠭᠤᠳᠠᠰᠤ ᠪᠠᠢ᠌ᠯ᠎ᠠ

ᠳᠡᠭ᠍ᠷᠢᠯᠢᠭ᠌ ᠨᠤᠳᠤᠭ ᠶᠢᠡᠨ ᠨᠢᠯᠪᠣᠰᠤ ᠪᠠᠷ ᠥᠳᠡᠭᠦ

ᠳᠡᠦᠭᠡ ᠶᠢᠨ ᠦᠨᠡᠨ ᠳ᠋ᠤᠭᠠᠷ ᠪᠠᠢ᠌ᠬᠤ ᠶᠤᠮ


      ᠵᠠᠯᠠᠭᠤ ᠨᠠᠰᠤ


ᠵᠤᠭᠤᠰ ᠪᠣᠶᠤ ᠦᠷᠳᠡᠭ᠌ ᠤᠨ ᠳᠤᠬᠠᠢ

ᠰᠦᠨᠢ ᠬᠠᠭᠠᠰ ᠤᠨ ᠵᠡᠭᠦᠳᠤᠨ ᠵᠥᠴᠦᠭᠡ

ᠵᠤᠭ᠎ᠠ ᠪᠣᠶᠤ ᠳᠤᠷᠠᠯᠠᠯ ᠤᠨ ᠳᠤᠬᠠᠢ

ᠬᠤᠷᠤᠮ ᠵᠠᠭᠤᠷ᠎ᠠ ᠶᠢᠨ ᠦᠨᠡᠨ ᠭᠡᠢ᠌ᠷᠭᠡᠯ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1446
ᠴᠠᠭ᠄ 2011 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁