ᠬᠤᠷᠴᠢᠨ ᠮᠤᠩᠭ᠋ᠤᠯ ᠬᠡᠦᠬᠡᠳ ᠤᠨ ᠨᠠᠭᠠᠳᠤᠮ ᠳᠤᠭᠯᠠᠭᠠᠮ ᠤᠨ ᠣᠴᠢᠷ

ᠬᠤᠷᠴᠢᠨ ᠮᠤᠩᠭ᠋ᠤᠯ ᠬᠡᠦᠬᠡᠳ ᠤᠨ ᠨᠠᠭᠠᠳᠤᠮ ᠳᠤᠭᠯᠠᠭᠠᠮ ᠤᠨ ᠵᠣᠢ᠌ᠯ ᠮᠠᠰᠢ ᠣᠯᠠᠨ ᠪᠠᠢ᠌ᠳᠠᠭ᠃ ᠡᠭᠦᠨ ᠳᠤ ᠱᠠᠭ᠎ᠠ ᠨᠠᠭᠠᠳᠬᠤ᠂ ᠳᠢᠩᠭ᠋᠎ᠠ ᠴᠤᠭᠢᠬᠤ᠂ ᠭᠠᠷᠠᠬ᠎ᠠ ᠴᠤᠭᠢᠬᠤ᠂ ᠭᠠᠯᠠ ᠴᠤᠭᠢᠬᠤ᠂ ᠪᠢᠯᠠᠭᠤ ᠰᠢᠳᠡᠭᠦ᠂ ᠵᠢᠷᠭᠢᠭᠡ ᠨᠠᠭᠠᠳᠬᠤ ᠵᠡᠷᠭᠡ ᠪᠠᠢ᠌ᠳᠠᠭ ᠪᠦᠭᠡᠳ ᠨᠠᠭᠠᠳᠤᠮ ᠪᠦᠷᠢ ᠨᠠᠯᠢᠶᠠᠤᠨ ᠭᠦᠨ ᠣᠤᠠᠬ᠎ᠠ ᠣᠴᠢᠷ ᠲᠡᠶ ᠪᠢᠯᠠ᠃

      ᠨᠢᠭᠡ᠂ ᠱᠠᠭ᠎ᠠ ᠨᠠᠭᠠᠳᠬᠤ

ᠮᠤᠩᠭ᠋ᠤᠯᠴᠤᠳ ᠤᠨ ᠱᠠᠭ᠎ᠠ ᠳᠤᠭᠯᠠᠭᠠᠮ ᠤᠨ ᠵᠣᠢ᠌ᠯ ᠪᠣᠯ ᠦᠨᠢ ᠣᠳᠠᠭᠠᠨ ᠳᠡᠦᠭᠡ ᠲᠡᠶ ᠢᠵᠠᠭᠤᠷ ᠣᠷᠠᠯᠢᠭ ᠪᠣᠯᠬᠤ ᠶᠤᠮ᠃ ᠱᠠᠭ᠎ᠠ ᠪᠣᠯ ᠮᠤᠩᠭ᠋ᠤᠯ ᠨᠠᠭᠠᠳᠤᠮ ᠤᠨ ᠨᠢᠭᠡ ᠵᠣᠢ᠌ᠯ ᠤᠨ ᠭᠡᠷᠡᠭᠯᠡᠭᠦᠨ ᠮᠦᠨ᠃ ᠮᠠᠯ ᠠᠮᠢᠳᠠᠨ ᠤ ᠱᠠᠭᠠᠠᠳᠤ ᠴᠢᠮᠦᠭᠡ ᠶᠢᠨ ᠨᠠᠷᠢᠨ ᠳᠦᠷᠦᠭᠦᠨ ᠤ ᠨᠢᠭᠡ ᠥᠵᠦᠭᠦᠷ ᠲᠤ ᠪᠠᠢ᠌ᠳᠠᠭ ᠶᠠᠰᠤ ᠶᠢ ᠱᠠᠭ᠎ᠠ ᠭᠡᠨ᠎ᠡ᠃ ᠱᠠᠭ᠎ᠠ ᠶᠢ ᠶᠡᠭᠡ ᠲᠦᠯᠤᠪ ᠪᠣᠭ ᠮᠠᠯ ᠤᠨ ᠱᠠᠭ᠎ᠠ ᠪᠠ ᠵᠡᠭᠡᠷ᠎ᠡ ᠶᠢᠨ ᠱᠠᠭ᠎ᠠ ᠭᠡᠵᠤ ᠢᠯᠭᠠᠳᠠᠭ᠃ ᠥᠭᠡᠷ ᠪᠣᠭᠤ ᠵᠡᠷᠭᠡ ᠳᠤᠷᠤᠭ ᠠᠮᠢᠳᠠᠨ ᠤ ᠱᠠᠭ᠎ᠠ ᠶᠢ ᠢᠷᠭᠠᠢ ᠭᠡᠳᠡᠭ᠌᠃ ᠱᠠᠭ᠎ᠠ ᠳᠦᠷᠪᠠᠨ ᠳᠤᠮᠤ ᠳᠠᠯ᠎ᠠ ᠲᠡᠶ᠃ ᠮᠤᠩᠭ᠋ᠤᠯᠴᠤᠳ ᠳᠦᠷᠪᠠ ᠶᠢ 《ᠪᠠᠳᠤ》 ᠭᠡᠵᠤ ᠪᠠᠯᠭᠡᠳᠡᠳᠡᠭ᠌ ᠨᠢ ᠱᠠᠭ᠎ᠠ ᠲᠡᠶ ᠬᠤᠯᠪᠣᠭ᠎ᠠ ᠲᠡᠶ᠃

ᠱᠠᠭ᠎ᠠ ᠨᠠᠭᠠᠳᠤᠮ ᠢ ᠮᠤᠩᠭ᠋ᠤᠯᠴᠤᠳ ᠭᠡᠵᠢᠶ᠎ᠡ ᠡᠴᠡ ᠡᠭᠢᠯᠡᠵᠤ ᠨᠠᠭᠠᠳᠤᠭᠰᠠᠨ ᠢ ᠳᠡᠦᠭᠡᠨ ᠰᠤᠳᠤᠷ ᠲᠤ ᠥᠰᠦᠭ᠌ ᠪᠢᠴᠢᠭ᠌ ᠤᠨ ᠳᠤᠰᠬᠠᠢ ᠳᠡᠮᠳᠡᠭᠯᠡᠯ ᠬᠠᠷᠠᠬᠠᠨ ᠣᠯᠳᠠᠭ᠎ᠠ ᠦᠭᠡᠶ ᠴᠤ ᠶᠡᠭᠡ ᠡᠷᠳᠡ ᠡᠴᠡ ᠪᠣᠢ ᠪᠣᠯᠤᠭᠰᠠᠨ ᠨᠠᠭᠠᠳᠤᠮ ᠭᠡᠵᠤ ᠦᠵᠡᠯᠳᠠᠢ᠃ ᠱᠠᠭ᠎ᠠ ᠨᠠᠭᠠᠳᠤᠮ ᠪᠣᠯ ᠠᠪᠠ ᠠᠩᠨᠠᠯ ᠪᠠ ᠮᠠᠯ ᠮᠠᠯᠵᠢᠯ ᠤᠨ ᠪᠣᠳᠠᠳᠤ ᠠᠮᠢᠳᠤᠷᠠᠯ ᠤᠨ ᠶᠠᠪᠣᠴᠠ ᠳᠤ ᠪᠣᠢ ᠪᠣᠯᠤᠭᠰᠠᠨ ᠠᠷᠠᠤᠨ ᠲᠦᠮᠡᠨ ᠤ ᠣᠶᠤᠨ ᠣᠬᠠᠭᠠᠨ᠂ ᠪᠦᠳᠦᠭᠡᠯᠴᠢ ᠭᠦᠳᠡᠯᠮᠦᠷᠢ ᠶᠢᠨ ᠰᠤᠳᠤᠨ ᠪᠦᠳᠦᠭᠡᠭ᠍ᠳᠡᠭᠦᠨ ᠮᠦᠨ᠃ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠳᠡᠮᠳᠡᠭᠯᠡᠭ᠍ᠰᠡᠨ ᠶᠢᠡᠷ 《ᠳᠠᠮᠤᠵᠢᠨ ᠵᠠᠮᠤᠬ᠎ᠠ ᠬᠤᠶᠠᠷ ᠬᠤᠷᠬᠤᠨᠠᠭ ᠵᠤᠪᠣᠷ᠎ᠠ ᠨᠠᠢ᠌ᠯᠠᠨ ᠪᠠᠭᠤᠵᠤ᠂ ᠡᠷᠳᠡᠨ ᠤ ᠠᠠᠳᠠ ᠪᠣᠯᠤᠯᠴᠠᠭᠰᠠᠨ ᠶᠢᠡᠨ ᠳᠤᠷᠠᠳᠤᠯᠴᠠᠨ᠂ ᠠᠠᠳᠠ ᠳᠤᠩᠬᠠᠯᠳᠤᠵᠤ ᠠᠮᠠᠷᠠᠯᠳᠤᠶ᠎ᠠ ᠭᠡᠮᠡᠯᠳᠦᠪᠡ᠃ ᠠᠩᠬ᠎ᠠ ᠣᠷᠢᠳᠠ ᠠᠠᠳᠠ ᠪᠣᠯᠤᠯᠴᠠᠷᠤᠨ᠂ ᠳᠠᠮᠤᠵᠢᠨ ᠠᠷᠪᠠᠨ ᠨᠢᠭᠡᠨ ᠨᠠᠰᠤᠳᠤ ᠪᠦᠭᠦᠢ ᠳᠤᠷ ᠵᠠᠮᠤᠬ᠎ᠠ ᠭᠤᠷᠠᠯᠳᠤᠭ ᠱᠠᠭ᠎ᠠ ᠳᠠᠮᠤᠵᠢᠨ᠎ᠠ ᠥᠭ᠍ᠴᠤ᠂ ᠳᠠᠮᠤᠵᠢᠨ ᠤ ᠴᠢᠩᠭᠦᠯᠳᠦᠭ᠍ᠳᠤ ᠱᠠᠭ᠎ᠠ ᠠᠷᠠᠯᠵᠢᠵᠤ ᠠᠠᠳᠠ ᠪᠣᠯᠤᠯᠴᠠᠵᠤ ᠠᠠᠳᠠ ᠭᠡᠮᠡᠯᠳᠦᠭ᠍ᠰᠡᠨ᠃ ᠣᠨᠤᠨ ᠤ ᠮᠦᠰᠤᠨ ᠳᠤᠷ ᠱᠠᠭᠠᠯᠴᠠᠬᠤᠢ ᠳᠤᠷ ᠳᠠᠳᠠ ᠠᠠᠳᠠ ᠭᠡᠮᠡᠯᠳᠦᠪᠠᠢ᠃》 ᠭᠡᠵᠡᠢ᠃ 1981 ᠣᠨ ᠳᠤ ᠪᠠᠭᠠᠷᠢᠨ ᠪᠠᠷᠠᠭᠤᠨ ᠬᠤᠰᠢᠭᠤᠨ ᠤ ᠳᠡᠦᠭᠡ ᠶᠢᠨ ᠮᠦᠽᠧᠢ᠂ ᠡᠷᠳᠡᠨ ᠤ ᠯᠢᠶᠤᠤ ᠣᠯᠤᠰ ᠤᠨ ᠨᠢᠭᠡ ᠡᠪᠳᠡᠷᠡᠭ᠍ᠰᠡᠨ ᠣᠩᠭ᠋ᠤᠨ ᠡᠴᠡ ᠶ‍ᠢᠰᠤᠨ ᠱᠠᠭ᠎ᠠ ᠣᠯᠤᠭᠰᠠᠨ ᠶᠤᠮ᠃ ᠳᠡᠭᠦᠨ ᠳᠤ ᠥᠭᠡᠷ ᠤᠨ ᠱᠠᠭ᠎ᠠ ᠨᠢᠭᠡ᠂ ᠬᠤᠨᠢ ᠢᠮᠠᠭᠠᠨ ᠤ ᠱᠠᠭ᠎ᠠ ᠳᠤᠯᠤᠭ᠎ᠠ ᠪᠠᠢ᠌ᠬᠤ ᠡᠴᠡ ᠭᠠᠳᠠᠨ᠎ᠠ᠂ ᠬᠤᠨᠢᠨ ᠱᠠᠭ᠎ᠠ ᠶᠢᠨ ᠭᠢᠷᠢ ᠨᠢᠭᠡ ᠭᠠᠤᠯᠢᠨ ᠠᠷᠭᠤᠯᠴᠠᠭ ᠴᠢᠳᠬᠤᠮᠠᠯ ᠱᠠᠭ᠎ᠠ ᠪᠠᠢ᠌ᠵᠠᠢ᠃ ᠡᠭᠦᠨ ᠡᠴᠡ ᠦᠵᠡᠪᠠᠯ ᠠᠯᠢ ᠡᠷᠳᠡ 12 ᠳ᠋ᠤᠭᠠᠷ ᠵᠠᠭᠤᠨ ᠪᠣᠶᠤ ᠳᠡᠭᠦᠨ ᠡᠴᠡ ᠬᠤᠯᠠ ᠡᠮᠦᠨ᠎ᠡ ᠨᠢᠭᠡᠨᠲᠡ ᠱᠠᠭ᠎ᠠ ᠨᠠᠭᠠᠳᠴᠤ ᠪᠠᠢ᠌ᠵᠠᠢ ᠭᠡᠰᠡᠨ ᠢ ᠮᠠᠳᠠᠵᠤ ᠪᠣᠯᠤᠨ᠎ᠠ᠃

ᠮᠤᠩᠭ᠋ᠤᠯᠴᠤᠳ ᠳᠡᠦᠭᠡᠨ ᠡᠴᠡ ᠠᠪᠣᠭᠠᠤᠨ ᠦᠪᠡᠷ ᠤᠨ ᠠᠯᠠᠵᠤ ᠢᠳᠡᠭ᠍ᠰᠡᠨ ᠬᠤᠨᠢ ᠢᠮᠠᠭᠠᠨ ᠤ ᠱᠠᠭ᠎ᠠ ᠶᠢ ᠨᠠᠠᠳᠢᠩᠨᠠᠨ ᠬᠠᠳᠠᠭᠠᠯᠠᠳᠠᠭ᠃ ᠱᠠᠭ᠎ᠠ ᠠᠷᠪᠢᠨ ᠠᠢ᠌ᠯ ᠤᠨ ᠮᠠᠯ ᠶᠡᠭᠡ ᠦᠰᠦᠨ᠎ᠠ ᠭᠡᠳᠡᠭ᠌᠃ ᠱᠠᠭ᠎ᠠ ᠭᠡᠳᠤᠨ ᠳᠤᠯᠤᠮ ᠭᠡᠳᠤᠨ ᠮᠢᠩᠭ᠋᠎ᠠ ᠪᠠᠷ ᠴᠤᠭᠯᠠᠭᠤᠯᠤᠭᠰᠠᠨ ᠠᠢ᠌ᠯ ᠪᠠᠢ᠌ᠳᠠᠭ᠃ ᠬᠡᠦᠬᠡᠳ ᠪᠠᠭᠠᠴᠤᠳ ᠡᠴᠡ ᠭᠦᠭ᠍ᠰᠢᠳ ᠭᠦᠷᠳᠡᠯ᠎ᠡ ᠪᠦᠷ ᠱᠠᠭ᠎ᠠ ᠪᠠᠷ ᠨᠠᠭᠠᠳᠬᠤ ᠳᠤᠷᠠᠳᠠᠢ ᠪᠠᠢ᠌ᠳᠠᠭ᠃ ᠱᠠᠭ᠎ᠠ ᠶᠢᠨ ᠳᠠᠯ᠎ᠠ ᠪᠦᠷᠢ ᠳᠤ ᠳᠤᠰᠬᠠᠢ ᠨᠠᠷᠠᠢ᠌ᠳᠤᠯ ᠲᠡᠶ᠃ ᠭᠦᠳᠦᠭᠦᠷ ᠲ᠋ᠡᠢ ᠳᠠᠯ᠎ᠠ ᠶᠢ ᠪᠦᠭᠡ ᠬᠤᠨᠢ᠂ ᠪᠣᠭᠤ᠂ ᠬᠤᠳᠤᠭᠤᠷ ᠲᠡᠶ ᠳᠠᠯ᠎ᠠ ᠶᠢ ᠳᠠᠩ ᠢᠮᠠᠭ᠎ᠠ᠂ ᠰᠤᠭᠤ᠂ ᠴᠡᠭᠡ᠂ ᠥᠭᠡᠷ᠂ ᠬᠤᠩᠭᠢᠯ ᠲᠡᠶ ᠬᠠᠵᠠᠭᠤ ᠳᠠᠯ᠎ᠠ ᠶᠢ ᠬᠤᠩ ᠳᠡᠮᠡᠭᠡ᠂ ᠣᠯᠠᠭᠠᠨ᠂ ᠬᠨ᠂ ᠳᠡᠭ᠍ᠰᠢ ᠬᠠᠵᠠᠭᠤ ᠳᠠᠯ᠎ᠠ ᠶᠢ ᠪᠠᠢ ᠮᠤᠷᠢ᠂ ᠴᠠᠭᠠᠨ᠂ ᠡᠯᠵᠢᠭᠡ ᠬᠤᠩᠰᠢᠶᠠᠷ ᠳᠠᠯ᠎ᠠ ᠶᠢ ᠳᠤᠩᠭ᠋ᠤᠢ᠂ ᠪᠦᠭ᠍ᠰᠡ ᠳᠠᠯ᠎ᠠ ᠶᠢ ᠣᠩᠬᠤ ᠭᠡᠳᠡᠭ᠌᠃ ᠡᠨᠡᠭᠦ ᠨᠠᠷᠠᠢ᠌ᠳᠤᠯ ᠨᠢ ᠭᠠᠵᠠᠷ ᠭᠠᠵᠠᠷ ᠤᠨ ᠳᠠᠭᠤᠳᠠᠯᠭ᠎ᠠ ᠠᠳᠠᠯᠢ ᠦᠭᠡᠶ᠃

ᠱᠠᠭ᠎ᠠ ᠨᠠᠭᠠᠳᠤᠮ ᠤᠨ ᠳᠦᠷᠤᠯ ᠵᠣᠢ᠌ᠯ ᠮᠠᠰᠢ ᠣᠯᠠᠨ ᠪᠠᠢ᠌ᠳᠠᠭ᠃ ᠱᠠᠭ᠎ᠠ ᠳᠡᠭᠦᠭᠦ᠂ ᠱᠠᠭ᠎ᠠ ᠨᠢᠰᠠᠯᠬᠤ᠂ ᠯᠤᠤ ᠯᠤᠤ ᠴᠤᠭᠢᠬᠤ ᠭᠠᠬᠠᠢ ᠠᠳᠤᠭᠤᠯᠬᠤ᠂ ᠳᠤᠶᠤᠤ ᠴᠤᠭᠢᠬᠤ ᠵᠡᠷᠭᠡ ᠶᠢᠨ ᠨᠠᠭᠠᠳᠤᠮ ᠶᠡᠭᠡ ᠭᠦᠭ᠍ᠵᠢᠶᠡ᠊ᠨᠳᠡᠢ ᠶᠠᠪᠣᠭᠳᠠᠳᠠᠭ᠂

      1᠂ ᠯᠤᠤ ᠯᠤᠤ ᠴᠤᠭᠢᠬᠤ ᠨᠠᠭᠠᠳᠤᠮ

ᠲ᠋ᠤᠰ ᠨᠠᠭᠠᠳᠤᠮ ᠢ ᠣᠤᠯ ᠨᠢ ᠠᠳᠤᠭᠤ ᠠᠳᠤᠭᠤᠯᠬᠤ ᠭᠡᠵᠤ ᠨᠠᠭᠠᠳᠤᠳᠠᠭ ᠪᠠᠢ᠌ᠭᠰᠠᠨ ᠡᠴᠡ ᠮᠠᠨ ᠤ ᠬᠤᠷᠴᠢᠨ ᠨᠤᠳᠤᠭ ᠲᠤ ᠠᠳᠤᠭᠤ ᠴᠥᠭᠡᠷᠡᠭᠦ ᠶᠢ ᠳᠠᠭᠠᠯᠳᠤᠨ ᠬᠤᠷᠴᠢᠨ ᠬᠡᠦᠬᠡᠳ ᠬᠠᠷᠢᠨ 《ᠭᠠᠬᠠᠢ ᠬᠠᠷᠢᠭᠤᠯᠬᠤ》 ᠭᠡᠵᠤ ᠥᠭᠡᠷᠡᠴᠢᠯᠡᠨ ᠨᠠᠭᠠᠳᠤᠬᠤ ᠪᠣᠯᠵᠠᠢ᠃ ᠳᠤᠰ ᠨᠠᠭᠠᠳᠤᠮ ᠳᠤ 4᠊᠊᠊᠊᠊᠊᠊᠊᠊᠊᠊᠊᠊᠊᠊᠊᠊᠊᠊᠊᠊᠊᠊᠊5 ᠭᠦᠮᠤᠨ ᠣᠷᠤᠯᠴᠠᠵᠤ ᠪᠣᠯᠳᠠᠭ᠃ ᠨᠠᠭᠠᠳᠤᠮ ᠤᠨ ᠳᠣᠢ᠌ᠮᠤ ᠪᠠᠢ᠌ᠳᠠᠯ ᠪᠣᠯ ᠭᠦᠮᠤᠨ ᠪᠦᠷᠢ ᠠᠯᠳᠠ ᠣᠷᠳᠤ ᠰᠢᠳᠠᠮ ᠠᠳᠬᠤᠨ᠎ᠠ᠃ ᠰᠢᠳᠠᠮ ᠨᠢ ᠥᠵᠦᠭᠦᠷ ᠳᠠᠯ᠎ᠠ ᠳᠤ ᠪᠠᠨ ᠭᠤᠬᠤᠷ ᠰᠢᠭ ᠪᠣᠯ ᠭᠠᠬᠠᠢ ᠬᠠᠰᠢᠬᠤ ᠳᠤ ᠨᠠᠩ ᠰᠠᠢ᠌ᠨ ᠪᠠᠢ᠌ᠳᠠᠭ᠃ ᠬᠠᠮᠤᠭ ᠳᠤᠮᠤ ᠨᠢᠭᠡ ᠭᠠᠬᠠᠢ ᠶᠢᠨ ᠱᠠᠭ᠎ᠠ ᠶᠢ ᠪᠡᠯᠡᠳᠭᠡᠭᠡᠳ ᠨᠢᠭᠡ ᠨᠢ ᠭᠠᠬᠠᠢ ᠬᠠᠷᠢᠭᠤᠯᠵᠤ ᠪᠣᠰᠤᠳ ᠨᠢ ᠭᠠᠬᠠᠢ ᠶᠢ ᠡᠭᠦᠷ ᠲᠤ ᠣᠷᠤᠭᠤᠯᠬᠤ ᠦᠭᠡᠶ ᠭᠡᠵᠤ ᠭᠠᠳᠠᠭᠰᠢ ᠭᠦᠭᠡᠭᠡᠨ᠎ᠡ᠃ ᠭᠠᠬᠠᠢ ᠬᠠᠷᠢᠭᠤᠯᠤᠭᠴᠢ ᠭᠠᠬᠠᠢ ᠪᠠᠨ ᠬᠤᠷᠢᠶᠠᠨ ᠳᠤ ᠪᠠᠨ ᠣᠷᠤᠭᠤᠯᠬᠤ ᠭᠡᠵᠤ ᠬᠠᠰᠢᠨ᠎ᠠ᠃ ᠡᠨᠡ ᠳᠤᠭᠯᠠᠭᠠᠮ ᠢ ᠳᠤᠭᠯᠠᠬᠤ ᠳᠤ ᠠᠭᠤᠵᠢᠭᠤ ᠳᠡᠭ᠍ᠰᠢᠭᠡᠨ ᠭᠠᠵᠠᠷ ᠢ ᠰᠤᠩᠭ᠋ᠤᠵᠤ ᠭᠤᠤᠯ ᠳ᠋ᠤᠨᠢ ᠨᠢᠭᠡ ᠠᠶᠠᠭᠠᠨ ᠠᠮᠠᠰᠠᠷ ᠭᠢᠷᠢ ᠪᠦᠳᠦᠭᠦᠨ ᠨᠥᠭᠡ ᠮᠠᠯᠳᠠᠵᠤ ᠭᠠᠬᠠᠢ ᠶᠢᠨ ᠱᠠᠭ᠎ᠠ ᠪᠠᠨ ᠭᠢᠵᠤ ᠳᠠᠯᠪᠢᠨ᠎ᠠ᠃ ᠳᠤᠰ ᠨᠥᠭᠡ ᠪᠠᠷ ᠲᠦᠪ ᠪᠣᠯᠭᠠᠵᠤ 2 ᠮᠸᠲ᠋ᠷ ᠷᠠᠳᠢᠤᠰ ᠲᠡᠶ ᠳᠤᠭᠤᠷᠢᠭ ᠵᠢᠷᠤᠵᠤ᠂ ᠵᠢᠷᠤᠭᠠᠰᠤ ᠶᠢᠨ ᠳᠡᠭᠡᠷ᠎ᠡ ᠳᠤᠭᠯᠠᠭᠠᠮ ᠳᠤ ᠣᠷᠤᠯᠴᠠᠬᠤ ᠭᠦᠮᠤᠨ ᠤ ᠳᠤᠭ᠎ᠠ ᠡᠴᠡ ᠨᠢᠭᠡ ᠳᠤᠳᠠᠭᠤ ᠪᠠᠷ ᠳᠤᠭᠳᠠᠭᠰᠠᠨ ᠵᠠᠢ᠌ᠳᠠᠢ ᠨᠥᠭᠡ ᠮᠠᠯᠳᠠᠨ᠎ᠠ᠃ ᠵᠢᠰᠢᠶᠠᠯᠠᠪᠠᠯ ᠵᠢᠷᠭᠤᠭᠠᠨ ᠭᠦᠮᠤᠨ ᠨᠠᠭᠠᠳᠤᠪᠠᠯ ᠲᠦᠪ ᠤᠨ ᠨᠢᠭᠡ ᠨᠥᠭᠡ ᠪᠠ ᠳᠤᠭᠤᠷᠢᠭᠰᠠᠨ ᠳᠠᠪᠤᠨ ᠨᠥᠭᠡ ᠲᠡᠶ ᠵᠢᠷᠭᠤᠭᠠᠨ ᠨᠥᠭᠡ ᠪᠣᠯᠤᠨ᠎ᠠ᠃

ᠨᠠᠭᠠᠳᠤᠮ ᠡᠭᠢᠯᠡᠭᠦ ᠳᠤ ᠳᠤᠭᠯᠠᠭᠴᠢᠳ ᠪᠦᠷ ᠳᠤᠭᠤᠷᠢᠭᠯᠠᠭᠰᠠᠨ ᠨᠥᠭᠡ ᠳᠤ ᠰᠢᠳᠠᠮ ᠶᠢᠡᠨ ᠭᠢᠵᠤ ᠳᠤᠭᠯᠠᠬᠤ ᠪᠠᠷ ᠪᠡᠯᠡᠳᠭᠡᠨ᠎ᠡ᠃ ᠨᠢᠭᠡ ᠨᠢ ᠲᠦᠪ ᠨᠥᠭᠡ ᠶᠢᠨ ᠱᠠᠭ᠎ᠠ ᠶᠢ ᠡᠳᠡᠵᠤ ᠭᠠᠷᠭᠠᠬᠤ ᠲ᠋ᠠᠯᠢᠮ ᠳᠤ ᠪᠣᠰᠤᠳ ᠭᠦᠮᠦᠰ ᠨᠢ ᠨᠠᠷᠠᠨ ᠡᠷᠭᠢᠯᠳᠡ ᠪᠠᠷ ᠨᠥᠭᠡ ᠰᠢᠯᠵᠢᠨ᠎ᠠ᠃ ᠡᠨᠡᠭᠦ ᠰᠢᠯᠵᠢᠭᠦ ᠳᠠᠰᠢᠷᠠᠮ ᠳᠤ ᠱᠠᠭ᠎ᠠ ᠡᠳᠡᠭ᠍ᠰᠡᠨ ᠭᠦᠮᠤᠨ ᠪᠠᠰᠠ ᠨᠢᠭᠡ ᠨᠥᠭᠡ ᠣᠯᠵᠤ ᠪᠣᠯᠢᠶᠠᠨ᠎ᠠ᠃ ᠨᠥᠭᠡ ᠣᠯᠵᠤ ᠪᠣᠯᠢᠶᠠᠭᠰᠠᠨ ᠦᠭᠡᠶ ᠪᠣᠯ ᠭᠠᠬᠠᠢ ᠬᠠᠷᠢᠭᠤᠯᠤᠨ᠎ᠠ᠃ ᠨᠥᠭᠡ ᠣᠯᠵᠤ ᠪᠣᠯᠢᠶᠠᠭᠰᠠᠨ ᠪᠣᠯ ᠨᠥᠭᠡ ᠪᠠᠨ ᠪᠣᠯᠢᠶᠠᠭᠳᠠᠭᠰᠠᠨ ᠭᠦᠮᠤᠨ ᠭᠠᠬᠠᠢ ᠬᠠᠷᠢᠭᠤᠯᠤᠨ᠎ᠠ᠃ ᠭᠠᠬᠠᠢ ᠬᠠᠷᠢᠭᠤᠯᠤᠭᠴᠢ ᠨᠢ ᠭᠠᠬᠠᠢ ᠪᠠᠨ ᠡᠭᠦᠷ ᠳᠤᠨᠢ ᠣᠷᠤᠭᠤᠯᠬᠤ ᠭᠡᠵᠤ ᠲᠦᠪ ᠨᠥᠭᠡ ᠣᠷᠤᠭᠤ ᠬᠠᠰᠢᠨ᠎ᠠ᠃ ᠪᠣᠰᠤᠳ ᠨᠢ ᠭᠠᠳᠠᠭᠰᠢ ᠰᠢᠳᠠᠮᠳᠠᠨ ᠦᠯᠳᠡᠨ᠎ᠠ᠃ ᠭᠡᠷᠪᠡ ᠠᠯᠢ ᠨᠢᠭᠡ ᠨᠢ ᠭᠠᠬᠠᠢ ᠶᠢ ᠭᠠᠳᠠᠭᠰᠢ ᠥᠯᠳᠡᠭᠦ ᠭᠡᠵᠤ ᠪᠣᠯᠢᠶᠠᠯᠳᠤᠵᠤ ᠪᠠᠢ᠌ᠭᠰᠠᠭᠠᠷ ᠦᠪᠡᠷ ᠤᠨ ᠨᠥᠭᠡ ᠪᠠᠨ ᠪᠣᠯᠢᠶᠠᠭᠳᠠᠬᠤ ᠣᠴᠢᠷ ᠭᠠᠷᠳᠠᠭ᠃ ᠳᠡᠭᠡᠪᠠᠯ ᠳᠠᠷᠠ ᠳᠠᠷᠤᠢ ᠭᠠᠬᠠᠢ ᠬᠠᠷᠢᠭᠤᠯᠤᠨ᠎ᠠ᠃ ᠭᠡᠷᠪᠡ ᠭᠠᠬᠠᠢ ᠪᠠᠨ ᠬᠠᠰᠢᠭᠰᠠᠭᠠᠷ ᠲᠦᠪ ᠨᠥᠭᠡᠨ ᠳᠤ ᠣᠷᠤᠭᠤᠯᠵᠤ ᠳᠠᠢ᠌ᠯᠪᠠᠯ ᠳᠠᠭᠢᠨ ᠱᠠᠭ᠎ᠠ ᠪᠠᠨ ᠡᠳᠡᠨ ᠭᠠᠷᠭᠠᠵᠤ ᠪᠣᠰᠤᠳ ᠤᠨ ᠨᠥᠭᠡ ᠶᠢ ᠪᠣᠯᠢᠶᠠᠵᠤ ᠠᠪᠣᠨ᠎ᠠ᠃ ᠭᠠᠬᠠᠢ ᠪᠠᠨ ᠬᠤᠯᠠ ᠡᠳᠡᠨ ᠶᠠᠪᠣᠭᠤᠯᠤᠭᠰᠠᠨ ᠪᠣᠯ ᠭᠠᠬᠠᠢ ᠬᠠᠷᠢᠭᠤᠯᠤᠭᠴᠢ ᠨᠢ 《ᠯᠤᠤ︕ ᠯᠤᠤ ︕》 ᠭᠡᠵᠤ ᠳᠠᠭᠤᠳᠠᠨ ᠡᠷᠢᠨ᠎ᠡ᠃ ᠡᠨᠡᠭᠦ ᠨᠠᠭᠠᠳᠤᠮ ᠶᠠᠭ ᠣᠳᠤ ᠶᠢᠨ ᠰᠤᠹᠲᠪᠤᠯ (垒球) ᠨᠠᠭᠠᠳᠤᠮ ᠲᠡᠶ ᠶᠡᠭᠡ ᠳᠦᠰᠦᠭᠡᠳᠡᠢ᠃

ᠲ᠋ᠤᠰ ᠨᠠᠭᠠᠳᠤᠮ ᠰᠢᠷᠦᠭᠦᠨ ᠦᠷᠢᠰᠦᠯᠳᠦᠭᠡᠨ ᠲᠡᠶ ᠶᠠᠪᠣᠭᠳᠠᠬᠤ ᠪᠣᠯᠬᠤᠷ ᠳᠠᠷᠢᠭᠢ ᠳᠤᠯᠤᠭᠠᠢ ᠣᠶᠠᠨ ᠬᠠᠳᠠᠨ  ᠂ ᠭᠠᠷ ᠭᠦᠯ ᠪᠣᠰᠢᠭᠤ ᠱᠠᠯᠠᠮᠠᠭᠠᠢ᠂ ᠨᠢᠳᠤ ᠴᠢᠭᠢ ᠬᠤᠷᠴᠠ ᠰᠡᠷᠭᠡᠭ᠌ ᠪᠠᠢ᠌ᠬᠤ ᠭᠡᠷᠡᠭ᠍ᠳᠡᠢ᠃ ᠡᠨᠡᠭᠦ ᠨᠠᠭᠠᠳᠤᠮ ᠢ ᠣᠯᠠᠩᠭᠢ ᠳᠤ ᠪᠠᠨ ᠡᠷᠡᠭ᠍ᠳᠡᠢ ᠬᠡᠦᠬᠡᠳ ᠨᠠᠭᠠᠳᠤᠳᠠᠭ᠃

      2᠂ ᠱᠠᠭ᠎ᠠ ᠳᠡᠭᠦᠭᠦ ᠨᠠᠭᠠᠳᠤᠮ

ᠲ᠋ᠠᠪᠤᠨ ᠱᠠᠭ᠎ᠠ ᠪᠠᠷ ᠬᠤᠪᠢ ᠳᠡᠮᠳᠡᠭᠯᠡᠨ ᠮᠦᠷᠥᠢ᠌ᠴᠡᠭᠦ ᠬᠤᠶᠠᠷ ᠪᠣᠶᠤ ᠭᠡᠳᠤᠨ ᠬᠡᠦᠬᠡᠳ ᠤᠨ ᠳᠤᠭᠯᠠᠭᠠᠮ ᠪᠣᠯᠤᠨ᠎ᠠ᠃ ᠨᠠᠭᠠᠳᠤᠮ ᠡᠭᠢᠯᠡᠭᠦ ᠡᠴᠡ ᠡᠮᠦᠨ᠎ᠡ ᠭᠡᠨ ᠳᠦᠷᠦᠭᠦᠯᠵᠤ ᠰᠤᠮᠤᠯᠠᠬᠤ ᠪᠠᠨ ᠱᠠᠭ᠎ᠠ ᠭᠦᠷᠪᠠᠭᠦᠯᠤᠨ ᠳᠤᠭᠳᠠᠭᠠᠳᠠᠭ᠃ ᠪᠠᠷᠠᠭᠤᠨ ᠭᠠᠷ ᠤᠨ ᠠᠯᠠᠭᠠᠨ ᠳ᠋ᠠᠭᠢ ᠳᠠᠪᠤᠨ ᠱᠠᠭ᠎ᠠ ᠪᠠᠨ ᠳᠡᠭᠡᠭ᠍ᠰᠢ ᠬᠠᠶᠠᠵᠤ ᠠᠯᠠᠭᠠᠨ ᠤ ᠠᠷᠤ ᠪᠠᠷ ᠳᠤᠰᠴᠤ ᠳᠤᠭᠳᠠᠭᠠᠨ᠎ᠠ᠃ ᠳᠤᠭᠳᠠᠭᠠᠭᠰᠠᠨ ᠱᠠᠭ᠎ᠠ ᠪᠠᠨ ᠳᠠᠭᠢᠨ ᠬᠠᠶᠠᠵᠤ ᠠᠯᠠᠭᠠᠨ ᠳᠤ ᠪᠠᠨ ᠳᠤᠰᠴᠤ ᠠᠪᠣᠨ᠎ᠠ᠃ ᠭᠡᠨ ᠢᠯᠡᠭᠦᠤ ᠳᠤᠭᠳᠠᠭᠠᠵᠤ ᠢᠯᠡᠭᠦᠤ ᠳᠤᠰᠴᠤ ᠠᠪᠣᠭᠰᠠᠨ ᠪᠣᠯ ᠳᠠᠷᠠ ᠭᠦᠮᠤᠨ ᠨᠢ ᠳᠦᠷᠦᠭᠦᠯᠵᠤ ᠰᠤᠮᠤᠯᠠᠨ᠎ᠠ᠃ ᠭᠡᠳᠦᠢ ᠬᠤᠪᠢ ᠪᠠᠷ ᠣᠷᠤᠯᠳᠤᠬᠤ ᠪᠠᠨ ᠣᠷᠢᠳᠠᠪᠠᠷ ᠭᠡᠯᠡᠯᠴᠡᠵᠤ ᠳᠤᠭᠢᠷᠠᠨ᠎ᠠ᠃ ᠣᠯᠠᠩᠭᠢ ᠳᠤ ᠪᠠᠨ ᠵᠠᠭᠤᠨ ᠬᠤᠪᠢ ᠪᠠᠷ ᠣᠷᠤᠯᠳᠤᠳᠠᠭ᠃ ᠨᠠᠭᠠᠳᠤᠬᠤ ᠳᠤ ᠪᠠᠨ ᠳᠠᠪᠤᠨ ᠱᠠᠭ᠎ᠠ ᠪᠠᠨ ᠭᠠᠷ ᠲᠤ ᠪᠠᠨ ᠠᠳᠬᠤᠵᠤ ᠨᠢᠭᠡ ᠱᠠᠭ᠎ᠠ ᠪᠠᠷ ᠨᠢ ᠰᠤᠮᠤ ᠪᠣᠯᠭᠠᠵᠤ ᠳᠡᠭᠡᠭ᠍ᠰᠢ ᠰᠤᠮᠤᠳᠠᠬᠤ ᠶᠢᠨ ᠳᠠᠭᠠᠤ ᠠᠳᠬᠤᠨ ᠳ᠋ᠠᠭᠢ ᠨᠥᠭᠦᠭᠡ ᠳᠦᠷᠪᠠᠨ ᠱᠠᠭ᠎ᠠ ᠪᠠᠨ ᠭᠠᠵᠠᠷ ᠳᠠᠷᠬᠠᠭᠠᠨ ᠣᠷᠭᠢᠨ᠎ᠠ᠃ ᠭᠡᠷᠪᠡ ᠰᠤᠮᠤᠳᠠᠭᠰᠠᠨ ᠱᠠᠭ᠎ᠠ ᠪᠠᠨ ᠳᠤᠰᠴᠤ ᠵᠠᠪᠳᠤᠬᠤ ᠦᠭᠡᠶ ᠭᠠᠵᠠᠷ ᠣᠨᠠᠭᠠᠪᠠᠯ ᠠᠯᠳᠠᠭᠰᠠᠨ ᠳᠤ ᠪᠣᠳᠤᠵᠤ ᠱᠠᠭ᠎ᠠ ᠪᠠᠨ ᠳᠠᠷᠠᠭᠠᠴᠢ ᠶᠢᠨ ᠭᠦᠮᠤᠨ ᠳᠤ ᠪᠠᠨ ᠦᠭ‍ᠭᠦᠨ᠎ᠡ᠃ ᠠᠯᠳᠠᠯ ᠦᠭᠡᠶ ᠳᠤᠰᠤᠭᠰᠠᠨ ᠪᠣᠯ ᠦᠷᠭᠦᠯᠵᠢᠯᠡᠨ ᠰᠤᠮᠤᠯᠠᠵᠤ ᠣᠷᠭᠢᠭᠰᠠᠨ ᠳᠦᠷᠪᠠᠨ ᠱᠠᠭ᠎ᠠ ᠪᠠᠨ ᠳᠡᠭᠦᠵᠤ ᠠᠪᠳᠠᠭ᠃ ᠳᠡᠭᠦᠵᠤ ᠠᠪᠬᠤ ᠳᠤ ᠪᠠᠨ ᠪᠠᠰᠠ ᠵᠢᠷᠤᠮ ᠭᠤᠷᠢᠮ ᠲᠡᠶ ᠪᠠᠢ᠌ᠳᠠᠭ᠃ ᠣᠷᠭᠢᠭᠰᠠᠨ ᠳᠦᠷᠪᠠᠨ ᠱᠠᠭ᠎ᠠ ᠨᠢ ᠬᠤᠩ᠂ ᠪᠠᠢ᠂ ᠳᠠᠩ᠂ ᠪᠦᠭᠡ ᠵᠡᠷᠭᠡ ᠳᠦᠷᠪᠠᠨ ᠥᠭᠡᠷ᠎ᠡ ᠰᠠᠭᠤᠭᠰᠠᠨ ᠪᠣᠯ ᠳᠦᠷᠪᠠᠭᠦᠯᠡ ᠶᠢ ᠬᠠᠮᠤᠵᠤ ᠠᠪᠣᠨ᠎ᠠ᠃ ᠦᠭᠡᠶ ᠪᠣᠯ ᠬᠤᠩ ᠶᠢ ᠨᠢ ᠣᠷᠢᠳᠠᠪᠠᠷ ᠠᠪᠣᠨ᠎ᠠ᠃ ᠬᠤᠶᠠᠷ ᠢᠵᠢᠯ ᠪᠠᠭᠤᠭᠰᠠᠨ ᠪᠣᠯ ᠨᠢᠭᠡ ᠢᠵᠢᠯ ᠢ ᠨᠢ ᠣᠷᠢᠳᠠᠪᠠᠷ ᠠᠪᠣᠨ᠎ᠠ᠃ ᠨᠢᠭᠡ ᠢᠵᠢᠯ ᠬᠤᠶᠠᠷ ᠥᠭᠡᠷ᠎ᠡ ᠪᠠᠭᠤᠭᠰᠠᠨ ᠪᠣᠯ ᠨᠢᠭᠡ ᠢᠵᠢᠯ ᠢ ᠨᠢ ᠠᠪᠣᠨ᠎ᠠ᠃ ᠭᠤᠷᠪᠠᠨ ᠢᠵᠢᠯ ᠪᠠᠭᠤᠭᠰᠠᠨ ᠪᠣᠯ ᠳᠠᠷᠠ ᠭᠤᠷᠪᠠᠭᠤᠯᠠ ᠶᠢ ᠨᠢ ᠠᠪᠴᠤ᠂ ᠳᠦᠷᠪᠠᠭᠦᠯᠡ ᠪᠠᠨ ᠪᠦᠷ ᠠᠳᠠᠯᠢ ᠪᠣᠯ ᠪᠦᠭᠦᠳᠡ ᠶᠢ ᠠᠪᠣᠨ᠎ᠠ᠃ ᠳᠡᠭᠡᠷᠡᠭᠢ ᠵᠢᠷᠤᠮ ᠶᠢᠡᠷ ᠳᠡᠭᠦᠵᠤ ᠠᠪᠬᠤ ᠳᠤ ᠪᠠᠨ ᠪᠣᠰᠤᠳ ᠱᠠᠭ᠎ᠠ ᠶᠢ ᠭᠦᠡᠳᠡᠵᠤ ᠪᠣᠯᠬᠤ ᠦᠭᠡᠶ᠃ ᠭᠦᠡᠳᠡᠪᠠᠯ ᠠᠯᠳᠠᠭᠰᠠᠨ ᠳᠤ ᠪᠣᠳᠤᠨ᠎ᠠ᠃ ᠭᠡᠨ ᠭᠡᠷᠪᠡ ᠵᠠᠭᠤᠨ ᠬᠤᠪᠢ ᠳᠤ ᠭᠦᠷᠦᠭ᠍ᠰᠡᠨ ᠪᠣᠯ ᠳᠠᠷᠠ ᠨᠢ ᠨᠥᠭᠦᠭᠡ ᠠᠯᠬᠤᠮ ᠳᠤ ᠣᠷᠤᠨ᠎ᠠ᠃ ᠳᠠᠷᠤᠢ ᠬᠤᠩ᠂ ᠪᠠᠢ᠂ ᠪᠦᠭᠡ᠂ ᠳᠠᠩ ᠤᠨ ᠳᠠᠰ ᠳᠠᠷᠠᠭ᠎ᠠ ᠪᠠᠷ ᠳᠦᠷᠪᠠ ᠶᠢ ᠠᠳᠠᠯᠢ ᠪᠣᠯᠭᠠᠵᠤ ᠳᠦᠷᠪᠠᠭᠦᠯᠡ ᠶᠢ ᠨᠢᠭᠡ ᠨᠢᠭᠡ ᠪᠠᠷ ᠳᠡᠭᠦᠵᠤ ᠠᠪᠣᠨ᠎ᠠ᠃ ᠵᠢᠰᠢᠶᠠᠯᠠᠪᠠᠯ ᠣᠷᠭᠢᠭᠰᠠᠨ ᠱᠠᠭ᠎ᠠ ᠴᠢᠨᠢ ᠠᠳᠠᠯᠢ ᠪᠣᠰᠤ ᠪᠠᠷ ᠣᠨᠠᠭᠰᠠᠨ ᠪᠣᠯ ᠣᠷᠢᠳᠠᠪᠠᠷ ᠨᠢᠭᠡ ᠨᠢᠭᠡ ᠪᠠᠷ ᠪᠦᠷ ᠬᠤᠩ ᠪᠣᠯᠭᠠᠨ ᠪᠣᠰᠬᠠᠵᠤ ᠳᠠᠭᠢᠨ ᠨᠢᠭᠡ ᠨᠢᠭᠡ ᠪᠠᠷ ᠳᠡᠭᠦᠵᠤ ᠠᠪᠣᠨ᠎ᠠ᠃ ᠳᠠᠭᠢᠭᠠᠤᠨ ᠪᠣᠰᠤᠳ ᠳᠦᠷᠰᠤ ᠶᠢ ᠪᠠᠰᠠ ᠳᠤᠰ ᠠᠷᠭ᠎ᠠ ᠪᠠᠷ ᠠᠪᠴᠤ ᠳᠠᠭᠤᠰᠪᠠᠯ ᠮᠦᠷᠥᠢ᠌ᠴᠡᠭᠡᠨ ᠳᠡᠭᠦᠰᠦᠨ᠎ᠡ᠃

ᠬᠤᠪᠢ ᠳᠡᠮᠳᠡᠭᠯᠡᠭᠦ ᠠᠷᠭ᠎ᠠ ᠨᠢ ᠨᠢᠭᠡᠳᠦᠭᠡᠷ ᠠᠯᠬᠤᠮ ᠳᠤ 100 ᠬᠤᠪᠢ᠃ ᠬᠤᠶᠠᠳᠤᠭᠠᠷ ᠠᠯᠬᠤᠮ ᠳᠤ 400 ᠬᠤᠪᠢ ᠨᠠᠢ᠌ᠳᠠ 500 ᠬᠤᠪᠢ ᠪᠠᠷ ᠨᠠᠭᠠᠳᠤᠳᠠᠭ ᠵᠠᠩᠰᠢᠯ ᠲᠡᠶ᠃ ᠨᠢᠭᠡ ᠬᠤᠩ 5 ᠬᠤᠪᠢ᠂ ᠢᠵᠢᠯ ᠬᠤᠶᠠᠷ 1 ᠬᠤᠪᠢ᠂ ᠢᠵᠢᠯ ᠭᠤᠷᠪᠠ ᠪᠠᠰᠠ 1 ᠬᠤᠪᠢ᠂ ᠢᠵᠢᠯ ᠳᠦᠷᠪᠠ ᠪᠣᠯ 10 ᠬᠤᠪᠢ᠂ ᠢᠵᠢᠯ ᠪᠣᠰᠤ ᠳᠦᠷᠪᠠ ᠪᠣᠯ ᠪᠠᠰᠠ 10 ᠬᠤᠪᠢ᠃ ᠬᠤᠶᠠᠳᠤᠭᠠᠷ ᠠᠯᠬᠤᠮ ᠳᠤ ᠨᠢᠭᠡ ᠣᠳᠠᠭ᠎ᠠ ᠭᠢᠵᠤ ᠳᠡᠢ᠌ᠯᠦᠭ᠍ᠰᠡᠭᠡᠷ 100 ᠬᠤᠪᠢ᠂ ᠳᠦᠷᠪᠠ ᠣᠳᠠᠭ᠎ᠠ 400 ᠬᠤᠪᠢ ᠪᠣᠯᠤᠨ᠎ᠠ᠃ ᠡᠨᠡᠭᠦ ᠳᠤᠭᠯᠠᠭᠠᠮ ᠢ ᠣᠯᠠᠩᠭᠢ ᠳᠤ ᠪᠠᠨ ᠡᠮᠡᠭ᠍ᠳᠡᠢ ᠬᠡᠦᠬᠡᠳ ᠨᠠᠭᠠᠳᠤᠳᠠᠭ᠃

      3᠂ ᠱᠠᠭ᠎ᠠ ᠨᠢᠰᠠᠯᠬᠤ ᠨᠠᠭᠠᠳᠤᠮ

ᠬᠤᠶᠠᠷ ᠭᠤᠷᠪᠠᠨ ᠭᠦᠮᠤᠨ ᠠᠳᠠᠯᠢ ᠳᠤᠭ᠎ᠠ ᠲᠡᠶ ᠱᠠᠭ᠎ᠠ ᠪᠠᠨ ᠨᠡᠢ᠌ᠯᠡᠭᠦᠯᠵᠤ ᠬᠠᠩᠵᠤᠨ ᠳᠡᠭᠡᠷ᠎ᠡ ᠣᠷᠭᠢᠭᠰᠠᠨ ᠤ ᠰᠡᠭᠦᠯᠡᠷ ᠠᠳᠠᠯᠢ ᠶᠠᠩᠵᠤ ᠶᠢᠨ ᠱᠠᠭ᠎ᠠ ᠶᠢᠨ ᠨᠢᠭᠡ ᠶᠢ ᠨᠢᠭᠡ ᠪᠠᠷ ᠨᠢ ᠨᠢᠰᠠᠯᠠᠨ᠎ᠠ᠃ ᠭᠡᠭᠦ ᠳᠡᠭᠡᠨ ᠣᠷᠪᠠᠳᠠᠯ᠎ᠠ ᠣᠨᠤᠭᠠᠵᠤ ᠪᠣᠯᠬᠤ ᠦᠭᠡᠶ᠃ ᠪᠠᠰᠠ ᠪᠣᠰᠤᠳ ᠶᠠᠩᠵᠤ ᠶᠢᠨ ᠱᠠᠭ᠎ᠠ ᠶᠢ ᠭᠦᠡᠳᠡᠵᠤ ᠪᠣᠯᠬᠤ ᠦᠭᠡᠶ᠃ ᠭᠡᠷᠪᠡ ᠶᠤᠰᠤ ᠶᠢ ᠵᠦᠷᠢᠴᠠᠪᠠᠯ ᠳᠠᠷᠠᠭᠠᠴᠢ ᠶᠢᠨ ᠭᠦᠮᠤᠨ ᠨᠢᠰᠠᠯᠤᠨ᠎ᠠ᠃ ᠭᠡᠨ ᠢᠯᠡᠭᠦᠤ ᠨᠢᠰᠠᠯᠵᠤ ᠣᠨᠤᠭᠠᠪᠠᠯ ᠢᠯᠡᠭᠦᠤ ᠱᠠᠭ᠎ᠠ ᠱᠥᠭᠦᠵᠤ ᠳᠠᠢ᠌ᠯᠤᠨ᠎ᠠ᠃

ᠡᠨᠡᠭᠦ ᠨᠠᠭᠠᠳᠤᠮ ᠨᠢ ᠬᠡᠦᠬᠡᠳ ᠤᠨ ᠣᠷᠠᠨ ᠰᠡᠳᠭᠢᠭᠦᠢ᠂ ᠭᠠᠷ ᠤᠨ ᠳᠠᠮ᠂ ᠨᠢᠳᠤᠨ ᠤ ᠬᠤᠷᠴᠠ ᠵᠡᠷᠭᠡ ᠶᠢ ᠪᠣᠯᠪᠠᠰᠤᠷᠠᠭᠤᠯᠬᠤ ᠣᠢ᠌ᠯᠠᠳᠤᠯ ᠲᠡᠶ᠃

      4᠂ ᠳᠤᠶᠤᠤ ᠴᠤᠭᠢᠬᠤ ᠨᠠᠭᠠᠳᠤᠮ

ᠭᠤᠷᠪᠠ ᠳᠦᠷᠪᠠᠨ ᠭᠦᠮᠤᠨ ᠪᠦᠷ ᠨᠠᠭᠠᠳᠴᠤ ᠪᠣᠯᠤᠨ᠎ᠠ᠃ ᠭᠦᠮᠤᠨ ᠪᠦᠷᠢ ᠠᠳᠠᠯᠢ ᠳᠤᠭ᠎ᠠ ᠲᠡᠶ ᠱᠠᠭ᠎ᠠ ᠪᠠᠨ ᠨᠡᠢ᠌ᠯᠡᠭᠦᠯᠵᠤ ᠳᠡᠭ᠍ᠰᠢᠭᠡᠨ ᠭᠠᠵᠠᠷ ᠲᠤ ᠵᠡᠷᠭᠡᠯᠡᠵᠤ ᠪᠣᠰᠬᠠᠭᠠᠤᠨ 5.6 ᠮᠸᠲ᠋ᠷ ᠬᠤᠯᠠ ᠵᠠᠢ ᠡᠴᠡ ᠦᠪᠡᠷ ᠤᠨ ᠳᠤᠰᠬᠠᠢ ᠪᠡᠯᠡᠳᠭᠡᠭ᠍ᠰᠡᠨ ᠱᠠᠭ᠎ᠠ ᠪᠠᠷ ᠶᠢᠡᠨ ᠴᠤᠭᠢᠨ᠎ᠠ᠃ ᠡᠨᠡᠭᠦ ᠳᠤᠰᠬᠠᠢ ᠪᠡᠯᠡᠳᠭᠡᠭ᠍ᠰᠡᠨ ᠱᠠᠭ᠎ᠠ ᠶᠢᠨ ᠶᠢᠡᠨ ᠣᠨᠤᠴᠠ ᠶᠢ ᠪᠣᠳᠤᠯᠭᠢᠯᠠᠵᠤ ᠰᠠᠢ᠌ᠬᠠᠨ ᠱᠦᠷᠭᠦᠭᠡᠵᠤ ᠵᠠᠰᠠᠬᠤ ᠪᠦᠭᠡᠳ ᠳᠠᠩ ᠤᠨ ᠣᠩᠬᠤᠷ ᠳᠤᠨᠢ ᠳᠤᠭᠤᠯᠭ᠎ᠠ ᠴᠢᠳᠬᠤᠵᠤ ᠴᠢᠩᠭᠦᠯᠳᠦᠭ᠍ᠳᠤ ᠱᠠᠭ᠎ᠠ ᠴᠤᠭᠢᠳᠠᠭ᠃ ᠭᠡᠳᠦᠢ ᠣᠨᠤᠭᠠᠵᠤ ᠳᠠᠢ᠌ᠯᠪᠠᠯ ᠳᠠᠳᠤᠢ ᠱᠥᠭᠦᠨ᠎ᠡ᠃

ᠱᠠᠭ᠎ᠠ ᠨᠠᠭᠠᠳᠤᠮ ᠳᠤ ᠠᠰᠠᠷᠤ ᠠᠴᠢ ᠬᠤᠯᠪᠣᠭᠳᠠᠯᠳᠠᠢ᠃ ᠨᠢᠭᠡ ᠳᠤ᠂ ᠮᠤᠩᠭ᠋ᠤᠯ ᠬᠡᠦᠬᠡᠳ ᠬᠠᠷᠠᠬᠠᠨ ᠪᠠᠭ᠎ᠠ ᠡᠴᠡ ᠪᠠᠨ ᠮᠠᠯ ᠣᠨᠤᠭ᠎ᠠ ᠪᠠᠨ ᠬᠠᠢ᠌ᠷᠠᠯᠠᠬᠤ ᠳᠠᠳᠬᠠᠯ ᠲᠡᠶ ᠪᠣᠯᠳᠠᠭ᠃ ᠱᠠᠭ᠎ᠠ ᠪᠠᠷ ᠨᠠᠭᠠᠳᠤᠶ᠎ᠠ ᠭᠡᠪᠠᠯ ᠣᠯᠠᠨ ᠱᠠᠭ᠎ᠠ ᠴᠤᠭᠯᠠᠭᠤᠯᠬᠤ ᠭᠡᠷᠡᠭ᠍ᠳᠡᠢ᠃ ᠣᠯᠠᠨ ᠱᠠᠭ᠎ᠠ ᠴᠤᠭᠯᠠᠭᠤᠯᠤᠶ᠎ᠠ ᠭᠡᠪᠠᠯ ᠮᠠᠯ ᠶᠢᠡᠨ ᠣᠯᠠᠨ ᠥᠰᠭᠡᠭᠦ ᠭᠡᠷᠡᠭ᠍ᠳᠡᠢ᠃ ᠮᠠᠯ ᠶᠢᠡᠨ ᠣᠯᠠᠨ ᠥᠰᠭᠡᠶ᠎ᠡ ᠭᠡᠪᠠᠯ ᠮᠠᠯ ᠶᠢᠡᠨ ᠬᠠᠢ᠌ᠷᠠᠯᠠᠨ ᠠᠷᠠᠴᠢᠯᠠᠬᠤ ᠭᠡᠷᠡᠭ᠍ᠳᠡᠢ᠃ ᠬᠤᠶᠠᠷ ᠲᠤ᠂ ᠮᠤᠩᠭ᠋ᠤᠯ ᠬᠡᠦᠬᠡᠳ ᠤᠨ ᠮᠠᠯᠵᠢᠯ ᠤᠨ ᠣᠢ᠌ᠯᠠᠳᠪᠣᠷᠢᠯᠠᠯ ᠳᠤ ᠣᠷᠮ᠎ᠠ ᠪᠠᠬᠠᠳᠠᠢ᠂ ᠳᠠᠮ ᠳᠠᠮᠵᠢᠶ᠎ᠠ ᠲᠡᠶ ᠪᠣᠯᠤᠨ᠎ᠠ᠃ ᠭᠤᠷᠪᠠ ᠳᠤ᠂ ᠭᠦᠮᠦᠰ ᠤᠨ ᠭᠠᠷ ᠭᠦᠯ ᠤᠨ ᠭᠦᠳᠡᠯᠭᠡᠭᠡᠨ ᠤ ᠬᠤᠷᠳᠤᠴᠠ ᠶᠢ ᠠᠭᠢᠭᠤᠯᠤᠨ ᠪᠣᠰᠢᠭᠤ ᠱᠠᠯᠠᠮᠠᠭᠠᠢ ᠪᠣᠯᠬᠤ ᠳᠠᠮᠢᠷ ᠤᠨ ᠪᠣᠯᠪᠠᠰᠤᠷᠠᠯ ᠤᠨ ᠣᠢ᠌ᠯᠠᠳᠤᠯ ᠲᠡᠶ᠃ ᠳᠦᠷᠪᠠ ᠳᠤ᠂ ᠨᠢᠳᠤᠨ ᠬᠠᠷᠠᠭ᠎ᠠ ᠶᠢ ᠬᠤᠷᠴᠠᠳᠬᠠᠨ᠂ ᠭᠠᠷ ᠤᠨ ᠳᠠᠮ ᠳᠡᠮᠳᠡᠭᠡ ᠶᠢ ᠪᠣᠯᠪᠠᠰᠤᠷᠠᠭᠤᠯᠬᠤ ᠣᠢ᠌ᠯᠠᠳᠤᠯ ᠲᠡᠶ᠃ ᠳᠠᠪᠣ ᠳᠤ᠂ ᠭᠦᠶ‍ᠦᠵᠤ ᠣᠷᠤᠯᠳᠤᠬᠤ ᠪᠣᠯᠪᠠᠰᠤᠷᠠᠯ ᠲᠡᠶ ᠪᠣᠯᠤᠨ᠎ᠠ᠃ ᠵᠢᠷᠭᠤᠭ᠎ᠠ ᠳᠤ᠂ ᠦᠷ᠎ᠡ ᠬᠡᠦᠬᠡᠳ ᠶᠢᠡᠨ ᠰᠤᠷᠭᠠᠬᠤ᠂ ᠪᠣᠯᠪᠠᠰᠤᠨ ᠭᠦᠮᠦᠵᠢᠯ ᠣᠯᠭᠤᠬᠤ ᠣᠢ᠌ᠯᠠᠳᠤᠯ ᠲᠡᠶ᠃

     ᠬᠤᠶᠠᠷ᠂ ᠪᠢᠯᠠᠭᠤ ᠰᠢᠳᠡᠭᠦ

ᠪᠢᠯᠠᠭᠤ ᠨᠠᠭᠠᠳᠤᠮ ᠪᠣᠯ ᠡᠷᠳᠡ ᠳᠡᠭᠡᠳᠤ ᠦᠶ᠎ᠡ ᠶᠢᠨ ᠮᠤᠩᠭ᠋ᠤᠯᠴᠤᠳ ᠤᠨ ᠠᠩ ᠠᠩᠨᠠᠯ᠂ ᠮᠠᠯ ᠮᠠᠯᠵᠢᠯ ᠪᠠ ᠦᠪᠡᠷ ᠤᠨ ᠪᠠᠶ᠎ᠠ ᠶᠢ ᠪᠠᠨ ᠬᠠᠮᠠᠭᠠᠯᠠᠬᠤ᠂ ᠳᠠᠢ᠌ᠨ ᠳᠠᠵᠢᠨ ᠪᠠᠢ᠌ᠯᠳᠤᠭᠠᠨ ᠭᠢᠭᠦ ᠵᠡᠷᠭᠡ ᠶᠢᠨ ᠠᠵᠢᠯᠯᠠᠭᠠᠨ ᠤ ᠭᠡᠷᠡᠭ᠍ᠴᠡᠭᠡ ᠪᠠᠷ ᠪᠣᠢ ᠪᠣᠯᠤᠭᠰᠠᠨ ᠨᠢᠭᠡ ᠵᠦᠢᠯ ᠤᠨ ᠪᠦᠳᠦᠭᠦᠯᠢᠭ᠌ ᠵᠡᠪᠰᠡᠭ᠌ ᠪᠣᠯᠬᠤ ᠶᠤᠮ᠃ ᠪᠠᠯᠠᠷ ᠡᠷᠳᠡᠨ ᠤ ᠦᠶ᠎ᠡ ᠶᠢᠨ ᠭᠦᠮᠦᠰ ᠤᠨ ᠮᠤᠳᠤ ᠴᠢᠯᠠᠭᠤ ᠶᠢ ᠢᠷᠯᠠᠵᠤ ᠦᠷᠤᠵᠤ ᠵᠡᠪᠰᠡᠭ᠌ ᠭᠢᠵᠤ ᠪᠠᠢ᠌ᠭᠰᠠᠨ ᠡᠴᠡ ᠪᠢᠯᠠᠭᠤ ᠨᠢ ᠬᠤᠵᠢᠮᠳᠠᠵᠤ ᠢᠷᠡᠭᠡᠳ ᠣᠳᠤ ᠶᠢᠨ ᠬᠡᠦᠬᠡᠳ ᠤᠨ ᠭᠦᠴᠤ ᠴᠢᠳᠠᠯ᠂ ᠣᠶᠤᠨ ᠣᠬᠠᠭᠠᠨ ᠶᠢᠡᠨ ᠮᠦᠷᠥᠴᠡᠭᠦ ᠨᠠᠭᠠᠳᠤᠮ ᠳᠤᠭᠯᠠᠭᠠᠮ ᠤᠨ ᠭᠡᠷᠡᠭᠯᠡᠭᠦᠷ ᠪᠣᠯᠤᠨ ᠭᠦᠭ᠍ᠵᠢᠭ᠍ᠰᠡᠨ ᠪᠠᠢ᠌ᠨ᠎ᠠ᠃ ᠪᠢᠯᠠᠭᠤ ᠶᠠᠩᠵᠤ ᠪᠦᠷᠢ ᠶᠢᠨ ᠪᠠᠢ᠌ᠳᠠᠭ ᠪᠣᠯᠪᠠᠴᠤ ᠬᠤᠷᠴᠢᠨ ᠨᠤᠳᠤᠭ ᠲᠤ ᠦᠪ ᠰᠤᠶᠤᠯ ᠪᠣᠯᠵᠤ ᠥᠯᠡᠳᠡᠭ᠍ᠳᠡᠵᠤ ᠢᠷᠡᠭ᠍ᠰᠡᠨ ᠨᠢ ᠣᠩᠭ᠋ᠤ ᠪᠢᠯᠠᠭᠤ᠂ ᠳᠡᠭᠦᠵᠢᠩ ᠪᠢᠯᠠᠭᠤ᠂ ᠬᠠᠶᠠᠮᠠᠯ ᠪᠢᠯᠠᠭᠤ ᠵᠡᠷᠭᠡ ᠭᠤᠷᠪᠠ ᠪᠠᠢ᠌ᠳᠠᠭ᠃ ᠪᠢᠯᠠᠭᠤ ᠶᠢ ᠵᠤᠬᠢᠶᠠᠬᠤ ᠳᠤ ᠭᠤᠤᠯᠳᠠᠭᠤ ᠳᠠᠭᠢᠷ ᠣᠷᠭᠤᠭᠰᠠᠨ ᠮᠤᠳᠤ ᠪᠣᠶᠤ ᠮᠤᠳᠤ ᠶᠢ ᠳᠠᠭᠢᠷᠯᠠᠨ ᠮᠤᠷᠣᠢ᠌ᠯᠭᠠᠵᠤ ᠦᠷᠤᠵᠤ ᠱᠦᠷᠭᠦᠭᠡᠨ ᠭᠢᠯᠦᠭᠡᠷ ᠪᠣᠯᠭᠠᠨ ᠭᠢᠳᠡᠭ᠌᠃ ᠬᠤᠷᠴᠢᠨ ᠨᠤᠳᠤᠭ ᠲᠤ ᠡᠷᠡᠭ᠍ᠳᠡᠢ ᠭᠦᠮᠤᠨ ᠪᠠᠷᠤᠭ ᠪᠠᠶ᠎ᠠ ᠡᠴᠡ ᠪᠠᠨ ᠰᠠᠯᠭᠠᠳᠠᠭ ᠦᠭᠡᠶ ᠰᠣᠢ᠌ᠷᠠᠵᠤ ᠶᠠᠪᠣᠳᠠᠭ᠃ ᠮᠠᠯ ᠳᠠᠷᠢᠶᠠᠨ ᠳᠤ ᠪᠠᠨ ᠶᠠᠪᠣᠬᠤ᠂ ᠬᠤᠯᠠ ᠶᠢᠨ ᠠᠶᠠᠨ ᠳᠤ ᠶᠠᠪᠣᠬᠤ᠂ ᠠᠩ ᠠᠪᠠ ᠳᠤ ᠭᠠᠷᠬᠤ ᠳᠤ ᠪᠠᠨ ᠣᠯᠠᠩᠭᠢ ᠡᠷᠡᠭ᠍ᠳᠡᠢ ᠭᠦᠮᠤᠨ ᠬᠤᠯᠠ ᠰᠢᠳᠡᠭᠦ ᠪᠣᠶᠤ ᠳᠤᠮᠤ ᠠᠷᠢᠶᠠᠳᠠᠨ ᠴᠤᠭᠢᠬᠤ ᠳᠤ ᠳᠤᠭᠢᠷᠠᠭᠰᠠᠨ ᠭᠡᠳᠤ ᠭᠡᠳᠤᠨ ᠪᠢᠯᠠᠭᠤ ᠶᠢ ᠠᠪᠴᠤ ᠵᠡᠭᠦᠵᠤ ᠶᠠᠪᠣᠳᠠᠭ ᠪᠢᠯᠠ᠃ ᠬᠡᠦᠬᠡᠳ ᠢ ᠪᠠᠭ᠎ᠠ ᠪᠠᠢ᠌ᠬᠤ ᠳᠤ ᠭᠡᠷ ᠤᠨ ᠡᠵᠡᠨ ᠪᠣᠶᠤ ᠬᠡᠦᠬᠡᠳ ᠤᠨ ᠠᠬᠠᠮᠠᠳ ᠭᠦᠮᠦᠰ ᠡᠴᠡ ᠪᠢᠯᠠᠭᠤ ᠭᠢᠵᠤ ᠪᠠᠯᠭᠡᠯᠡᠳᠡᠭ᠌ ᠣᠴᠢᠷ ᠲᠡᠶ᠃ ᠬᠡᠦᠬᠡᠳ ᠳᠡᠷᠡᠭᠦ ᠪᠢᠯᠠᠭᠤ ᠪᠠᠷ ᠶᠢᠡᠨ ᠬᠤᠯᠠ ᠰᠢᠳᠡᠭᠦ᠂ ᠪᠣᠰᠬᠠᠭᠰᠠᠨ ᠵᠣᠢ᠌ᠯ ᠢ ᠣᠨᠤᠭᠠᠵᠤ ᠰᠢᠳᠡᠭᠦ᠂ ᠥᠩᠭᠦᠷᠢᠵᠤ ᠶᠠᠪᠣᠭ᠎ᠠ ᠳᠤᠭᠤᠢ ᠶᠢ ᠣᠨᠤᠭᠠᠵᠤ ᠰᠢᠳᠡᠭᠦ ᠵᠡᠷᠭᠡ ᠨᠠᠭᠠᠳᠤᠮ ᠳᠤᠭᠯᠠᠭᠠᠮ ᠭᠢᠳᠡᠭ᠌᠃

ᠣᠩᠭ᠋ᠤ ᠪᠢᠯᠠᠭᠤ ᠪᠣᠯ ᠳᠠᠭᠢᠷ ᠮᠤᠳᠤ ᠪᠠᠨ ᠰᠠᠢ᠌ᠬᠠᠨ ᠱᠤᠯᠤᠵᠤ ᠱᠦᠷᠭᠦᠭᠡᠨ ᠭᠢᠯᠦᠭᠡᠷ ᠪᠣᠯᠭᠠᠭᠰᠠᠨ ᠤ ᠰᠡᠭᠦᠯᠡᠷ ᠳᠤᠯᠤᠭᠠᠢ ᠶᠢᠨ ᠳᠠᠯ᠎ᠠ ᠶᠢᠨ ᠥᠵᠦᠭᠦᠷ ᠲᠤ ᠨᠥᠭᠡ ᠴᠤᠭᠤᠯᠵᠤ ᠳᠠᠮᠤᠷ ᠪᠣᠶᠤ ᠳᠤᠭᠤᠯᠭ᠎ᠠ ᠶᠢ ᠣᠭᠯᠠᠵᠤ ᠭᠢᠭ᠍ᠰᠡᠨ ᠶᠤᠮ᠃ ᠳᠡᠭᠦᠨ ᠤ ᠳᠤᠰᠤᠯᠳᠠ ᠨᠢ ᠭᠦᠡᠳᠤ ᠪᠦᠭᠡᠳ ᠰᠢᠷᠬᠠᠳᠤᠭᠤᠯᠬᠤ ᠭᠦᠴᠤᠨ ᠶᠡᠭᠡ ᠪᠣᠯᠬᠤᠷ ᠭᠤᠤᠯᠳᠠᠭᠤ ᠠᠩ ᠭᠦᠷᠦᠭᠡ ᠭᠢᠭᠦ ᠳᠤ ᠭᠡᠷᠡᠭᠯᠡᠭ᠍ᠳᠡᠨ᠎ᠡ᠃ ᠳᠡᠭᠦᠵᠢᠩ ᠪᠢᠯᠠᠭᠤ ᠨᠢ ᠳᠠᠭᠢᠷ ᠮᠤᠳᠤᠨ ᠪᠢᠯᠠᠭᠤ ᠶᠢᠨ ᠶᠢᠡᠨ ᠳᠤᠯᠤᠭᠠᠢ ᠳᠠᠯ᠎ᠠ ᠶᠢᠨ ᠥᠵᠦᠭᠦᠷ ᠲᠤ ᠨᠥᠭᠡ ᠴᠤᠭᠤᠯᠵᠤ ᠭᠠᠤᠯᠢ᠂ ᠭᠦᠷᠡᠯ᠂ ᠳᠠᠮᠤᠷ᠂ ᠳᠤᠭᠤᠯᠠᠭ᠎ᠠ ᠵᠡᠷᠭᠡ ᠶᠢ ᠳᠠᠭᠢᠶᠠᠨ ᠥᠡᠳᠡᠭᠡ ᠡᠴᠡ ᠪᠠᠭ᠎ᠠ ᠰᠢᠭ᠌ ᠵᠢᠷᠦᠭᠡᠨ ᠭᠡᠯᠪᠠᠷᠢᠳᠡᠢ᠂ ᠡᠯᠭᠦᠭᠦ ᠵᠢᠵᠢᠭ᠌ ᠰᠠᠠᠵᠢ ᠲᠡᠶ ᠵᠤᠬᠢᠶᠠᠵᠤ ᠰᠤᠷ ᠣᠭᠤᠰᠤᠷ ᠶᠢᠡᠷ ᠬᠤᠯᠪᠤᠨ ᠳᠡᠭᠦᠵᠢᠯᠡᠳᠡᠭ᠌᠃ ᠳᠡᠭᠦᠵᠢᠩ ᠪᠢᠯᠠᠭᠤ ᠨᠢ ᠮᠦᠨ ᠠᠩ ᠭᠦᠷᠦᠭᠡ ᠭᠢᠭᠦ᠂ ᠪᠠᠶ᠎ᠠ ᠪᠠᠨ ᠬᠠᠮᠠᠭᠠᠯᠠᠬᠤ ᠳᠤ ᠰᠠᠢ᠌ᠨ ᠵᠡᠪᠰᠡᠭ᠌ ᠪᠣᠯᠬᠤ ᠪᠦᠭᠡᠳ ᠨᠠᠩ ᠴᠢᠬᠤᠯᠠ ᠨᠢ ᠳᠤᠪᠳᠤᠯᠤᠭ᠎ᠠ ᠮᠤᠷᠢᠨ ᠳᠡᠭᠡᠷ᠎ᠡ ᠡᠴᠡ ᠴᠢᠨ᠋ᠸ᠎ᠠ᠂ ᠥᠨᠡᠭᠡ᠂ ᠳᠠᠤᠯᠠᠢ ᠵᠡᠷᠭᠡ ᠶᠢ ᠴᠤᠭᠢᠬᠤ ᠳᠤ ᠳᠤᠩ ᠵᠤᠭᠢᠴᠠᠩᠭ᠋ᠤᠢ ᠪᠠᠢ᠌ᠳᠠᠭ᠃

ᠬᠠᠶᠠᠮᠠᠯ ᠪᠢᠯᠠᠭᠤ ᠶᠢ ᠵᠤᠬᠢᠶᠠᠬᠤ ᠳᠤ ᠪᠦᠳᠦᠭᠦᠨ ᠰᠢᠭ᠌ ᠳᠠᠭᠢᠷ ᠮᠤᠳᠤ ᠪᠣᠶᠤ ᠮᠠᠳᠠᠵᠤ ᠭᠢᠭ᠍ᠰᠡᠨ ᠮᠤᠳᠤ ᠪᠠᠨ ᠳᠤᠯᠤᠭᠠᠢ ᠶᠢᠨ ᠭᠡᠰᠡᠭ᠌ ᠢ ᠨᠢᠮᠭᠡᠯᠡᠵᠤ ᠬᠠᠪᠳᠠᠭᠠᠢ᠌ᠯᠠᠨ᠎ᠠ᠃ ᠬᠠᠪᠳᠠᠭᠠᠢ᠌ᠯᠠᠭᠰᠠᠨ ᠳᠤᠯᠤᠭᠠᠢ ᠶᠢᠨ ᠭᠡᠰᠡᠭ᠌ ᠲᠤ ᠳᠤᠭᠤᠯᠠᠭ᠎ᠠ ᠳᠠᠮᠤᠷ ᠭᠠᠤᠯᠢ ᠵᠡᠷᠭᠡ ᠶᠢ ᠰᠢᠭᠡᠳᠭᠡᠭᠦ ᠪᠠ ᠰᠢᠭᠡᠳᠭᠡᠭᠦ ᠦᠭᠡᠶ ᠬᠤᠶᠠᠷ ᠶᠠᠩᠵᠤ ᠪᠠᠷ ᠵᠤᠬᠢᠶᠠᠳᠠᠭ᠃ ᠳᠠᠮᠤᠷ ᠰᠢᠭᠡᠳᠭᠡᠯ ᠲᠡᠶ ᠬᠠᠶᠠᠮᠠᠯ ᠪᠢᠯᠠᠭᠤ ᠨᠢ ᠬᠤᠯᠠ ᠰᠢᠳᠡᠭᠦ ᠳᠤ ᠣᠨᠤᠴᠢᠳᠠᠢ ᠪᠣᠯᠬᠤᠷ ᠭᠡᠪᠳᠡᠭᠡ ᠳᠠᠤᠯᠠᠢ ᠶᠢ ᠴᠤᠭᠢᠬᠤ ᠪᠣᠶᠤ ᠨᠢᠰᠤᠨ ᠪᠣᠰᠤᠭᠰᠠᠨ ᠭᠤᠠᠭᠤᠤᠯ ᠢ ᠴᠤᠭᠢᠬᠤ ᠳᠤ ᠪᠦᠷ ᠳᠤᠭᠢᠷᠠᠳᠠᠭ ᠶᠤᠮ᠃ ᠳᠠᠮᠤᠷ ᠰᠢᠭᠡᠳᠭᠡᠯ ᠦᠭᠡᠶ ᠬᠠᠶᠠᠮᠠᠯ ᠪᠢᠯᠠᠭᠤ ᠶᠢ ᠭᠤᠤᠯᠳᠠᠭᠤ ᠮᠠᠯ ᠬᠠᠷᠢᠭᠤᠯᠬᠤ ᠳᠤ ᠭᠡᠷᠡᠭᠯᠡᠨ᠎ᠡ᠃

ᠪᠢᠯᠠᠭᠤ ᠰᠢᠳᠡᠭᠦ ᠣᠷᠤᠯᠳᠤᠭᠠᠨ ᠮᠦᠷᠥᠢ᠌ᠴᠡᠭᠡᠨ ᠨᠢ ᠭᠤᠤᠯᠳᠠᠭᠤ ᠵᠤᠭᠰᠤᠭ᠎ᠠ ᠪᠠᠷ ᠰᠢᠳᠡᠭᠦ᠂ ᠶᠠᠪᠠᠭᠠᠨ ᠰᠢᠳᠡᠭᠦ᠂ ᠭᠦᠶ‍ᠦᠳᠡᠯ ᠳᠡᠭᠡᠷ᠎ᠡ ᠰᠢᠳᠡᠭᠦ ᠪᠠ ᠮᠤᠷᠢᠨ ᠳᠠᠪᠭᠢᠭᠠᠨ ᠳᠤ ᠰᠢᠳᠡᠭᠦ ᠵᠡᠷᠭᠡ ᠪᠠᠢ᠌ᠳᠠᠭ ᠪᠦᠭᠡᠳ ᠡᠭᠦᠨ ᠤ ᠳᠤᠳᠤᠷ᠎ᠠ ᠨᠢ ᠬᠤᠯᠠ ᠰᠢᠳᠠᠵᠤ ᠭᠦᠴᠤ ᠮᠦᠷᠥᠢ᠌ᠴᠡᠭᠦ ᠪᠠ ᠣᠨᠤᠭ᠎ᠠ ᠰᠢᠳᠠᠵᠤ ᠮᠡᠷᠭᠡᠵᠢᠯ ᠮᠦᠷᠥᠢ᠌ᠴᠡᠳᠡᠭ᠌᠃ ᠬᠤᠯᠠ ᠰᠢᠳᠠᠯᠳᠠ ᠨᠢ ᠳᠠᠮᠢᠷ ᠳᠡᠩᠭᠡᠭᠡ ᠭᠦᠴᠤᠨ ᠴᠢᠳᠠᠯ ᠤᠨ ᠪᠣᠯᠪᠠᠰᠤᠷᠠᠯ ᠪᠣᠯᠬᠤ ᠳᠤ ᠣᠨᠤᠭ᠎ᠠ ᠰᠢᠳᠠᠯᠳᠠ ᠨᠢ ᠨᠢᠳᠤ ᠬᠤᠷᠴᠠ᠂ ᠭᠠᠷ ᠪᠣᠰᠢᠭᠤ᠂ ᠴᠢᠳᠠᠯ ᠰᠠᠢ᠌ᠳᠠᠢ ᠪᠠᠢ᠌ᠬᠤ ᠶᠢ ᠪᠣᠯᠪᠠᠰᠤᠷᠠᠳᠠᠭ ᠶᠤᠮ᠃ ᠣᠨᠤᠭ᠎ᠠ ᠴᠤᠭᠢᠬᠤ ᠵᠣᠢ᠌ᠯ ᠳᠤ ᠭᠠᠷᠬ᠎ᠠ ᠴᠤᠭᠢᠬᠤ᠂ ᠳᠢᠩᠭ᠋᠎ᠠ ᠴᠤᠭᠢᠬᠤ᠂ ᠮᠠᠨᠤᠤᠯ ᠴᠤᠭᠢᠬᠤ᠂ ᠭᠠᠯᠠᠭᠤ ᠴᠤᠭᠢᠬᠤ ᠮᠠᠳᠤ ᠣᠯᠠᠨ ᠳᠤᠭᠯᠠᠭᠠᠮ ᠪᠠᠢ᠌ᠳᠠᠭ᠃ ᠬᠤᠷᠴᠢᠨ ᠳᠤ ᠣᠳᠤ ᠪᠢᠯᠠᠭᠤ ᠪᠠᠨ ᠰᠣᠢ᠌ᠷᠠᠵᠤ ᠨᠤᠬᠠᠢ ᠪᠠᠨ ᠳᠠᠭᠠᠭᠤᠯᠤᠭᠠᠤᠨ ᠶᠠᠪᠣᠬᠤ ᠨᠢ ᠣᠠᠴᠠ ᠶᠢᠨ ᠰᠦᠷ ᠭᠡᠷᠡᠯᠳᠡᠢ ᠪᠣᠯᠵᠤ ᠬᠠᠷᠠᠭᠳᠠᠨ᠎ᠠ᠃

ᠪᠢᠯᠠᠭᠤ ᠶᠢ ᠪᠠᠰᠠ ᠣᠪᠣᠭ᠎ᠠ ᠱᠠᠩᠰᠢ ᠳᠠᠭᠢᠬᠤ ᠵᠡᠷᠭᠡ ᠶᠢᠨ ᠳᠠᠭᠢᠯᠭ᠎ᠠ ᠶᠢᠨ ᠨᠠᠢ᠌ᠷ ᠳᠡᠭᠡᠷ᠎ᠡ ᠡᠷ᠎ᠡ ᠶᠢᠨ ᠭᠤᠷᠪᠠᠨ ᠨᠠᠭᠠᠳᠤᠮ ᠳ᠋ᠤ ᠪᠠᠰᠠ ᠨᠢᠭᠡ ᠠᠭᠤᠯᠭ᠎ᠠ ᠪᠣᠯᠭᠠᠨ ᠣᠷᠤᠭᠤᠯᠵᠤ ᠬᠤᠯᠠ ᠰᠢᠳᠡᠭᠦ᠂ ᠣᠨᠤᠭᠠᠵᠤ ᠰᠢᠳᠡᠭᠦ ᠮᠠᠳᠤ ᠶᠢᠨ ᠣᠷᠤᠯᠳᠤᠭᠠᠨ ᠢ ᠶᠠᠩᠵᠤ ᠪᠦᠷᠢ ᠪᠠᠷ ᠶᠠᠪᠣᠭᠳᠠᠭᠤᠯᠳᠠᠭ᠃

ᠬᠤᠷᠴᠢᠨ ᠮᠤᠩᠭ᠋ᠤᠯᠴᠤᠳ ᠪᠢᠯᠠᠭᠤ ᠪᠠᠨ ᠳᠤᠩ ᠬᠠᠢ᠌ᠷᠠᠯᠠᠵᠤ ᠭᠦᠡᠳᠦᠳᠭᠡᠳᠡᠭ᠌᠃ ᠡᠩ ᠤᠨ ᠦᠶ᠎ᠡ ᠳᠤ ᠪᠢᠯᠠᠭᠤ ᠪᠠᠨ ᠭᠡᠷ ᠤᠨ ᠪᠠᠷᠠᠭᠤᠨ ᠬᠠᠨ᠎ᠠ ᠳᠤ ᠪᠠᠨ ᠳᠤᠯᠤᠭᠠᠢ ᠳᠠᠯ᠎ᠠ ᠪᠠᠷ ᠨᠢ ᠶᠡᠭᠡᠯᠡ ᠭᠢᠴᠢᠶᠡᠩᠭᠦᠢᠯᠡᠨ ᠡᠯᠭᠦᠵᠤ ᠳᠠᠯᠪᠢᠨ᠎ᠠ᠃ ᠮᠤᠩᠭ᠋ᠤᠯ ᠭᠦᠮᠤᠨ ᠪᠠᠷᠠᠭᠤᠨ ᠳᠠᠯ᠎ᠠ ᠶᠢ ᠳᠡᠭᠡᠷ᠎ᠡ ᠳᠠᠯ᠎ᠠ᠂ ᠪᠣᠷᠬᠠᠨ ᠤ ᠣᠷᠤᠨ ᠭᠡᠵᠤ ᠥᠵᠡᠳᠡᠭ᠌ ᠪᠣᠯᠬᠤᠷ ᠪᠢᠯᠠᠭᠤ ᠪᠠᠨ ᠪᠠᠷᠠᠭᠤᠨ ᠳᠠᠯ᠎ᠠ ᠳᠤ ᠪᠠᠨ ᠡᠯᠭᠦᠵᠤ ᠪᠠᠢ᠌ᠭ᠎ᠠ ᠨᠢ ᠮᠠᠰᠢ ᠭᠦᠡᠳᠦᠳᠭᠡᠵᠤ ᠪᠠᠢ᠌ᠭ᠎ᠠ ᠶᠢᠨ ᠢᠯᠠᠷᠠᠯ ᠮᠦᠨ᠃ ᠭᠠᠳᠠᠭᠰᠢ ᠭᠠᠷᠬᠤ ᠦᠶ᠎ᠡ ᠰᠣᠢ᠌ᠷᠠᠵᠤ ᠭᠠᠠᠵᠤᠭᠠᠯᠠᠵᠤ ᠶᠠᠪᠣᠬᠤ ᠳᠤ ᠪᠠᠨ ᠪᠦᠷ ᠳᠤᠯᠤᠭᠠᠢ ᠳᠠᠯ᠎ᠠ ᠪᠠᠷ ᠨᠢ ᠰᠣᠢ᠌ᠷᠠᠵᠤ ᠭᠠᠠᠵᠤᠭᠠᠯᠠᠳᠠᠭ ᠶᠤᠰᠤ ᠲᠡᠶ᠃ ᠪᠢᠯᠠᠭᠤ ᠪᠠᠨ ᠭᠠᠳᠠᠨ᠎ᠠ ᠳᠤᠳᠤᠨ᠎ᠠ ᠡᠷᠦᠢ ᠬᠤᠷᠤᠢ ᠦᠭᠡᠶ ᠬᠠᠶᠠᠬᠤ ᠦᠭᠡᠶ᠃ ᠭᠦᠮᠤᠨ ᠮᠠᠯ ᠤᠨ ᠭᠦᠯ ᠳᠤ ᠭᠡᠰᠭᠢᠭ᠍ᠳᠡᠭᠦ ᠡᠴᠡ ᠭᠢᠴᠢᠶᠠᠨ᠎ᠠ᠃ ᠭᠡᠷᠪᠡ ᠭᠦᠮᠤᠨ ᠮᠠᠯ ᠤᠨ ᠭᠦᠯ ᠳᠤ ᠭᠡᠰᠭᠢᠭ᠍ᠳᠡᠭ᠍ᠰᠡᠨ ᠪᠣᠯ ᠪᠢᠯᠠᠭᠤ ᠪᠣᠵᠠᠷᠳᠠᠯ᠎ᠠ ᠭᠡᠵᠤ ᠠᠭᠢ᠂ ᠭᠦᠵᠢ ᠪᠠᠷ ᠠᠷᠢᠭᠤᠳᠬᠠᠳᠠᠭ ᠪᠣᠶᠤ ᠠᠩ ᠤᠨ ᠠᠮᠢᠳᠤ ᠴᠢᠰᠤ ᠪᠠᠷ ᠮᠢᠯᠢᠶᠠᠵᠤ ᠷᠢᠳ᠋ᠢ ᠰᠢᠳ᠋ᠢ ᠶᠢ ᠨᠢ ᠰᠡᠷᠭᠦᠭᠡᠨ᠎ᠡ ᠭᠡᠳᠡᠭ᠌᠃ ᠠᠩ ᠳᠤ ᠭᠠᠷᠬᠤ ᠡᠴᠡ ᠪᠠᠨ ᠡᠮᠦᠨ᠎ᠡ ᠪᠠᠰᠠ ᠪᠢᠯᠠᠭᠤ ᠪᠠᠨ ᠠᠷᠢᠭᠤᠳᠬᠠᠵᠤ ᠠᠮᠢᠯᠠᠭᠤᠯᠳᠠᠭ᠃ ᠳᠠᠷᠤᠢ ᠠᠮᠢᠳᠠᠨ ᠤ ᠠᠮᠢᠳᠤ ᠴᠢᠰᠤ ᠪᠠᠷ ᠮᠢᠯᠢᠶᠠᠵᠤ ᠣᠯᠠᠢ᠌ᠳᠠᠢ ᠪᠣᠯᠭᠠᠨ᠎ᠠ ᠭᠡᠳᠡᠭ᠌᠃

      ᠭᠤᠷᠪᠠ᠂   ᠵᠢᠷᠭᠢᠭᠡ ᠨᠠᠭᠠᠳᠤᠮ

ᠵᠢᠷᠭᠢᠭᠡ ᠨᠠᠭᠠᠳᠤᠮ ᠪᠣᠯ ᠬᠤᠷᠴᠢᠨ ᠮᠤᠩᠭ᠋ᠤᠯ ᠬᠡᠦᠬᠡᠳ ᠤᠨ ᠪᠣᠳᠤᠵᠤ ᠰᠡᠳᠭᠢᠭᠦ ᠨᠠᠷᠢᠨ ᠨᠢᠭᠳᠠ᠂ ᠣᠢ᠌ᠯᠠ ᠭᠦᠳᠡᠯᠭᠡᠭᠡᠨ ᠭᠦᠩᠭᠡᠨ ᠱᠠᠯᠠᠮᠠᠭ᠂ ᠨᠢᠳᠤᠨ ᠬᠠᠷᠠᠴᠠ ᠬᠤᠷᠴᠠ ᠰᠤᠷᠭᠤᠭ ᠵᠡᠷᠭᠡ ᠳᠠᠯ᠎ᠠ ᠪᠠᠷ ᠪᠣᠯᠪᠠᠰᠤᠷᠠᠬᠤ ᠳ᠋ᠤ ᠠᠰᠢᠭᠳᠠᠢ ᠣᠶᠤᠨ ᠤ ᠮᠦᠷᠥᠢ᠌ᠴᠡᠭᠡᠨ ᠪᠣᠯᠬᠤ ᠭᠦᠯᠭᠡᠨ ᠳᠤᠭᠯᠠᠭᠠᠮ ᠶᠤᠮ᠃

ᠵᠢᠷᠭᠢᠭᠡ ᠭᠡᠳᠡᠭ᠌ ᠥᠭᠡ ᠪᠣᠯ ᠵᠡᠷᠭᠡᠴᠡᠵᠤ ᠠᠢ᠌ᠯᠰᠠᠬᠤ ᠭᠡᠰᠡᠨ ᠣᠤᠠᠬ᠎ᠠ ᠲᠡᠶ ᠡᠷᠳᠡᠨ ᠤ ᠮᠤᠩᠭ᠋ᠤᠯ ᠥᠭᠡ ᠪᠣᠯᠬᠤ ᠶᠤᠮ᠃ ᠬᠠᠭᠤᠴᠢ ᠰᠤᠳᠤᠯᠤᠯ ᠤᠨ ᠢᠯᠡᠷᠡᠭᠦᠯᠦᠯ ᠢ ᠦᠨᠳᠦᠰᠦᠯᠠᠪᠠᠯ᠂ ᠵᠢᠷᠭᠢᠭᠡ ᠭᠡᠳᠡᠭ᠌ ᠨᠠᠭᠠᠳᠤᠮ ᠨᠢ ᠣᠵᠤᠭᠤᠷ ᠰᠤᠶᠤᠯ ᠪᠣᠯᠬᠤ ᠶᠢ ᠭᠡᠷᠡᠴᠢᠯᠡᠨ᠎ᠡ᠃ ᠳᠠᠷᠠ ᠨᠢ ᠡᠷᠳᠡᠨ ᠤ ᠮᠤᠩᠭ᠋ᠤᠯᠴᠤᠳ ᠤᠨ ᠠᠩ ᠠᠩᠨᠠᠯ᠂ ᠮᠠᠯ ᠮᠠᠯᠵᠢᠯ ᠤᠨ ᠣᠢ᠌ᠯᠠᠳᠪᠣᠷᠢᠯᠠᠯ ᠠᠮᠢᠳᠤᠷᠠᠯ ᠤᠨ ᠥᠢᠯᠡᠳᠦᠯᠭᠡ ᠳᠤᠮᠳᠠ ᠪᠣᠢ ᠪᠣᠯᠤᠭᠰᠠᠨ ᠦᠨᠳᠦᠰᠦᠳᠠᠨ ᠤ ᠣᠠᠴᠠᠯᠢᠭ ᠲᠡᠶ ᠦᠪᠡᠷᠮᠢᠴᠠ ᠭᠡᠯᠪᠠᠷᠢ ᠶᠢᠨ ᠳᠤᠭᠯᠠᠭᠠᠮ ᠪᠣᠯᠤᠨ᠎ᠠ᠃

ᠬᠤᠷᠴᠢᠨ ᠮᠤᠩᠭ᠋ᠤᠯᠴᠤᠳ ᠤᠨ ᠵᠢᠷᠭᠢᠭᠡ ᠨᠠᠭᠠᠳᠤᠮ ᠤᠨ ᠳᠤᠭᠯᠠᠬᠤ ᠭᠡᠯᠪᠠᠷᠢ ᠨᠢ ᠶᠡᠷᠦᠩᠭᠡᠢ ᠳᠡᠭᠡᠨ ᠪᠣᠭᠤ ᠶᠢᠨ ᠵᠢᠷᠭᠢᠭᠡ ᠪᠣᠯᠤᠨ ᠵᠢᠷᠭᠢᠭᠦ ᠵᠢᠷᠭᠢᠭᠡ ᠭᠡᠵᠤ ᠬᠤᠶᠠᠷ ᠬᠤᠪᠢᠶᠠᠳᠠᠭ᠃ ᠪᠣᠭᠤ ᠶᠢᠨ ᠵᠢᠷᠭᠢᠭᠡ ᠳᠤ ᠬᠤᠷᠢᠨ ᠳᠦᠷᠪᠠᠨ ᠪᠣᠭᠤ ᠶᠢᠨ ᠵᠢᠷᠭᠢᠭᠡ᠂ ᠵᠢᠷᠠᠨ ᠳᠦᠷᠪᠠᠨ ᠪᠣᠭᠤ ᠶᠢᠨ ᠵᠢᠷᠭᠢᠭᠡ᠂ ᠶᠠᠷᠡᠨ ᠵᠢᠷᠭᠤᠭᠠᠨ ᠪᠣᠭᠤ ᠶᠢᠨ ᠵᠢᠷᠭᠢᠭᠡ ᠭᠡᠵᠤ ᠪᠠᠢ᠌ᠳᠠᠭ ᠪᠣᠯᠪᠠᠴᠤ ᠬᠡᠦᠬᠡᠳ ᠤᠨ ᠳᠤᠭᠯᠠᠭᠠᠮ ᠳᠤ ᠨᠠᠩ ᠢᠯᠡᠭᠦᠤ ᠳᠤᠭᠢᠷᠠᠯᠴᠠᠬᠤ ᠨᠢ ᠬᠤᠷᠢᠨ ᠳᠦᠷᠪᠠᠨ ᠪᠣᠭᠤ ᠶᠢᠨ ᠵᠢᠷᠭᠢᠭᠡ ᠪᠣᠯᠤᠨ᠎ᠠ᠃ ᠵᠢᠷᠭᠢᠭᠦ ᠵᠢᠷᠭᠢᠭᠡ ᠳᠤ ᠠᠷᠪᠠᠨ ᠬᠤᠶᠠᠷ ᠵᠢᠷᠭᠢᠭᠡ᠂ ᠦᠮᠦᠳᠦᠨ ᠠᠯᠠ ᠶᠢᠨ ᠵᠢᠷᠭᠢᠭᠡ᠂ ᠶ‍ᠢᠰᠤᠨ ᠣᠬᠠᠭᠠᠨ ᠤ ᠵᠢᠷᠭᠢᠭᠡ ᠵᠡᠷᠭᠡ ᠪᠠᠢ᠌ᠳᠠᠭ᠃

ᠪᠣᠭᠤ ᠶᠢᠨ ᠵᠢᠷᠭᠢᠭᠡ ᠶᠢᠨ ᠬᠠᠮᠤᠭ ᠤᠨ ᠦᠷᠭᠡᠨ ᠭᠡᠪᠴᠢᠶ᠎ᠡ ᠲᠡᠶ ᠣᠯᠠᠮᠵᠢᠯᠠᠭᠳᠠᠭᠰᠠᠨ ᠨᠢ ᠬᠤᠷᠢᠨ ᠳᠦᠷᠪᠠᠨ ᠪᠣᠭᠤ ᠶᠢᠨ ᠵᠢᠷᠭᠢᠭᠡ ᠪᠣᠯᠤᠨ᠎ᠠ᠃ ᠳᠡᠭᠦᠨ ᠤ ᠭᠦᠯᠭᠡ ᠨᠢ ᠳᠡᠭ᠍ᠰᠢ ᠳᠦᠷᠪᠠᠯᠵᠢᠨ ᠭᠡᠯᠪᠠᠷᠢᠳᠡᠢ᠃ ᠠᠷᠪᠠᠨ ᠵᠢᠷᠭᠤᠭᠠᠨ ᠳᠦᠷᠪᠠᠯᠵᠢᠨ ᠴᠤᠩᠬᠤ ᠶᠢ ᠵᠢᠰᠢᠭᠦᠯᠤᠨ ᠣᠭᠳᠤᠯᠤᠯᠴᠠᠭᠰᠠᠨ ᠭᠤᠷᠪᠠᠨ ᠣᠳᠠᠰᠤ ᠪᠠᠷ ᠬᠤᠪᠢᠶᠠᠵᠤ᠂ ᠬᠤᠷᠢᠨ ᠳᠦᠷᠪᠠᠨ ᠴᠡᠭ᠌ ᠶᠢᠡᠷ ᠪᠦᠷᠢᠯᠳᠦᠳᠡᠭ᠌ ᠪᠠ ᠡᠰᠡᠷᠭᠦ ᠬᠤᠶᠠᠷ ᠳᠠᠯ᠎ᠠ ᠳᠤ ᠵᠢᠰᠢᠭᠦᠯᠵᠢᠨ ᠣᠭᠳᠤᠯᠤᠭᠠᠰᠤ ᠶᠢᠨ ᠦᠷᠭᠦᠯᠵᠢᠯᠡᠯ ᠶᠢᠡᠷ ᠳᠤᠰᠪᠣᠷᠢ ᠨᠢᠭᠡ ᠵᠢᠵᠢᠭ᠌ ᠳᠡᠭ᠍ᠰᠢ ᠳᠦᠷᠪᠠᠯᠵᠢᠨ ᠵᠢᠷᠤᠵᠤ ᠳᠦᠷᠪᠠᠨ ᠥᠡᠴᠦᠭ᠌ ᠢ ᠨᠢ ᠬᠤᠯᠪᠣᠭᠠᠤᠨ ᠠᠭᠤᠯᠠ ᠭᠡᠵᠤ ᠨᠡᠷᠡᠯᠡᠳᠡᠭ᠌᠃ ᠡᠨᠡᠭᠦ ᠨᠠᠭᠠᠳᠤᠮ ᠢ ᠬᠤᠶᠠᠷ ᠭᠦᠮᠤᠨ ᠨᠠᠭᠠᠳᠭᠤ ᠳᠤ ᠪᠠᠨ ᠨᠢᠭᠡ ᠨᠢ ᠬᠤᠷᠢᠨ ᠳᠦᠷᠪᠠᠨ ᠨᠤᠬᠠᠢ (ᠴᠢᠯᠠᠭᠤ ᠱᠠᠭ᠎ᠠ ᠵᠡᠷᠭᠡ ᠪᠠᠷ ᠣᠷᠤᠯᠠᠭᠤᠯᠳᠠᠭ) ᠠᠪᠴᠤ᠂ ᠨᠥᠭᠦᠭᠡ ᠨᠢ ᠬᠤᠶᠠᠷ ᠪᠣᠭᠤ (ᠨᠤᠬᠠᠢ ᠡᠴᠡ ᠢᠯᠭᠠᠭᠳᠠᠬᠤ ᠴᠢᠯᠠᠭᠤ᠂ ᠱᠠᠭ᠎ᠠ ᠵᠡᠷᠭᠡ) ᠠᠪᠳᠠᠭ᠃ ᠨᠤᠬᠠᠢ ᠠᠪᠣᠭᠰᠠᠨ ᠡᠳᠡᠭᠡᠳ ᠨᠢ ᠣᠷᠢᠳᠠᠪᠠᠷ ᠭᠦᠯᠭᠡ ᠶᠢᠨ ᠳᠤᠳᠤᠷ᠎ᠠ ᠣᠳᠠᠰᠤᠨ ᠤ ᠨᠢ᠋ᠮᠠᠨ ᠴᠢᠭ᠌ ᠲᠤ ᠳᠤᠰᠪᠦᠷᠢ ᠨᠢ᠋ᠮᠠᠨ ᠨᠤᠬᠠᠢ ᠦᠷᠤᠵᠤ  ᠂ ᠪᠣᠭᠤ ᠠᠪᠣᠭᠰᠠᠨ ᠡᠳᠡᠭᠡᠳ ᠨᠢ ᠬᠤᠶᠠᠷ ᠠᠭᠤᠯᠠᠨ ᠤ ᠠᠮᠠᠨ ᠳᠤ ᠳᠤᠰᠪᠣᠷᠢ ᠨᠢᠭᠡ ᠪᠣᠬ᠎ᠠ ᠪᠠᠨ ᠪᠠᠢ᠌ᠷᠢᠰᠢᠭᠤᠯᠳᠠᠭ᠃ ᠳᠡᠭᠡᠭᠡᠳ ᠪᠣᠭᠤ ᠠᠪᠣᠭᠰᠠᠨ ᠨᠢ ᠣᠷᠢᠳᠠᠪᠠᠷ ᠶᠠᠪᠣᠵᠤ ᠨᠤᠬᠠᠢ ᠶᠢᠨ ᠳᠡᠭᠡᠭᠦᠷ ᠦᠰᠦᠷᠤᠨ ᠭᠠᠷᠪᠠᠯ ᠨᠤᠬᠠᠢ ᠶᠢ ᠠᠯᠠᠭᠰᠠᠨ ᠳᠤ ᠳᠤᠭᠠᠴᠢᠵᠤ ᠭᠦᠯᠭᠡ ᠡᠴᠡ ᠪᠠᠭᠤᠯᠭᠠᠳᠠᠭ᠃ ᠵᠠᠷᠢᠮ ᠭᠠᠵᠠᠷ ᠲᠤ ᠪᠠᠰᠠ ᠢᠳᠡᠭᠦ ᠭᠡᠳᠡᠭ᠌᠃ ᠨᠢᠭᠡ ᠡᠭᠡᠯᠵᠢᠨ ᠳ᠋ᠤ ᠨᠢᠭᠡᠯᠡ ᠨᠤᠬᠠᠢ ᠶᠠᠪᠣᠬᠤ ᠪᠦᠭᠡᠳ ᠭᠦᠯᠭᠡᠨ ᠳᠤ ᠠᠩᠬ᠎ᠠ ᠨᠢ᠋ᠮᠠ ᠶᠢ᠌ ᠦᠷᠤᠵᠤ᠂ ᠭᠠᠷ ᠲᠤ ᠥᠯᠡᠳᠡᠭ᠍ᠰᠡᠨ ᠠᠷᠪᠠᠨ ᠵᠢᠷᠭᠤᠭ᠎ᠠ ᠪᠠᠨ ᠳᠠᠯᠪᠢᠵᠤ ᠪᠠᠷᠠᠪᠠᠯ ᠭᠦᠯᠭᠡᠨ ᠳᠤ ᠪᠠᠢ᠌ᠷᠢᠰᠢᠭᠤᠯᠤᠭᠰᠠᠨ ᠨᠤᠬᠠᠢ ᠪᠠᠨ ᠨᠢᠭᠡ ᠨᠢᠭᠡ ᠠᠯᠬᠤᠮ ᠰᠢᠯᠵᠢᠭᠦᠯᠦᠨ᠎ᠡ᠃ ᠪᠣᠭᠤ᠂ ᠨᠤᠬᠠᠢ ᠶᠢᠨ ᠳᠡᠭᠡᠭᠦᠷ ᠦᠰᠦᠷᠴᠤ ᠭᠠᠷᠤᠭᠠᠤᠨ᠂ ᠭᠤᠷᠪᠠᠳᠠᠭᠢ ᠰᠠᠭᠤᠳᠠᠯ ᠰᠠᠭᠤᠪᠠᠯ ᠳᠠᠷᠠ ᠶᠢ ᠠᠯᠠᠭᠳᠠᠭᠰᠠᠨ ᠪᠣᠶᠤ ᠢᠳᠡᠭ᠍ᠳᠡᠭ᠍ᠰᠡᠨ ᠶᠢᠡᠷ ᠪᠣᠳᠤᠵᠤ᠂ ᠭᠦᠯᠭᠡᠨ ᠡᠴᠡ ᠪᠠᠭᠤᠯᠭᠠᠳᠠᠭ ᠪᠣᠯᠬᠤᠷ᠂ ᠨᠤᠬᠠᠢ ᠪᠠᠨ ᠪᠠᠢ᠌ᠷᠢᠰᠢᠭᠤᠯᠬᠤ ᠳᠤ ᠪᠣᠭᠤ ᠶᠢᠨ ᠥᠰᠦᠷᠭᠦ ᠭᠦᠯ ᠢ ᠬᠠᠰᠢᠵᠤ ᠬᠤᠷᠢᠭᠯᠠᠬᠤ ᠵᠤᠷᠢᠯᠭ᠎ᠠ ᠲᠡᠶ ᠳᠠᠯᠪᠢᠨ᠎ᠠ᠂ ᠠᠯᠬᠤᠮ ᠪᠦᠷᠢ ᠳᠤ ᠪᠠᠨ ᠪᠣᠳᠤᠯ ᠲᠡᠶ ᠠᠯᠤᠰ ᠬᠤᠯᠠ ᠶᠢᠨ ᠬᠠᠷᠠᠯᠳᠠ ᠲ᠋ᠠᠢ ᠶᠠᠪᠣᠬᠤ ᠶᠢ ᠴᠢᠬᠤᠯᠴᠢᠯᠠᠳᠠᠭ᠃ ᠢᠩᠭᠢᠭᠡᠳ ᠬᠠᠮᠤᠭ ᠰᠡᠭᠦᠯ ᠳ᠋ᠤᠨᠢ ᠪᠣᠭᠤ ᠶᠢ ᠶᠠᠪᠣᠬᠤ ᠭᠠᠵᠠᠷ ᠦᠭᠡᠶ ᠪᠣᠯᠭᠠᠪᠠᠯ ᠢᠯᠠᠭᠰᠠᠨ ᠳᠤ ᠳᠤᠭᠠᠴᠢᠭᠳᠠᠨ᠎ᠠ᠃ ᠭᠡᠷᠪᠡ ᠨᠤᠬᠠᠢ ᠪᠠᠨ ᠪᠠᠢ᠌ᠷᠢᠰᠢᠭᠤᠯᠬᠤ ᠳᠤ ᠪᠠᠨ ᠠᠷᠪᠢᠨ ᠢᠳᠡᠭ᠍ᠳᠡᠵᠤ᠂ ᠪᠣᠭᠤ ᠶᠢ ᠬᠤᠷᠢᠵᠤ ᠳᠡᠢ᠌ᠯᠭᠦ ᠦᠭᠡᠶ ᠪᠣᠯ ᠢᠯᠠᠭᠳᠠᠭᠰᠠᠨ ᠳᠤ ᠳᠤᠭᠠᠴᠢᠭᠳᠠᠨ᠎ᠠ᠃ ᠵᠢᠷᠠᠨ ᠳᠦᠷᠪᠠᠨ ᠪᠣᠭᠤ ᠶᠢᠨ ᠵᠢᠷᠭᠢᠭᠡ ᠪᠠ ᠶᠠᠷᠡᠨ ᠵᠢᠷᠭᠤᠭᠠᠨ ᠪᠣᠭᠤ ᠶᠢᠨ ᠵᠢᠷᠭᠢᠭᠡ ᠶᠢᠨ ᠨᠠᠭᠠᠳᠬᠤ ᠶᠤᠰᠤ ᠨᠢ ᠠᠳᠠᠯᠢᠬᠠᠨ᠃ ᠬᠠᠷᠢᠨ ᠵᠢᠷᠠᠨ ᠳᠦᠷᠪᠠᠨ ᠪᠣᠭᠤ ᠶᠢᠨ ᠵᠢᠷᠭᠢᠭᠡ ᠨᠢ ᠳᠦᠷᠪᠠᠨ ᠪᠣᠭᠤ᠂ ᠵᠢᠷᠠᠨ ᠳᠦᠷᠪᠠᠨ ᠨᠤᠬᠠᠢ ᠲᠡᠶ ᠪᠠ ᠶᠠᠷᠡᠨ ᠵᠢᠷᠭᠤᠭᠠᠨ ᠪᠣᠭᠤ ᠶᠢᠨ ᠵᠢᠷᠭᠢᠭᠡ ᠨᠢ ᠨᠢ᠋ᠮᠠᠨ ᠪᠣᠭᠤ ᠲᠡᠶ᠂ ᠶᠠᠷᠡᠨ ᠵᠢᠷᠭᠤᠭᠠᠨ ᠨᠤᠬᠠᠢ ᠲᠡᠶ ᠪᠠᠢ᠌ᠳᠠᠭ᠃

ᠵᠢᠷᠭᠢᠭᠦ ᠵᠢᠷᠭᠢᠭᠡ ᠶᠢᠨ ᠭᠦᠯᠭᠡ ᠪᠣᠯ ᠳᠠᠭᠢᠨ ᠤ ᠶᠡᠭᠡᠰᠭᠡᠯ ᠲᠡᠶ ᠪᠠᠭ᠎ᠠ᠂ ᠳᠤᠮᠳᠠ᠂ ᠶᠡᠭᠡ ᠭᠤᠷᠪᠠᠨ ᠳᠡᠭ᠍ᠰᠢ ᠳᠦᠷᠪᠠᠯᠵᠢᠨ ᠢ ᠣᠭᠰᠠᠷᠠᠭᠤᠯᠤᠨ ᠵᠢᠷᠤᠭᠠᠤᠨ ᠳᠡᠳᠡᠭᠡᠷ ᠤᠨ ᠳᠦᠷᠪᠠᠨ ᠥᠡᠴᠦᠭ᠌ ᠪᠣᠯᠤᠨ ᠬᠠᠵᠠᠭᠤ ᠶᠢᠨ ᠳᠤᠮᠳᠠᠴᠢ ᠴᠢᠭ᠌ ᠢ ᠰᠢᠯᠤᠭᠤᠨ ᠶᠢᠡᠷ ᠬᠤᠯᠪᠣᠭᠰᠠᠨ ᠬᠤᠷᠢᠨ ᠳᠦᠷᠪᠠᠨ ᠰᠠᠭᠤᠳᠠᠯ ᠲᠡᠶ ᠪᠠᠢ᠌ᠳᠠᠭ᠃ ᠵᠢᠷᠭᠢᠭᠦ ᠵᠢᠷᠭᠢᠭᠡ ᠶᠢ ᠬᠤᠶᠠᠷ ᠭᠦᠮᠤᠨ ᠨᠠᠭᠠᠳᠳᠠᠭ᠃ ᠬᠤᠶᠠᠭᠤᠯᠠ ᠳᠤᠰᠪᠣᠷᠢ ᠠᠷᠪᠠᠨ ᠬᠤᠶᠠᠷ ᠨᠤᠬᠠᠢ ᠠᠪᠴᠤ ᠨᠢᠭᠡ ᠰᠢᠯᠤᠭᠤᠨ ᠳᠡᠭᠡᠷᠡᠭᠢ ᠭᠤᠷᠪᠠᠨ ᠰᠠᠭᠤᠳᠠᠯ ᠢ ᠡᠵᠡᠯᠡᠵᠤ ᠠᠪᠬᠤ ᠪᠠᠷ ᠳᠡᠮᠡᠴᠡᠯᠳᠦᠳᠡᠭ᠌᠃ ᠭᠡᠨ ᠨᠢ ᠨᠢᠭᠡ ᠰᠢᠯᠤᠭᠤᠨ ᠳᠡᠭᠡᠷᠡᠭᠢ ᠭᠤᠷᠪᠠᠨ ᠰᠠᠭᠤᠳᠠᠯ ᠢ ᠡᠵᠡᠯᠡᠪᠠᠯ ᠨᠥᠭᠦᠭᠡ ᠡᠳᠡᠭᠡᠳ ᠤᠨ ᠶᠢᠡᠨ ᠭᠦᠯᠭᠡᠨ ᠳᠤ ᠪᠠᠢ᠌ᠷᠢᠰᠢᠭᠤᠯᠤᠭᠰᠠᠨ ᠨᠤᠬᠠᠢ ᠡᠴᠡ ᠦᠪᠡᠷ ᠲᠤ ᠪᠠᠨ ᠠᠰᠢᠭᠳᠠᠢ ᠭᠡᠰᠡᠨ ᠨᠢᠭᠡ ᠶᠢ ᠢᠳᠠᠯ᠎ᠠ ᠭᠡᠵᠤ ᠳᠡᠮᠳᠡᠭ᠌ ᠳᠠᠯᠪᠢᠳᠠᠭ᠃ ᠡᠨᠡ ᠮᠠᠳᠤ ᠪᠠᠷ ᠭᠠᠷ ᠳ᠋ᠠᠭᠢ ᠠᠷᠪᠠᠨ ᠬᠤᠶᠠᠷ ᠨᠤᠬᠠᠢ ᠪᠠᠨ ᠲ᠋ᠠᠯᠪᠢᠵᠤ ᠪᠠᠷᠠᠪᠠᠯ ᠭᠦᠯᠭᠡᠨ ᠳᠤ ᠪᠠᠢ᠌ᠷᠢᠰᠢᠭᠤᠯᠤᠭᠰᠠᠨ ᠨᠤᠬᠠᠢ ᠪᠠᠨ ᠭᠦᠳᠡᠯᠭᠡᠵᠤ᠂ ᠠᠳᠠᠯᠢ ᠶᠤᠰᠤ ᠪᠠᠷ ᠨᠠᠭᠠᠳᠤᠨ᠎ᠠ᠃ ᠢᠩᠭᠢᠭᠡᠳ ᠨᠤᠬᠠᠢ ᠪᠠᠨ ᠠᠷᠪᠢᠨ ᠢᠳᠡᠭᠦᠯᠦᠭ᠍ᠰᠡᠨ ᠨᠢ ᠭᠦᠴᠤᠨ ᠮᠡᠭᠦᠰᠳᠡᠵᠤ ᠱᠥᠭᠦᠭ᠍ᠳᠡᠳᠡᠭ᠌᠃   

ᠵᠢᠷᠭᠢᠭᠡ ᠨᠠᠭᠠᠳᠤᠮ ᠪᠣᠯ ᠦᠨᠢ ᠣᠳᠠᠭᠠᠨ ᠤ ᠣᠯᠠᠮᠵᠢᠯᠠᠯᠳᠤ ᠳᠡᠦᠭᠡ ᠲᠡᠶ᠂ ᠦᠷᠭᠡᠨ ᠳᠡᠯᠭᠡᠷ ᠳᠠᠷᠬᠠᠯᠳᠠ ᠶᠢᠨ ᠭᠠᠵᠠᠷ ᠲᠡᠶ᠂ ᠰᠤᠷᠬᠤ ᠳᠤ ᠳᠦᠭᠦᠮ ᠰᠤᠳᠤᠯᠬᠤ ᠳᠤ ᠪᠣᠳᠤᠯᠢᠶᠠᠠᠳᠠᠢ᠂ ᠨᠠᠭᠠᠳᠬᠤ ᠳᠤ ᠣᠷᠮᠠᠳᠠᠢ᠂ ᠣᠷᠤᠯᠳᠤᠬᠤ ᠳᠤ ᠪᠠᠬᠠᠳᠠᠢ᠂ ᠣᠠᠴᠠ ᠶᠢᠨ ᠭᠡᠷᠡᠭ᠍ᠰᠡᠯ ᠭᠡᠷᠡᠭ᠍ᠰᠡᠭᠦ ᠦᠭᠡᠶ᠂ ᠣᠷᠤᠨ ᠵᠠᠢ ᠳᠤ ᠭᠢᠵᠠᠭᠠᠷᠯᠠᠭᠳᠠᠬᠤ ᠦᠭᠡᠶ᠂ ᠣᠶᠤᠨ ᠢ ᠪᠣᠯᠪᠠᠰᠤᠷᠠᠭᠤᠯᠤᠨ ᠣᠬᠠᠭᠠᠨ ᠢ ᠰᠡᠷᠭᠡᠭ᠍ᠵᠢᠭᠦᠯᠵᠤ ᠣᠠᠴᠠᠭᠠᠢ᠌ᠯᠠᠨ ᠬᠡᠦᠬᠡᠳ ᠤᠨ ᠭᠧᠦᠮᠸᠲ᠋ᠷ ᠤᠨ ᠣᠬᠠᠭᠠᠨ ᠤ ᠮᠡᠳᠡᠯᠭᠡ ᠶᠢ ᠡᠵᠡᠮᠰᠢᠭᠦ ᠳᠤ ᠳᠤᠩ ᠶᠡᠭᠡ ᠳᠡᠮᠵᠢᠯᠭᠡ ᠪᠣᠯᠬᠤ ᠣᠴᠢᠷᠳᠠᠢ᠃


     ᠠᠰᠢᠭᠯᠠᠭᠰᠠᠨ ᠮᠠᠲ᠋ᠸᠷᠢᠶᠠᠯ  

1.  ᠮᠠᠠᠰᠠᠩ ᠤᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1985 ᠣᠨ᠃

2. 《ᠮᠤᠩᠭ᠋ᠤᠯ ᠵᠠᠩ ᠣᠢ᠌ᠯᠠ ᠶᠢᠨ ᠨᠡᠪᠳᠡᠷᠭᠡᠢ ᠳᠤᠯᠢ》 ᠣᠶᠤᠨ ᠤ ᠪᠣᠳᠢ᠂ ᠦᠪᠣᠷ ᠮᠤᠩᠭ᠋ᠤᠯ ᠤᠨ ᠰᠢᠡᠵᠢᠯᠡᠭᠦ ᠤᠬᠠᠭᠠᠨ ᠲ᠋ᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ  ᠂ 1999 ᠣᠨ᠃

3. ᠬᠠ᠊ · ᠳ᠋ᠠᠮᠪᠢᠵᠠᠯᠰᠠᠨ ᠡᠷᠭᠢᠯᠡᠨ ᠨᠠᠢ᠌ᠷᠠᠭᠤᠯᠤᠭᠰᠠᠨ 《ᠮᠤᠩᠭ᠋ᠤᠯ ᠵᠠᠩ ᠣᠢ᠌ᠯᠠ ᠶᠢᠨ ᠵᠦᠢ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ · 1995 ᠣᠨ᠃

  


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7336
ᠴᠠᠭ᠄ 2011 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ