ᠤᠷᠭ᠎ᠠ

ᠣᠷᠭ᠎ᠠ ᠊᠊᠊᠊᠊᠊᠊᠊᠊᠊᠊᠊᠊᠊᠊

ᠣᠭᠳᠠᠷᠭᠤᠢ ᠳᠣᠢ᠌ᠮᠠᠷᠳᠠᠵᠤ ᠳᠠᠪᠭᠢᠭᠰᠠᠨ

ᠣᠩᠭ᠋ᠤᠨ ᠰᠠᠷᠠᠯ ᠤᠨ ᠳᠠᠯ

ᠣᠳᠤᠳ ᠢ ᠡᠪᠭᠡᠵᠤ ᠡᠷᠭᠡᠰᠢᠶᠡᠭ᠍ᠰᠡᠨ

ᠳᠡᠭ᠍ᠷᠢᠯᠢᠭ᠌ ᠣᠬᠠᠭᠠᠨ ᠤ ᠡᠰᠢ

ᠨᠢ᠋ᠮᠠᠨ ᠰᠢᠷᠭ᠎ᠠ ᠶᠢᠨ ᠮᠤᠠᠳᠠᠭ᠎ᠠ ᠡᠴᠡ

ᠣᠷᠭᠤᠵᠤ ᠳᠦᠷᠡᠯᠵᠡᠭ᠍ᠰᠡᠨ ᠰᠤᠷ

ᠶ‍ᠢᠰᠤᠨ ᠭᠦᠭᠦᠯᠳᠤ ᠳᠤᠭ ᠤᠨ

ᠶ‍ᠢᠷᠳᠢᠠᠴᠤ ᠶᠢ ᠢᠯᠪᠢᠭ᠍ᠰᠡᠨ ᠰᠦᠷ

ᠣᠷᠭ᠎ᠠ ᠊᠊᠊᠊᠊᠊᠊᠊᠊᠊᠊᠊᠊᠊᠊

ᠪᠦᠭᠦᠢᠭᠦ ᠦᠭᠡᠶ ᠨᠢᠭᠡ ᠦᠨᠳᠦᠰᠦᠳᠠᠨ ᠤ

ᠣᠶᠠᠨ ᠴᠢᠨᠠᠷ ᠤᠨ ᠭᠤᠯᠤᠮᠳᠠ

ᠪᠦᠯᠭᠦᠮᠳᠡᠯ ᠲᠡᠶ ᠨᠢᠭᠡᠨ ᠶᠠᠰᠤᠳᠠᠨ ᠤ

ᠣᠬᠠᠭᠠᠨ ᠤ ᠭᠤᠷᠮᠤᠰᠤᠨ ᠡᠷᠴᠢᠮ

ᠣᠷᠭ᠎ᠠ ᠊᠊᠊᠊᠊᠊᠊᠊᠊᠊᠊᠊᠊᠊᠊

ᠴᠤᠴᠠᠰᠢ ᠦᠭᠡᠶ ᠰᠤᠨᠤᠯᠵᠠᠭᠰᠠᠨ ᠬᠤᠯᠠ ᠶᠢᠨ ᠰᠠᠨᠠᠭ᠎ᠠ

ᠡᠴᠡᠰᠢ ᠦᠭᠡᠶ ᠳᠠᠪᠭᠢᠭᠰᠠᠨ ᠬᠠᠨ ᠵᠤᠷᠢᠭ ︕

ᠣᠷᠭ᠎ᠠ ᠪᠠᠢ᠌ᠭᠰᠠᠨ ᠡᠴᠡ

ᠰᠦᠷᠦᠭ᠌ ᠪᠠᠢ᠌ᠭᠰᠠᠨ

ᠣᠭᠰᠠᠭ᠎ᠠ ᠮᠤᠩᠭ᠋ᠤᠯ ᠤᠨ

ᠠᠮᠢᠳᠤᠷᠠᠯ ᠪᠠᠢ᠌ᠭᠰᠠᠨ

ᠡᠷ᠎ᠡ ᠬᠤᠶᠠᠷ ᠵᠠᠭᠠᠯ ᠪᠠᠢ᠌ᠭᠰᠠᠨ

ᠡᠷᠡᠮᠡᠭᠡᠢ ᠵᠤᠷᠢᠭ ᠲᠡᠶ

ᠳᠡᠭᠡᠳᠦᠰ ᠮᠢᠨᠢ ᠪᠠᠢ᠌ᠭᠰᠠᠨ

ᠡᠷᠡᠨ ᠢ ᠳᠤᠷᠭᠢᠭᠤᠯᠤᠭᠰᠠᠨ

ᠳᠡᠦᠭᠡ ᠪᠠᠢ᠌ᠭᠰᠠᠨ

ᠣᠷᠭ᠎ᠠ ᠪᠠᠨ ᠭᠡᠭᠡᠭ᠍ᠰᠡᠨ ᠭᠦᠮᠤᠨ

ᠨᠠᠷ᠎ᠠ ᠪᠠᠨ ᠮᠠᠷᠳᠠᠭᠰᠠᠨ ᠭᠦᠮᠤᠨ

ᠣᠷᠭ᠎ᠠ ᠪᠠᠨ ᠬᠤᠭᠤᠯᠤᠭᠰᠠᠨ ᠭᠦᠮᠤᠨ

ᠶᠠᠰᠤ ᠪᠠᠨ ᠬᠤᠭᠤᠯᠤᠭᠰᠠᠨ ᠭᠦᠮᠤᠨ

ᠣᠷᠭ᠎ᠠ ᠲᠡᠶ ᠭᠦᠮᠤᠨ ᠤ ᠰᠡᠳᠭᠢᠯ ᠳᠤ

ᠰᠦᠷᠦᠭ᠌ ᠨᠢ ᠭᠡᠵᠢᠶᠡᠳᠡ ᠳᠤᠭ᠎ᠠ ᠪᠠᠷ ᠶᠢᠡᠨ

ᠣᠳᠤᠮᠳᠤ ᠰᠤᠶᠤᠯ ᠤᠨ ᠭᠤᠯᠤᠮᠳᠠ

ᠣᠬᠠᠭᠠᠨ ᠶᠢᠡᠷ ᠭᠡᠵᠢᠶᠡᠳᠡ ᠳᠦᠷᠡᠯᠵᠡᠩᠭᠡᠨ

ᠣᠷᠭ᠎ᠠ ᠶᠢᠨ ᠥᠵᠦᠭᠦᠷ

ᠣᠳᠤᠳ ᠢ ᠳᠤᠭᠠᠯᠠᠨ᠎ᠠ

ᠣᠤᠷ ᠰᠤᠶᠤᠯ ᠤᠨ ᠭᠡᠢ᠌ᠮᠦᠷᠢ ᠶᠢ ᠬᠤᠷᠣᠢ᠌ᠯᠠᠨ᠎ᠠ ︕


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ

ᠵᠤᠬᠢᠶᠠᠭᠴᠢ᠄ ᠳᠠᠪᠬᠤᠷᠪᠠᠶᠠᠷ
ᠬᠠᠷᠢᠶ᠎ᠠ᠄ ᠰᠢᠯᠦᠭ
ᠳᠠᠷᠤᠮ᠄ 1852
ᠴᠠᠭ᠄ 2010 ᠤᠨ ᠤ 07 ᠰᠠᠷ᠎ᠠ ᠶᠢᠨ 17