ᠬᠠᠷ᠎ᠠ ᠠᠵᠢᠯᠴᠢᠨ ᠤ ᠭᠡᠮᠰᠢᠯ ᠰᠢᠯᠦᠭ᠌

ᠪᠢᠷ ᠪᠠᠷᠢᠳᠠᠭ ᠭᠦᠭᠡᠷᠦᠭᠦᠨ ᠭᠠᠷ

ᠭᠦᠷᠵᠡᠨ ᠤ ᠡᠰᠢᠨ ᠳᠤᠷ ᠡᠯᠡᠭ᠍ᠳᠡᠭᠡᠳ

ᠪᠣᠷᠴᠠᠭ ᠤᠨ ᠴᠢᠨᠡᠭᠡᠨ ᠭᠡᠷᠡᠯᠳᠤ ᠰᠤᠪᠣᠤᠨ

ᠪᠣᠯᠪᠠᠷᠠᠢ ᠠᠯᠠᠭᠠᠨ᠎ᠡ ᠮᠡᠯᠳᠡᠭᠡᠨᠡᠮᠦᠢ ︕

ᠭᠦᠭ᠍ᠵᠢᠮ ᠳᠠᠷᠤᠳᠠᠭ ᠠᠷᠪᠠᠨ ᠬᠤᠷᠤᠭᠤ

ᠭᠦᠷᠡᠩ ᠳᠤᠭᠤᠰᠬᠠᠨ ᠳᠤᠷ ᠦᠷᠦᠭᠡᠭ᠍ᠳᠡᠭᠡᠳ

ᠳᠤᠯᠤᠭᠠᠢ ᠪᠠᠨ ᠮᠠᠭᠠᠵᠢᠶ᠎ᠠ ᠭᠡᠭᠦᠯᠡᠷ

ᠦᠰᠦᠨ ᠳᠤᠷ ᠬᠠᠳᠬᠤᠭᠳᠠᠬᠤ ᠡᠴᠠ ᠡᠮᠢᠶᠡᠮᠦᠢ ︕

ᠬᠠᠷ᠎ᠠ ᠠᠵᠢᠯ ᠡ ︕ ᠬᠠᠷ᠎ᠠ ᠠᠵᠢᠯ ︕

ᠬᠠᠢ᠌ᠷᠠᠯᠠᠯᠳᠠᠢ ᠵᠠᠯᠠᠭᠤ ᠨᠠᠰᠤ ᠶᠢ ᠮᠢᠨᠢ

ᠬᠠᠢ᠌ᠷ᠎ᠠ ᠦᠭᠡᠶ᠂   ᠨᠠᠢ᠌ᠷ ᠥᠭᠡᠢ

ᠡᠯᠡᠭᠡᠵᠤ ᠦᠷᠦᠭᠡᠵᠤ ᠣᠷᠭᠢᠬᠤ ᠨᠢ ᠦᠦ ︖

ᠰᠤᠷᠭᠠᠭᠤᠯᠢ ᠦᠵᠡᠵᠤ᠂ ᠰᠢᠷᠡᠭᠡ ᠰᠠᠭᠢᠨ

ᠨᠤᠮ ᠤᠨ ᠠᠷᠤ ᠳᠤᠷ ᠨᠣᠢ᠌ᠷᠮᠤᠭᠯᠠᠵᠤ ᠰᠠᠭᠤᠭᠰᠠᠨ ᠤ ᠭᠠᠢ ᠶᠤᠮ ᠦᠦ ︖

ᠰᠤᠷᠳᠠᠯ ᠦᠭᠡᠶ᠂   ᠰᠤᠷᠭᠠᠯ ᠥᠭᠡᠢ

ᠠᠷᠭᠢᠨ ᠮᠤᠬᠤᠯᠠᠭ ᠲᠤ ᠨᠤᠵᠤᠭᠤᠷᠠᠵᠤ ᠰᠠᠭᠤᠭᠰᠠᠨ ᠤ ᠨᠢᠭᠦᠯ ᠶᠤᠮ ᠦᠦ ︖

ᠬᠠᠷ᠎ᠠ ᠠᠵᠢᠯ ᠡ ︕ ᠬᠠᠷ᠎ᠠ ᠠᠵᠢᠯ

ᠬᠠᠰᠢᠯᠠ ᠨᠠᠳᠠ ᠲᠡᠶ ᠪᠠᠨ ᠬᠤᠪᠢ ᠲᠡᠶ ᠪᠠᠢ᠌ᠵᠠᠢ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠰᠤᠬᠤᠷ ᠪᠣᠷᠤ
ᠬᠠᠷᠢᠶ᠎ᠠ᠄ ᠰᠢᠯᠦᠭ
ᠳᠠᠷᠤᠮ᠄ 1747
ᠴᠠᠭ᠄ 2011 ᠤᠨ ᠤ 06 ᠰᠠᠷ᠎ᠠ ᠶᠢᠨ 17