ᠬᠡᠦᠬᠡᠳ ᠨᠠᠰᠤ

ᠮᠠᠩᠬᠠᠢ᠌ᠵᠤ ᠪᠠᠢ᠌ᠭ᠎ᠠ ᠥᠷ ᠤᠨ ᠭᠡᠭᠡ ᠭᠡᠦᠭᠡᠤᠨ ᠨᠠᠰᠤ

ᠮᠠᠠᠳᠤᠵᠤ ᠪᠠᠢ᠌ᠭ᠎ᠠ ᠨᠠᠷᠠᠨ ᠤ ᠳᠤᠶᠠᠭ᠎ᠠ ᠭᠡᠦᠭᠡᠤᠨ ᠨᠠᠰᠤ᠃

ᠣᠠᠳᠤᠷᠴᠤ ᠪᠠᠢ᠌ᠭ᠎ᠠ ᠪᠣᠯᠠᠭ ᠭᠤᠷᠤᠬ᠎ᠠ ᠭᠡᠦᠭᠡᠤᠨ ᠨᠠᠰᠤ

ᠣᠷᠭᠤᠵᠤ ᠪᠠᠢ᠌ᠭ᠎ᠠ ᠴᠡᠴᠡᠭ᠌ ᠨᠠᠪᠴᠢ ᠭᠡᠦᠭᠡᠤᠨ ᠨᠠᠰᠤ᠃

ᠠᠯᠳᠠᠨ ᠰᠤᠶᠤᠯ ᠤᠨ 《ᠡᠨ ᠥᠰᠦᠭ᠌》 ᠭᠡᠦᠭᠡᠤᠨ ᠨᠠᠰᠤ

ᠠᠷᠠᠪ ᠳᠤᠭᠠᠨ ᠤ 《1》 ᠭᠡᠦᠭᠡᠤᠨ ᠨᠠᠰᠤ᠃

ᠰᠢᠪᠠᠷᠠᠵᠤ ᠪᠠᠢ᠌ᠭ᠎ᠠ ᠪᠣᠷᠤᠭᠠᠨ ᠤ ᠳᠤᠰᠤᠯ ᠭᠡᠦᠭᠡᠤᠨ ᠨᠠᠰᠤ

ᠴᠡᠴᠡᠭᠯᠡᠵᠤ ᠪᠠᠢ᠌ᠭ᠎ᠠ ᠪᠣᠳᠠᠨ ᠤ ᠨᠠᠮᠠᠭ᠎ᠠ ᠭᠡᠦᠭᠡᠤᠨ ᠨᠠᠰᠤ᠃

ᠡᠷᠭᠢᠨ ᠳᠤ ᠳᠤᠭᠯᠠᠭᠰᠠᠨ ᠬᠤᠷᠠᠭ᠎ᠠ ᠢᠰᠢᠭᠡ ᠭᠡᠦᠭᠡᠤᠨ ᠨᠠᠰᠤ

ᠦᠷᠦᠴᠠᠨ ᠳᠤ ᠬᠠᠩᠭᠢᠨᠠᠭᠰᠠᠨ ᠬᠤᠭᠤᠷ ᠤᠨ ᠡᠭᠡᠰᠢᠭ᠌ ᠭᠡᠦᠭᠡᠤᠨ ᠨᠠᠰᠤ᠃

ᠭᠦᠷᠦᠰᠤᠨ ᠳᠤ ᠴᠤᠬᠣᠢ᠌ᠭᠰᠠᠨ ᠰᠤᠶᠤᠭ᠎ᠠ ᠪᠣᠯ ᠭᠡᠦᠭᠡᠤᠨ ᠨᠠᠰᠤ

ᠭᠦᠰᠡᠯ ᠢ ᠳᠡᠭᠡᠳᠦᠯᠡᠭ᠍ᠰᠡᠨ ᠢᠳᠡᠭᠡᠯ ᠪᠣᠯ ᠭᠡᠦᠭᠡᠤᠨ ᠨᠠᠰᠤ᠃

ᠠᠮᠠᠨ ᠳᠤ ᠬᠠᠢ᠌ᠯᠤᠭᠰᠠᠨ ᠰᠢᠭᠢᠷ ᠪᠣᠯ ᠭᠡᠦᠭᠡᠤᠨ ᠨᠠᠰᠤ

ᠠᠯᠠᠭᠠᠨ ᠳᠤ ᠪᠦᠮᠪᠦᠷᠢᠭ᠍ᠰᠡᠨ ᠰᠤᠪᠣᠤᠨ ᠪᠣᠯ ᠭᠡᠦᠭᠡᠤᠨ ᠨᠠᠰᠤ᠃

ᠭᠦᠮᠤᠨ ᠤ ᠬᠠᠢ᠌ᠷ᠎ᠠ ᠶᠢᠨ ᠡᠷᠭᠡᠯᠡᠯ ᠪᠣᠯ ᠭᠡᠦᠭᠡᠤᠨ ᠨᠠᠰᠤ

ᠭᠦᠰᠡᠯᠡᠩᠳᠤ ᠠᠮᠢᠳᠤᠷᠠᠯ ᠤᠨ ᠡᠭᠢᠯᠡᠯ ᠪᠣᠯ ᠭᠡᠦᠭᠡᠤᠨ ᠨᠠᠰᠤ᠃

ᠡᠷᠳᠡᠮ ᠰᠤᠶᠤᠯ ᠤᠨ ᠳᠦᠯᠭᠢᠭᠦᠷ ᠪᠣᠯ ᠭᠡᠦᠭᠡᠤᠨ ᠨᠠᠰᠤ

ᠡᠭᠡ ᠣᠷᠤᠨ ᠤ ᠢᠷᠡᠭᠡᠳᠦᠢ ᠪᠣᠯ ᠭᠡᠦᠭᠡᠤᠨ ᠨᠠᠰᠤ ᠡ᠃


ᠵᠤᠬᠢᠶᠠᠭᠴᠢ᠄ ᠴᠡᠴᠡᠭ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 2447
ᠴᠠᠭ᠄ 2004 ᠤᠨ ᠤ 11 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁