ᠪᠣᠳᠤᠯ ᠤᠨ ᠭᠦᠨ ᠳᠤ ᠰᠡᠭᠦᠳᠡᠷ ᠬᠤᠨᠤᠭᠰᠢᠨ᠎ᠠ

ᠣᠶᠠᠩᠭ᠋ᠠᠷᠠᠨ ᠣᠶᠠᠩᠭ᠋ᠠᠷᠠᠨ ᠰᠤᠨᠤᠷᠳᠠᠵᠤ

ᠭᠡᠳᠡᠷᠭᠡᠨ ᠤ ᠨᠠᠮᠤᠭᠤᠬᠠᠨ ᠱᠤᠤᠭᠢᠶ᠎ᠠ ᠥᠩᠭᠡᠷᠡᠨ᠎ᠡ

ᠣᠴᠢᠷᠯᠠᠨ ᠣᠴᠢᠷᠯᠠᠨ ᠰᠡᠳᠭᠢᠭᠦᠯᠵᠤ

ᠠᠳᠤᠭᠤᠳ ᠤᠨ ᠢᠠᠴᠠᠭᠠᠯ ᠵᠠᠩᠭᠢᠷᠠᠵᠤ ᠬᠤᠯᠠᠳᠠᠨ᠎ᠠ


ᠲ᠋ᠠᠷᠠ ᠬᠤᠯᠠ ᠶᠢᠨ ᠵᠤᠷᠢᠮᠠᠭ ᠠᠶᠠᠯᠠᠯ

ᠳᠡᠷᠳᠡᠭᠡ ᠡᠷᠭᠢ ᠳᠤ ᠴᠡᠴᠡᠭᠯᠡᠵᠤ ᠦᠵᠡᠨ᠎ᠠ

ᠳᠠᠮᠠᠤᠯᠠᠵᠤ ᠮᠤᠷᠳᠠᠬᠤ ᠭᠡᠪᠠᠷᠡᠭ‍ᠭᠡᠨ ᠰᠡᠳᠭᠢᠯ

ᠡᠨᠡᠳᠡᠭᠡ ᠭᠦᠪᠠᠭᠡᠨ ᠳᠤ ᠨᠢ ᠨᠤᠷᠠᠵᠤ ᠴᠤ ᠦᠵᠡᠨ᠎ᠠ


ᠽᠡᠡᠪᠦᠯᠢᠭ᠌ ᠤᠨ ᠣᠶᠠᠬᠠᠨ ᠵᠠᠢ ᠳᠤ

ᠰᠠᠨᠠᠭ᠎ᠠ ᠣᠬᠠᠭ᠎ᠠ ᠳᠦᠭᠡᠷᠢᠵᠤ ᠨᠢᠭᠡ ᠦᠵᠡᠨ᠎ᠠ

ᠴᠠᠭ ᠡᠴᠡ ᠪᠠᠨ ᠬᠤᠵᠢᠳᠠᠭᠰᠠᠨ ᠴᠠᠭᠢᠷᠮ᠎ᠠ ᠴᠡᠴᠡᠭ᠌

ᠵᠤᠨ ᠤ ᠰᠡᠭᠦᠯᠴᠢ ᠪᠠᠷ ᠪᠦᠮᠪᠦᠭᠡᠯᠡᠵᠤ ᠪᠠᠰᠠ ᠨᠢᠭᠡ ᠦᠵᠡᠨ᠎ᠠ


ᠲ᠋ᠠᠯ᠎ᠠ ᠶᠢᠨ ᠴᠢᠯᠦᠭᠡ ᠪᠠᠷ ᠦᠯᠦᠰᠭᠦᠯᠡᠩ ᠬᠤᠨᠢᠳ

ᠳᠠᠭᠠᠨ᠎ᠠ ᠡᠷᠢᠭᠡᠳ ᠭᠦᠶ‍ᠦᠯᠳᠦᠵᠤ ᠦᠵᠡᠨ᠎ᠠ

ᠳᠠᠷᠢᠶᠠᠨ ᠵᠠᠬ᠎ᠠ ᠪᠠᠷ ᠳᠠᠷᠳᠠᠭᠰᠠᠨ ᠮᠠᠯᠴᠢᠳ

ᠰᠢᠯᠪᠢᠭᠦᠷ ᠡᠷᠭᠢᠭᠦᠯᠤᠨ ᠰᠠᠭᠢᠵᠤ ᠴᠤ ᠦᠵᠡᠨ᠎ᠠ


ᠮᠤᠷᠢ ᠲᠡᠶ ᠥᠩᠭᠡᠷᠡᠭ᠍ᠰᠡᠨ ᠨᠢᠭᠡ ᠨᠠᠰᠤᠳᠠᠨ ᠢ

ᠮᠠᠰᠢᠨ ᠲᠡᠶ ᠵᠠᠯᠠᠭᠤᠰ ᠮᠠᠭᠤᠴᠢᠯᠠᠵᠤ ᠭᠦᠭᠡᠷᠦᠨ᠎ᠡ

ᠮᠤᠩᠭ᠋ᠤᠯ ᠶᠢᠡᠷ ᠶᠠᠷᠢᠭᠰᠠᠨ ᠭᠡᠳᠤᠨ ᠥᠭᠡ ᠶᠢ ᠨᠢ

ᠣᠢ᠌ᠯᠠᠭᠠᠵᠤ ᠳᠦᠪᠠᠭ᠍ᠳᠡᠭᠡᠳ ᠭᠢᠯᠣᠢ᠌ᠵᠤ ᠬᠠᠷᠠᠨ᠎ᠠ


ᠲ᠋ᠠᠯ᠎ᠠ ᠡᠴᠡ ᠪᠠᠨ ᠭᠦᠭᠡᠭᠡᠭ᠍ᠳᠡᠭ᠍ᠰᠡᠨ ᠦᠷᠦᠭᠡᠰᠤᠨ ᠴᠡᠴᠡᠭ᠌

ᠣᠢ ᠶᠢᠨ ᠭᠦᠨ ᠳᠤ ᠬᠤᠷᠭᠤᠳᠠᠵᠤ ᠦᠵᠡᠨ᠎ᠠ

ᠣᠷᠤᠰᠢᠯ ᠶᠢᠡᠨ ᠠᠯᠳᠠᠭᠰᠠᠨ ᠦᠨᠦᠴᠢᠨ ᠵᠡᠭᠡᠷ᠎ᠡ

ᠵᠡᠭᠦᠳᠤᠨ ᠳᠡᠭ᠍ᠷᠢ ᠳᠤ ᠪᠠᠨ ᠳᠠᠰᠢᠵᠤ ᠬᠤᠯᠠᠳᠠᠨ᠎ᠠ


ᠬᠠᠶᠠ ᠬᠠᠶᠠ ᠳᠡᠭ᠍ᠷᠢ ᠶᠢᠨ ᠭᠢᠵᠠᠭᠠᠷ

ᠪᠠᠷᠠᠭᠠᠨ ᠡᠭᠦᠯᠡᠰ ᠬᠣᠢ᠌ᠯᠠᠷᠠᠵᠤ ᠥᠩᠭᠡᠷᠡᠨ᠎ᠡ

ᠭᠡᠨᠡᠳᠲᠡ ᠭᠡᠨᠡᠳᠲᠡ ᠳᠤᠰᠤᠯ ᠪᠣᠷᠤᠭᠠᠨ

ᠣᠯᠠᠷᠢᠯ ᠣᠰᠤᠯᠳᠤᠵᠤ ᠡ᠊ᠨᠳᠡᠭᠦᠷᠡᠵᠤ ᠢᠷᠠᠨ᠎ᠠ


ᠠᠠᠵᠢᠰᠤᠨ ᠳᠤᠤᠷᠠᠭᠢ ᠨᠢᠮᠭᠡᠨ ᠭᠦᠷᠦᠰᠤ

ᠨᠤᠮᠢᠨ ᠳᠤᠯᠭᠢᠶ᠎ᠠ ᠵᠡᠭᠦᠳᠦᠯᠡᠵᠤ ᠬᠤᠨᠤᠨ᠎ᠠ

ᠠᠭᠤᠷᠬᠠᠢ ᠶᠢᠨ ᠨᠥᠭᠡᠨ ᠳᠤ ᠥᠭᠡᠭᠦᠨ ᠴᠢᠯᠠᠭᠤ

ᠠᠯᠳᠠᠴᠢᠯᠠᠬᠤ ᠵᠡᠭᠦᠳᠤ ᠪᠠᠨ ᠮᠠᠨᠠᠵᠤ ᠦᠷᠭᠡᠯᠡᠨ᠎ᠡ


ᠰᠡᠭᠦᠳᠡᠷ ᠭᠦᠰᠡᠭ᠍ᠰᠡᠨ ᠬᠠᠯᠠᠭᠤᠨ ᠤ ᠬᠤᠨᠢᠳ

ᠬᠠᠰᠢᠶᠠᠨ ᠳᠤᠯᠤᠭᠠᠢ ᠪᠦᠭᠡᠮᠨᠡᠷᠡᠵᠤ ᠪᠠᠢ᠌ᠪᠠ

ᠰᠢᠭᠦᠳᠡᠷᠢ ᠣᠯᠤᠭᠰᠠᠨ ᠦᠭᠡᠶ ᠭᠡᠳᠤᠨ ᠴᠠᠷᠴᠠᠬᠠᠢ

ᠨᠢᠯᠬ᠎ᠠ ᠴᠢᠭᠢ ᠭᠡᠮᠡᠯᠢᠵᠤ ᠪᠠᠢ᠌ᠪᠠ


ᠡᠵᠢ ᠨᠠᠭᠤᠷ ᠤᠨ ᠡᠷᠭᠢ ᠭᠦᠪᠠᠭᠡ ᠪᠠᠷ

ᠠᠶᠠᠨ ᠤ ᠴᠤᠪᠣᠭ᠎ᠠ ᠳᠠᠰᠤᠷᠠᠵᠤ ᠪᠠᠢ᠌ᠪᠠ

ᠠᠳᠤᠭᠤᠨ ᠳᠠᠯ᠎ᠠ ᠰᠦᠷᠦᠭ᠌ ᠤᠨ ᠳᠡᠷᠭᠡᠳᠡ

ᠠᠷᠠᠤᠨ ᠤᠨ ᠳᠠᠭᠤᠤ ᠵᠠᠩᠭᠢᠷᠠᠵᠤ ᠪᠠᠢ᠌ᠪᠠ


ᠣᠶᠠᠩᠭ᠋ᠠᠷᠠᠨ ᠣᠶᠠᠩᠭ᠋ᠠᠷᠠᠨ ᠰᠤᠨᠤᠷᠳᠠᠵᠤ

ᠭᠡᠳᠡᠷᠭᠡᠨ ᠤ ᠨᠠᠮᠤᠭᠤᠬᠠᠨ ᠱᠤᠤᠭᠢᠶ᠎ᠠ ᠥᠩᠭᠡᠷᠡᠨ᠎ᠡ

ᠣᠴᠢᠷᠯᠠᠨ ᠣᠴᠢᠷᠯᠠᠨ ᠰᠡᠳᠭᠢᠭᠦᠯᠵᠤ

ᠪᠣᠳᠤᠯ ᠳᠤ ᠮᠢᠨᠢ ᠰᠡᠭᠦᠳᠡᠷ ᠬᠤᠨᠤᠭᠰᠢᠭᠠᠤᠨ ᠪᠠᠢ᠌ᠯ᠎ᠠ ᠁


ᠵᠤᠬᠢᠶᠠᠭᠴᠢ ᠶᠢᠨ ᠬᠠᠶ‍ᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1290
ᠴᠠᠭ᠄ 2010 ᠤᠨ ᠤ 06 ᠰᠠᠷ᠎ᠠ ᠶᠢᠨ 12
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ