ᠴᠤᠭᠳᠤ ᠳᠠᠢ᠌ᠵᠢ ᠬᠠᠳᠠᠨ ᠤ ᠪᠢᠴᠢᠭ᠌

(ᠨᠢᠭᠡ)

ᠳᠡᠭᠡᠷ᠎ᠡ ᠳᠡᠭ᠍ᠷᠢ ᠬᠠᠨ ᠤ ᠠᠬᠤ ᠭᠢᠭᠡᠤᠨ

ᠳᠡᠯᠡᠭᠡᠢ ᠳ᠋ᠠᠭᠢ ᠬᠠᠨ ᠪᠣᠭᠳᠤᠰᠤᠨ ᠠᠬᠤ ᠭᠠᠵᠠᠷ

ᠳᠡᠭᠡᠷ᠎ᠡ ᠳᠤᠤᠷ᠎ᠠ ᠶᠢᠨ ᠢᠯᠭᠠᠯ ᠪᠣᠯᠪᠠᠰᠤ ᠪᠠᠷ

ᠵᠢᠷᠭᠠᠯ ᠬᠠᠢ᠌ᠷᠠᠯᠠᠯ ᠬᠤᠶᠠᠷ ᠤᠨ ᠡᠭᠡᠷ᠎ᠡ ᠨᠢᠭᠡᠨ ᠪᠣᠢ᠃

ᠠᠬᠠᠨᠢᠰᠳᠠᠢ᠌ᠨ ᠠᠭᠤᠢ ᠳ᠋ᠠᠭᠢ ᠪᠦᠳᠢᠰᠦᠡᠭ᠌ ᠨᠡᠷ ᠭᠢᠭᠡᠤᠨ

ᠠᠯᠳᠠᠨ ᠳᠡᠯᠡᠭᠡᠢ ᠳ᠋ᠠᠭᠢ ᠪᠣᠳᠢ ᠰᠡᠳᠭᠢᠯ ᠳᠠᠨ ᠬᠤᠶᠠᠷ ᠤᠨ

ᠠᠬᠤ ᠭᠠᠵᠠᠷ ᠠᠩᠭᠢᠳᠠ ᠪᠣᠯᠪᠠᠰᠤ

ᠠᠰᠠᠷᠠᠬᠤ ᠨᠢᠭᠦᠯᠡᠰᠭᠦ ᠶᠢᠨ ᠠᠭᠠᠷ᠎ᠠ ᠨᠢᠭᠡᠨ ᠪᠣᠢ᠃

ᠡ᠊ᠨᠳᠡ ᠬᠠᠨ ᠪᠣᠭᠳᠠᠰᠤᠨ ᠰᠠᠢ᠌ᠨ ᠲᠦᠰᠢᠮᠠᠤᠨ ᠭᠢᠭᠡᠤᠨ

ᠡᠷᠡᠭᠦᠯᠡᠭ᠍ᠴᠢ ᠡᠷᠯᠢᠭ᠌ ᠬᠠᠭᠠᠨ ᠤ ᠶᠡᠭᠡ ᠨᠤᠶᠠᠤᠨ ᠬᠤᠶᠠᠷ ᠤᠨ

ᠶᠤᠰᠤ ᠥᠩᠭᠡ ᠦᠪᠡᠷᠠ ᠪᠣᠯᠪᠠᠰᠤ

ᠵᠦᠪ ᠪᠣᠷᠤᠭᠤ ᠶᠢ ᠢᠯᠭᠠᠬᠣ ᠶᠢᠨ ᠠᠭᠠᠷ᠎ᠠ ᠨᠢᠭᠡᠨ ᠪᠣᠢ᠃

ᠣᠯᠵᠠ ᠢᠳᠠᠰᠢ ᠣᠯᠤᠨ ᠶᠠᠳᠠᠭᠴᠢ ᠭᠦᠮᠤᠨ ᠭᠢᠭᠡᠤᠨ

ᠠᠭᠤᠯᠠᠨ ᠮᠤᠳᠤᠨ ᠳᠤ ᠶᠠᠪᠣᠭᠴᠢ ᠠᠷᠢᠶᠠᠳᠠᠨ ᠬᠤᠶᠠᠷ ᠤᠨ

ᠠᠬᠤ ᠪᠠᠶ᠎ᠠ ᠠᠩᠭᠢᠳᠠ ᠪᠣᠯᠪᠠᠰᠤ

ᠠᠯᠠᠨ ᠢᠳᠡᠭᠦ ᠶᠢᠨ ᠠᠭᠠᠷ᠎ᠠ ᠨᠢᠭᠡᠨ ᠪᠣᠢ᠃

ᠬᠤᠯᠠ ᠣᠢ᠌ᠷ᠎ᠠ ᠡᠴᠡ ᠬᠤᠯᠠᠭᠠᠢ ᠭᠢᠭ᠍ᠴᠢ ᠭᠦᠮᠤᠨ ᠭᠢᠭᠡᠤᠨ

ᠬᠤᠳᠤ ᠶᠢ ᠡᠷᠭᠢᠨ ᠭᠡᠳᠡᠭ᠍ᠴᠢ ᠴᠢᠨ᠋ᠸ᠎ᠠ ᠬᠤᠶᠠᠷ ᠤᠨ

ᠢᠯᠠᠳᠠ ᠪᠠᠶ᠎ᠠ ᠳᠦᠷᠢ ᠦᠪᠡᠷᠠ ᠪᠣᠯᠪᠠᠰᠤ

ᠢᠳᠡᠭᠦ ᠶᠢ ᠭᠦᠰᠡᠭᠦ ᠰᠡᠳᠭᠢᠯ ᠤᠨ ᠠᠭᠠᠷ᠎ᠠ ᠨᠢᠭᠡᠨ ᠪᠣᠢ᠃

ᠣᠨᠤᠨ ᠮᠦᠷᠠᠨ ᠳᠤ ᠠᠬᠤ ᠬᠠᠯᠠᠭᠤᠳᠤ ᠡᠭᠡᠴᠢ ᠮᠢᠨᠢ ᠭᠢᠭᠡᠤᠨ

ᠣᠷᠬᠤᠨ ᠳᠤᠭᠤᠯᠠᠳᠤ ᠠᠭᠴᠢ ᠡᠪᠠᠴᠢᠳᠤ ᠪᠢᠳᠠ ᠬᠤᠶᠠᠷ

ᠬᠠᠯᠬ᠎ᠠ ᠣᠩᠨᠢᠭᠤᠳ ᠤᠨ ᠭᠠᠵᠠᠷ ᠬᠤᠯᠠ ᠪᠣᠯᠪᠠᠰᠤ ᠪᠠᠷ

ᠬᠠᠢ᠌ᠷᠠᠯᠠᠨ ᠰᠠᠨᠠᠯᠴᠠᠬᠤ ᠠᠭᠠᠷ᠎ᠠ ᠨᠢᠭᠡᠨ ᠪᠣᠢ ᠊ᠶ᠎ᠠ᠃

ᠡᠨᠡ ᠪᠠᠶᠡᠨ ᠳᠡᠭᠡᠨ ᠡᠰᠡ ᠵᠤᠯᠭᠤᠯᠴᠠᠪᠠᠰᠤ

ᠡᠭᠦᠨ ᠡᠴᠡ ᠬᠣᠢ᠌ᠳᠤ ᠲᠦᠷᠦᠯ ᠳᠦᠳᠤᠮ ᠳᠤᠷᠢᠭ

ᠡᠭᠡ ᠢᠨᠤ ᠭᠠᠭᠴᠠ ᠬᠦᠤ ᠪᠠᠨ ᠬᠠᠢ᠌ᠷᠠᠯᠠᠬᠤ ᠮᠠᠳᠤ

ᠡᠯᠳᠡᠪ ᠣᠢ᠌ᠯᠠ ᠪᠠᠷ ᠳᠤᠰᠠᠯᠴᠠᠬᠤ ᠪᠣᠯᠳᠤᠭᠠᠢ᠃

ᠵᠤᠬᠢᠶᠠᠭᠴᠢ᠄ ᠳᠡᠦᠭᠡᠨ ᠪᠢᠴᠢᠭ᠌ ᠮᠠᠲ᠋ᠸᠷᠢᠶᠠᠯ ᠡᠴᠡ
ᠬᠠᠷᠢᠶ᠎ᠠ᠄ ᠮᠤᠩᠭᠤᠯ ᠲᠡᠦᠬᠡ
ᠳᠠᠷᠤᠮ᠄ 4208
ᠴᠠᠭ᠄ 2008 ᠤᠨ ᠤ 12 ᠰᠠᠷ᠎ᠠ ᠶᠢᠨ 19