ᠮᠤᠩᠭ᠋ᠤᠯ ᠭᠡᠵᠤ ᠡᠢ᠌ᠮᠤ ᠪᠠᠢ᠌ᠳᠠᠭ ᠶᠤᠮ

ᠳᠡᠭ᠍ᠷᠢ ᠶᠢᠨ ᠥᠩᠭᠡ ᠲᠡᠶ ᠮᠦᠷᠠᠨ ᠭᠤᠤᠯ ᠤᠳ ᠨᠢ

ᠳᠡᠨᠢᠭᠦᠨ ᠳᠠᠯ᠎ᠠ ᠶᠢᠨ ᠶᠢᠡᠨ ᠰᠤᠳᠠᠰᠤ ᠨᠢ ᠪᠣᠯᠵᠤ ᠣᠷᠤᠰᠳᠠᠭ

ᠣᠰᠤ ᠲᠡᠶ ᠬᠤᠷ᠎ᠠ ᠲᠡᠶ ᠨᠤᠮᠢᠨ ᠶᠢᠡᠷ ᠬᠠᠯᠢᠭᠤᠷᠠᠳᠠᠭ ᠭᠦᠡᠳᠡᠢ ᠨᠢ

ᠣᠷᠮ᠎ᠠ ᠰᠡᠷᠭᠦᠭᠡᠮᠡᠷ ᠠᠶᠠᠰ ᠤᠨ ᠰᠠᠯᠭᠢᠨ ᠶᠢᠡᠷ ᠰᠢᠪᠠᠨᠡᠳᠡᠭ᠌᠂

ᠰᠢᠳᠦᠭᠡᠨ ᠬᠤᠷᠠᠢ᠌ᠯᠠᠳᠠᠭ ᠴᠡᠩᠭᠡᠷ ᠬᠠᠢ᠌ᠷᠬᠠᠨ ᠨᠤᠭᠤᠳ ᠨᠢ

ᠰᠢᠯᠢ ᠨᠤᠳᠤᠭ ᠤᠨ ᠶᠢᠡᠨ ᠬᠠᠷᠠᠭᠤᠯ ᠨᠢ ᠪᠣᠯᠵᠤ ᠰᠡᠭᠦᠢᠳᠡᠭ᠌

ᠳᠠᠩᠰᠤᠭ ᠠᠮᠢᠳᠤᠷᠠᠯ ᠶᠢᠡᠨ ᠴᠤᠭᠴᠠᠯᠠᠨ ᠪᠠᠢ᠌ᠭ᠎ᠠ ᠲᠦᠮᠡᠨ ᠨᠢ

ᠳᠢᠪ ᠳᠡᠯᠡᠭᠡᠢ ᠪᠠᠨ ᠦᠪᠡᠷ ᠢ ᠪᠠᠨ ᠰᠢᠭ᠌ ᠬᠠᠢ᠌ᠷᠠᠯᠠᠳᠠᠭ᠂

ᠡᠨᠡ ᠨᠤᠳᠤᠭ ᠢ ᠮᠤᠩᠭ᠋ᠤᠯ ᠭᠡᠳᠡᠭ᠌ ᠶᠤᠮ

ᠡᠷᠳᠡᠨᠢ ᠪᠣᠯᠤᠭᠰᠠᠨ ᠣᠷᠤᠨ ᠭᠡᠳᠡᠭ᠌ ᠶᠤᠮ᠃

ᠰᠥ᠋ ᠰᠠᠴᠤᠯᠢ ᠪᠠᠨ ᠳᠡᠭ᠍ᠷᠢ ᠲᠤ ᠪᠠᠨ ᠡᠷᠭᠦᠳᠡᠭ᠌ ᠨᠤᠳᠤᠭ ᠤᠨ ᠪᠣᠭᠤᠷᠤᠯ ᠨᠢ

ᠰᠥᠵᠢᠭ᠌ ᠰᠤᠷᠭᠠᠯ ᠶᠢᠡᠨ ᠦᠷ᠎ᠡ ᠪᠣᠯᠤᠭᠰᠠᠤᠨ ᠲᠤ ᠪᠠᠨ ᠬᠠᠠᠳᠢᠪᠯᠠᠨ ᠣᠯᠠᠮᠵᠢᠯᠠᠳᠠᠭ

ᠡᠮᠡᠭᠡᠯᠳᠤ ᠮᠤᠷᠢᠨ ᠳᠤ ᠪᠠᠨ ᠠᠶᠠᠯᠠᠭᠤᠯᠤᠨ ᠬᠠᠳᠠᠷᠢᠭᠤᠯᠬᠤ ᠴᠤᠭᠯᠢᠭ ᠵᠠᠯᠠᠭᠤᠰ ᠨᠢ

ᠧᠥᠷᠦᠫᠡ ᠠᠽᠢᠶ᠎ᠡ ᠶᠢ ᠡᠪᠭᠡᠭ᠍ᠰᠡᠨ ᠡᠷᠡᠨ ᠶᠢᠡᠨ ᠰᠠᠨᠠᠨ ᠣᠮᠤᠭᠰᠢᠳᠠᠭ᠂

ᠳᠤᠯᠭ᠎ᠠ ᠶᠢᠨ ᠬᠠᠵᠠᠭᠤ ᠳᠤ ᠪᠦᠦᠪᠠᠢ ᠠᠶᠠᠯᠤᠭᠰᠠᠨ ᠭᠦᠭᠡᠷᠦᠭᠦᠨ ᠪᠦᠰᠡᠭᠦᠢᠴᠦᠳ ᠨᠢ

ᠳᠤᠭᠤᠨᠤᠳᠤ ᠭᠡᠷ ᠶᠢᠡᠨ ᠡᠷ᠎ᠡ ᠶᠢᠨ ᠭᠡᠢ᠌ᠮᠦᠷᠢ ᠪᠠᠷ ᠴᠢᠮᠠᠨ ᠭᠤᠶᠤᠳᠠᠭ

ᠴᠠᠩᠳᠤᠭᠰᠠᠨ ᠭᠦᠯᠦᠰᠤ ᠨᠢ ᠠᠭᠤᠷ ᠰᠠᠪᠰᠠᠬᠤ ᠭᠦᠯᠦᠭ᠌ ᠮᠤᠷᠢᠳ ᠨᠢ

ᠴᠠᠩᠭᠢᠨᠠᠮ᠎ᠠ ᠴᠠᠭ ᠲᠤ ᠣᠷᠮ᠎ᠠ ᠰᠡᠷᠭᠦᠨ ᠬᠠᠨᠢ ᠳᠤ ᠪᠠᠨ ᠥᠤᠷᠰᠡᠳᠡᠭ᠌

ᠡᠨᠡ ᠠᠮᠢᠳᠤᠷᠠᠯ ᠢ ᠮᠤᠩᠭ᠋ᠤᠯ ᠭᠡᠳᠡᠭ᠌ ᠶᠤᠮ

ᠡᠩᠭᠡ ᠵᠢᠷᠭᠠᠯ ᠤᠨ ᠥᠯᠦᠭᠡᠢ ᠭᠡᠳᠡᠭ᠌ ᠶᠤᠮ᠃

《ᠠᠶᠤᠳᠤᠭᠠᠢ︕ ᠪᠢᠰᠢᠷᠡᠳᠦᠭᠡᠢ︕》 ᠭᠡᠮᠡᠨ ᠵᠠᠷᠯᠢᠭᠳᠠᠭᠰᠠᠨ

ᠠᠯᠳᠠᠷ ᠰᠦᠷ ᠤᠨ ᠳᠤᠩᠬᠠᠭ ᠪᠠᠢ᠌ᠳᠠᠭ ᠶᠤᠮ

ᠡᠴᠢᠭᠡ ᠳᠡᠭ᠍ᠷᠢ ᠶᠢᠨ ᠶᠢᠡᠨ ᠭᠦᠴᠤᠨ ᠳᠤᠷ ᠢᠳᠡᠭᠡᠭ᠍ᠰᠡᠨ

ᠡᠷᠡᠮᠡᠭᠡᠢ ᠣᠯᠠᠨ ᠳᠠᠢ᠌ᠴᠢᠳ ᠪᠠᠢ᠌ᠳᠠᠭ ᠶᠤᠮ᠂

ᠳᠢᠪ ᠳᠠᠯᠠᠢ ᠶᠢ ᠰᠤᠠᠳᠠᠯᠠᠭᠰᠠᠨ ᠴᠠᠭ ᠢ ᠨᠢ

ᠳᠢᠭᠯᠡᠵᠤ ᠪᠢᠴᠢᠭ᠍ᠰᠡᠨ ᠳᠤᠪᠴᠢᠶᠠᠨ ᠪᠠᠢ᠌ᠳᠠᠭ ᠶᠤᠮ

ᠳᠤᠪᠯᠠᠨ ᠬᠠᠷᠠᠭᠤᠰᠠᠭᠰᠠᠨ ᠭᠡᠮᠰᠢᠯ ᠰᠢᠯᠦᠭ᠌ ᠲᠡᠶ

ᠳᠤᠭᠤᠠᠳᠠᠮᠤᠷ ᠬᠠᠭᠠᠨ ᠤ ᠨᠢᠯᠪᠣᠰᠤ ᠪᠠᠢ᠌ᠳᠠᠭ ᠶᠤᠮ᠃

ᠡᠨᠡ ᠳᠡᠦᠭᠡ ᠶᠢ ᠮᠤᠩᠭ᠋ᠤᠯ ᠭᠡᠳᠡᠭ᠌ ᠶᠤᠮ

ᠡᠪᠯᠡᠷᠡᠯ ᠪᠦᠯᠭᠦᠮᠳᠡᠯ ᠤᠨ ᠰᠤᠷᠭᠠᠮᠵᠢ ᠭᠡᠳᠡᠭ᠌ ᠶᠤᠮ᠃

《ᠳᠤᠩᠭ᠋ᠠᠯᠠᠭ ᠳᠠᠮᠢᠷ》 ᠤᠨ ᠨᠠᠮᠤᠭᠤᠬᠠᠨ ᠣᠷᠤᠰᠬᠠᠯ ᠨᠢ

ᠳᠤᠤᠯᠢ ᠪᠠᠭᠠᠳᠤᠷ ᠶᠢᠡᠨ ᠳᠠᠭᠤᠯᠠᠨ ᠬᠠᠯᠭᠢᠯᠠᠳᠠᠭ

《ᠰᠦᠮᠠᠳᠠᠢ ᠪᠣᠳᠠᠷ ᠤᠨ ᠴᠢᠯᠠᠭᠤ》 ᠶᠢᠨ ᠳᠤᠮᠳᠠ ᠡᠴᠡ ᠨᠢ

ᠰᠦᠨ ᠦᠨᠦᠷ ᠲᠡᠶ ᠭᠦᠮᠤᠨ ᠴᠢᠯᠠᠭᠤ ᠪᠣᠰᠳᠠᠭ᠂

ᠣᠷᠳᠤ ᠶᠢᠨ ᠳᠠᠭᠤᠤ ᠮᠤᠷᠢᠨ ᠬᠤᠭᠤᠷ ᠨᠢ

ᠣᠷᠢᠳᠤ ᠴᠠᠭ ᠤᠨ ᠶᠢᠡᠨ ᠣᠶᠠᠩᠭ᠋᠎ᠠ ᠪᠣᠯᠳᠠᠭ

ᠠᠶᠠᠯᠭᠤ ᠪᠦᠷᠢᠨ ᠪᠠᠶᠠᠨ ᠭᠡᠯᠡ ᠨᠢ

ᠠᠪᠢᠶᠠᠰᠳᠤ ᠭᠦᠪᠠᠭᠦᠤᠨ ᠶᠢᠡᠨ ᠪᠣᠮᠠ ᠪᠠᠷ ᠳᠦᠷᠦᠭᠦᠯᠳᠡᠭ᠌᠃

ᠡᠨᠡ ᠰᠤᠶᠤᠯ ᠢ ᠮᠤᠩᠭ᠋ᠤᠯ ᠭᠡᠳᠡᠭ᠌ ᠶᠤᠮ

ᠡᠷᠳᠡᠨ ᠡᠴᠡ ᠮᠠᠠᠳᠤᠭᠰᠠᠨ ᠶᠠᠰᠤᠳᠠᠨ ᠭᠡᠳᠡᠭ᠌ ᠶᠤᠮ᠃

ᠪᠣᠳᠤᠯ ᠳᠠᠭᠠᠨ ᠫᠣᠤ᠂ ᠵᠢᠷᠦᠭᠡᠨ ᠳᠡᠭᠡᠨ ᠭᠠᠯ ᠲᠡᠶ

ᠪᠣᠷᠵᠢᠨ ᠴᠢᠩᠭ᠋᠎ᠠ ᠡᠷᠳᠡᠮᠳᠡᠳ ᠪᠠᠢ᠌ᠳᠠᠭ

ᠪᠣᠭᠳᠠ ᠶᠢᠨ ᠣᠳᠤᠮᠰᠢᠯ ᠳᠡᠦᠭᠡ ᠪᠠᠨ ᠮᠠᠷᠳᠠᠳᠠᠭ ᠦᠭᠡᠶ

ᠪᠣᠷᠤᠬᠠᠨ ᠭᠦᠭᠡᠷᠦᠭᠦᠨ ᠵᠠᠯᠭᠠᠮᠵᠢᠯᠠᠭᠴᠢᠳ ᠪᠠᠢ᠌ᠳᠠᠭ᠂

《ᠰᠠᠷᠠᠭᠤᠯ ᠳᠠᠯ᠎ᠠ》 ᠪᠠᠨ ᠬᠠᠩᠭᠢᠨᠠᠭᠤᠯᠤᠨ ᠳᠠᠭᠤᠯᠠᠳᠠᠭ

ᠰᠠᠢ᠌ᠬᠠᠨ ᠣᠯᠠᠨ ᠳᠠᠭᠤᠴᠢᠳ ᠪᠠᠢ᠌ᠳᠠᠭ

《ᠵᠠᠩᠭ᠋ᠠᠷ》 《ᠭᠡᠰᠡᠷ》 ᠵᠢᠡᠨ ᠣᠶᠠᠷᠠᠨ ᠬᠠᠢ᠌ᠯᠠᠳᠠᠭ

ᠵᠠᠶᠠᠭ᠎ᠠ ᠳᠡᠭ᠍ᠷᠢᠯᠢᠭ᠌ ᠬᠤᠭᠤᠷᠴᠢᠳ ᠪᠠᠢ᠌ᠳᠠᠭ᠃

ᠡᠨᠡ ᠭᠦᠮᠤᠨ ᠢ ᠮᠤᠩᠭ᠋ᠤᠯ ᠭᠡᠳᠡᠭ᠌ ᠶᠤᠮ

ᠡᠪᠴᠢᠭᠦᠨ ᠳᠡᠭᠡᠨ ᠳᠡᠭ᠍ᠷᠢ ᠲᠡᠶ ᠣᠭᠰᠠᠭᠠᠳᠠᠨ ᠭᠡᠳᠡᠭ᠌ ᠶᠤᠮ᠃

ᠳᠡᠭᠦᠯᠢᠭᠡ ᠪᠦᠷᠭᠦᠤᠨ ᠤᠨ ᠵᠤᠷᠢᠭ ᠶᠢᠡᠷ ᠳᠡᠪᠢᠳᠡᠭ᠌

ᠳᠠᠪᠣᠯ ᠮᠠᠠᠳᠤᠭᠰᠠᠨ ᠪᠦᠭᠡᠴᠦᠦᠯ ᠪᠠᠢ᠌ᠳᠠᠭ

ᠮᠡᠡᠭᠯᠡᠢ ᠭᠦᠯᠦᠭ᠌ ᠤᠨ ᠳᠤᠭᠤᠰᠤᠨ ᠳᠤ ᠣᠶᠠᠷᠠᠳᠠᠭ

ᠮᠠᠩᠨᠠᠢ ᠳᠡᠨᠢᠭᠦᠨ ᠣᠶᠠᠭᠠᠴᠢᠳ ᠪᠠᠢ᠌ᠳᠠᠭ᠂

ᠰᠠᠯᠭᠢᠨ ᠭᠦᠯᠦᠭ᠌ ᠤᠨ ᠳᠤᠮᠤᠭ ᠶᠢᠡᠷ ᠭᠦᠭ᠍ᠵᠢᠯᠳᠦᠳᠡᠭ᠌

ᠰᠠᠠᠴᠢᠭ ᠪᠣᠭᠤᠷᠤᠯ ᠳᠤᠮᠤᠭᠠᠳᠠᠤᠨ ᠪᠠᠢ᠌ᠳᠠᠭ

ᠨᠠᠢ᠌ᠷ ᠤᠨ ᠳᠡᠭ᠍ᠷᠢ ᠶᠢ ᠡᠷᠡᠭᠡᠢ ᠪᠠᠷ ᠶᠢᠡᠨ ᠥᠡᠳᠦᠷᠯᠡᠳᠡᠭ᠌

ᠨᠠᠴᠢᠨ ᠤ ᠴᠡᠴᠡᠭᠡᠢ᠌ᠳᠤ ᠬᠠᠷᠪᠣᠭᠠᠴᠢᠳ ᠪᠠᠢ᠌ᠳᠠᠭ᠃

ᠡᠨᠡ ᠣᠳᠤᠮᠰᠢᠯ ᠢ ᠮᠤᠩᠭ᠋ᠤᠯ ᠭᠡᠳᠡᠭ᠌ ᠶᠤᠮ

ᠡᠷ᠎ᠡ ᠶᠢᠨ ᠭᠤᠷᠪᠠᠨ ᠨᠠᠭᠠᠳᠤᠮ ᠭᠡᠳᠡᠭ᠌ ᠶᠤᠮ᠃

ᠠᠮᠢᠨ ᠬᠠᠢ᠌ᠷ᠎ᠠ ᠪᠠᠷ ᠦᠷ᠎ᠡ ᠪᠠᠨ ᠭᠡᠢ᠌ᠭᠦᠯᠳᠡᠭ᠌

ᠠᠷᠢᠭᠤᠨ ᠰᠡᠳᠭᠢᠯᠳᠤ ᠡᠭᠡᠴᠦᠦᠯ ᠪᠠᠢ᠌ᠳᠠᠭ

ᠠᠯᠳᠠᠨ ᠰᠤᠷᠭᠠᠯ ᠶᠢᠡᠷ ᠭᠦᠤ ᠪᠠᠨ ᠳᠤᠮᠤᠭᠠᠵᠢᠭᠤᠯᠳᠠᠭ

ᠠᠭᠳᠠᠨ ᠤ ᠦᠨᠦᠷ ᠲᠡᠶ ᠬᠠᠷᠠᠴᠤᠤᠯ ᠪᠠᠢ᠌ᠳᠠᠭ᠂

ᠣᠶᠠᠬᠠᠨ ᠢᠨᠢᠶᠠᠳᠤ ᠪᠠᠷ ᠬᠠᠨᠢ ᠪᠠᠨ ᠪᠠᠶᠠᠰᠬᠠᠳᠠᠭ

ᠣᠷᠠᠨ ᠥᠵᠡᠰᠭᠦᠯᠡᠩᠳᠤ ᠪᠦᠰᠡᠭᠦᠢ ᠪᠠᠢ᠌ᠳᠠᠭ

ᠣᠴᠢᠷ ᠲᠡᠶ ᠰᠢᠪᠠᠨᠡᠭᠡ ᠪᠠᠷ ᠢᠨᠠᠭ ᠶᠢᠡᠨ ᠣᠶᠠᠷᠠᠭᠤᠯᠳᠠᠭ

ᠣᠴᠠᠷᠠᠯ ᠳᠡᠭᠦᠰ ᠬᠤᠤᠰ ᠤᠳ ᠪᠠᠢ᠌ᠳᠠᠭ᠃

ᠡᠨᠡ ᠬᠠᠢ᠌ᠷ᠎ᠠ ᠶᠢ ᠮᠤᠩᠭ᠋ᠤᠯ ᠭᠡᠳᠡᠭ᠌ ᠶᠤᠮ

ᠡᠯᠢᠭᠡ ᠵᠢᠷᠦᠭᠡᠨ ᠤ ᠣᠶᠠᠭ᠎ᠠ ᠭᠡᠳᠡᠭ᠌ ᠶᠤᠮ᠃

ᠳᠤᠭᠤᠨᠤᠳᠤ ᠭᠡᠷ ᠤᠨ ᠳᠠᠮᠠᠭ᠎ᠠ ᠳᠠᠷᠤᠭᠰᠠᠨ

ᠳᠤᠠᠵᠢ ᠭᠤᠶᠤᠬᠠᠨ ᠨᠤᠳᠤᠭ ᠲᠡᠶ ᠳ᠋ᠤᠨᠢ

ᠳᠤᠷᠭᠠᠨ ᠭᠡᠯᠡᠨ ᠳᠡᠭᠡᠨ ᠳᠤᠯᠵᠤ ᠪᠣᠰᠤᠭᠰᠠᠨ

ᠳᠤᠯᠢ ᠪᠠᠭᠳᠠᠮᠠᠷ ᠦᠭᠡᠶ ᠰᠤᠶᠤᠯ ᠲᠡᠶ ᠳ᠋ᠤᠨᠢ᠂

ᠨᠠᠷᠠᠨ ᠰᠠᠷᠠᠨ ᠶᠢᠡᠨ ᠳᠠᠭᠢᠵᠤ ᠣᠠᠳᠤᠷᠤᠭᠰᠠᠨ

ᠨᠠᠷᠮᠠᠢ ᠲᠦᠷᠦ ᠲᠦᠮᠡᠨ ᠲᠡᠶ ᠳ᠋ᠤᠨᠢ

ᠨᠠᠮᠢ᠋ᠢ ᠴᠢᠮᠢ᠋ᠢ ᠳᠠᠶᠠᠭᠠᠷ ᠢ ᠪᠦᠯᠭᠦᠮᠳᠡᠭᠦᠯᠦᠭ᠍ᠰᠡᠨ

ᠨᠢ᠋ᠮᠠᠨ ᠵᠠᠭᠤᠨ ᠤ ᠳᠤᠭ ᠲᠡᠶ ᠳ᠋ᠤᠨᠢ

ᠡᠨᠡ ᠪᠦᠭᠦᠨ ᠢ ᠮᠤᠩᠭ᠋ᠤᠯ ᠭᠡᠳᠡᠭ᠌ ᠶᠤᠮ

ᠡᠩ ᠳᠡᠯᠡᠭᠡᠢ ᠶᠢᠨ ᠭᠠᠢ᠌ᠬᠠᠮᠰᠢᠭ ᠭᠡᠳᠡᠭ᠌ ᠶᠤᠮ᠃


2008.10.9

ᠠᠮᠤᠭᠤᠯᠠᠩ ᠪᠠᠯᠭᠠᠰᠤᠨ᠎ᠠ

ᠵᠤᠬᠢᠶᠠᠭᠴᠢ᠄ ᠬᠠᠳᠠᠭᠠᠰᠤᠨ ᠰᠢᠨᠡᠮᠦ᠋ᠷᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3319
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁