ᠳᠡᠭᠡᠷ᠎ᠡ
᠊᠊᠊᠊᠊᠊᠊᠊᠊᠊᠊᠊᠊᠊᠊ ᠭᠡᠨᠡᠳᠲᠡ ᠰᠡᠳᠭᠢᠭ᠍ᠳᠡᠭ᠍ᠰᠡᠨ ᠵᠣᠢ᠌ᠯᠠᠰ

ᠭᠦᠯᠡᠮᠵᠢ ᠶᠢᠨ ᠳᠤᠳᠤᠷ᠎ᠠ

ᠴᠡᠴᠡᠭ᠌ ᠪᠣᠯᠵᠤ ᠭᠠᠩᠬᠤᠬᠤ ᠪᠠᠷ ᠵᠢᠠᠨ

ᠭᠦᠳᠡᠭᠡ ᠰᠢᠯᠢ ᠳ᠋ᠡᠭᠡᠨ

ᠳᠠᠷᠠᠰᠤ ᠪᠣᠯᠵᠤ

ᠨᠠᠢ᠌ᠭᠤᠭᠰᠠᠨ ᠨᠢ ᠳᠡᠭᠡᠷ᠎ᠡ ︕


ᠪᠣᠰᠤᠳ ᠤᠨ ᠡᠭᠦᠳᠡᠨ ᠳ᠋ᠤ

ᠪᠣᠭᠤᠯ ᠪᠣᠯᠵᠤ ᠱᠤᠭᠰᠢᠬᠤ ᠪᠠᠷ ᠪᠠᠷ ᠵᠢᠠᠨ

ᠪᠣᠷᠭᠠᠰᠤᠳᠠᠢ ᠶᠢᠨ ᠳᠠᠯ᠎ᠠ ᠳ᠋ᠠᠭᠠᠨ

ᠪᠣᠯᠵᠤᠮᠤᠷ ᠨᠢ ᠪᠤᠯᠵᠤ

ᠵᠢᠷᠭᠢᠭ᠍ᠰᠡᠨ ᠨᠢ ᠳᠡᠭᠡᠷ᠎ᠡ ︕


《ᠳᠠᠷᠤᠭ᠎ᠠ》ᠵᠢᠨ ᠵᠠᠬ᠎ᠠ ᠳ᠋ᠤ

ᠳᠠᠷᠪᠠᠭᠤᠯ ᠪᠣᠯᠵᠤ ᠳᠠᠯᠪᠠᠯᠵᠠᠬᠤ ᠪᠠᠷ ᠵᠢᠠᠨ

ᠳᠠᠭᠠᠨᠳᠤ ᠶᠢᠨ ᠭᠦᠡᠳᠡᠢ ᠳ᠋ᠡᠭᠡᠨ

ᠳᠠᠭᠳᠠᠭ᠎ᠠ ᠨᠢ ᠪᠣᠯᠵᠤ

ᠰᠠᠭᠤᠭᠰᠠᠨ ᠨᠢ ᠳᠡᠭᠡᠷ᠎ᠡ ︕


ᠳᠡᠭᠡᠷ᠎ᠡ᠂ ᠳᠡᠭᠡᠷ᠎ᠡ᠂ ᠳᠡᠭᠡᠷ᠎ᠡ᠁

ᠳᠡᠭᠡᠷ᠎ᠡ ᠪᠣᠯᠬᠤ ᠵᠣᠢ᠌ᠯᠠᠰ ᠣᠯᠠᠨ︕

ᠳᠡᠭᠡᠷ᠎ᠡ ᠪᠣᠯᠬᠤ ᠵᠣᠢ᠌ᠯᠠᠰ ᠤᠨ ᠶᠠᠭᠤᠮ᠎ᠠ ᠪᠠᠨ

ᠳᠡᠭᠡᠳᠦᠯᠡᠵᠤ ᠡᠷᠭᠢᠮᠨᠡᠵᠤ ᠶᠠᠪᠣᠵᠤ ᠴᠢᠳᠠᠪᠠᠯ

ᠳᠡᠭᠡᠷ᠎ᠡ ᠶᠢᠨ ᠳᠡᠭᠡᠷ᠎ᠡ︕


2010.04.01. ᠬᠦᠬᠡᠬᠤᠲᠠᠨ᠎ᠡ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1304
ᠴᠠᠭ᠄ 2010 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁