ᠭᠦᠢᠳᠡᠨ ᠪᠣᠷᠤᠭ᠎ᠠ

ᠵᠡᠭᠦᠳᠤᠨ ᠤ ᠮᠢᠨᠢ ᠴᠡᠴᠡᠭᠡᠰ ᠳᠡᠭᠡᠷ᠎ᠡ

ᠭᠦᠢᠳᠡᠨ ᠪᠣᠷᠤᠭ᠎ᠠ ᠨᠤᠴᠤᠨ᠎ᠠ

ᠵᠥᠩᠳᠡᠭᠡᠨ ᠰᠠᠨᠠᠭᠰᠠᠨ ᠰᠢᠪᠠᠭᠤᠳ

ᠵᠢᠷᠦᠭᠡᠨ ᠤ ᠮᠠᠨᠠᠨ ᠳᠤ ᠳᠦᠭᠡᠷᠢᠨ᠎ᠡ

ᠭᠡᠷᠡᠯᠳᠤ ᠵᠡᠭᠦᠳᠤᠨ ᠤ ᠣᠷᠤᠭᠤᠯ ᠤᠨ ᠪᠠᠯ

ᠭᠡᠷ ᠲᠤ ᠰᠠᠩ ᠳᠠᠳᠠᠨ᠎ᠠ

ᠭᠡᠭᠡ ᠳᠤᠭᠤᠨᠤ ᠪᠠᠷ ᠠᠰᠠᠭᠴᠢᠬᠠᠭᠠᠤᠨ

ᠠᠷᠠᠤᠨ ᠤᠨ ᠳᠠᠭᠤᠤ ᠪᠣᠢ᠌ᠯᠠᠨ᠎ᠠ

ᠭᠦᠢᠳᠡᠨ ᠪᠣᠷᠤᠭᠠᠨ ᠡᠴᠡ

ᠸᠠᠨᠢᠰ ᠭᠤᠨᠢᠭ ᠠᠰᠠᠭᠷᠠᠨ᠎ᠠ

ᠭᠦᠮᠤᠨ ᠤ ᠰᠠᠢ᠌ᠬᠠᠨ ᠴᠢᠮ᠎ᠠ ᠡᠴᠡ

ᠮᠥᠩᠭᠡ ᠶᠢᠨ ᠳᠤᠳᠠᠭᠤ ᠰᠠᠴᠤᠷᠠᠨ᠎ᠠ

ᠮᠥᠩᠭᠡ ᠶᠢᠨ ᠳᠤᠳᠠᠭᠤ ᠭᠤᠸ᠎ᠠ ᠰᠠᠢ᠌ᠬᠠᠨ ᠳᠤ

ᠠᠮᠢ ᠨᠠᠰᠤ ᠮᠢᠨᠢ ᠭᠢᠯᠠᠯᠵᠠᠨ᠎ᠠ

ᠮᠥᠷᠦᠭᠡᠳᠦᠯ ᠤᠨ ᠭᠠᠭᠴᠠ ᠴᠡᠴᠡᠭ᠌ ᠲᠤ

ᠨᠢᠭᠤᠴᠠ ᠪᠠᠨ ᠰᠢᠩᠭᠡᠭᠡᠤᠨ ᠪᠦᠭᠦᠨ᠎ᠡ

ᠭᠦᠢᠳᠡᠨ ᠪᠣᠷᠤᠭ᠎ᠠ ᠣᠠᠳᠠᠷᠠᠭᠰᠠᠭᠠᠷ

ᠬᠠᠪᠣᠷ ᠤᠨ ᠣᠷᠢᠨ ᠭᠡᠵᠤ ᠠᠮᠢᠳᠤᠷᠠᠨ᠎ᠠ

ᠬᠠᠯᠠᠭᠤᠨ ᠬᠠᠷᠠᠴᠠ ᠴᠢᠨᠢ ᠬᠠᠢ᠌ᠯᠤᠭᠰᠠᠭᠠᠷ

ᠬᠠᠳᠠᠨ ᠰᠡᠮᠭᠡᠨ ᠡᠭᠡᠰᠢᠭᠯᠡᠨ᠎ᠡ


ᠵᠤᠬᠢᠶᠠᠭᠴᠢ ᠶᠢᠨ ᠳᠤᠬᠠᠢ᠄  ᠳᠦᠷᠪᠠᠳ ᠡᠷᠳᠡᠨᠢᠪᠠᠶᠡᠷ᠂   2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠳᠡᠭᠦᠰᠴᠤ ᠤᠳᠤ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ

ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄ ᠰᠢᠯᠦᠭ
ᠳᠠᠷᠤᠮ᠄ 3006
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ