ᠳᠠᠪᠣᠠᠴᠠᠭᠠᠨ ᠤ ᠰᠢ᠌ᠦᠡᠭᠡᠯ

ᠶᠠᠷᠤ ᠳᠡᠭᠡᠨ ᠵᠥᠭᠡᠷ ᠭᠡᠪᠳᠡᠳᠡᠭ᠌ ᠵᠠᠩᠰᠢᠯ ᠲᠡᠶ ᠵᠤᠩᠳᠤᠤ ᠡᠪᠦᠭᠡᠨ ᠵᠤᠨ ᠤ ᠵᠢᠷᠭᠤᠭᠠᠨ ᠰᠠᠷ᠎ᠠ ᠪᠣᠯᠤᠭᠰᠠᠭᠠᠷ ᠯᠠ ᠣᠠᠴᠤᠭᠤᠢ ᠶᠠᠭᠠᠷᠠᠵᠤ ᠡᠭᠢᠯᠡᠳᠡᠭ᠌ ᠰᠠᠨ᠃ ᠣᠢ᠌ᠷ᠎ᠠ ᠶᠢᠨ ᠭᠡᠳᠤᠨ ᠡᠳᠦᠷ᠂ ᠳᠠᠷᠠ ᠡᠮᠦᠨᠡᠰᠢ ᠬᠣᠢ᠌ᠰᠢ ᠶᠠᠭᠠᠷᠠᠵᠤ ᠬᠠᠳᠠᠷᠢᠭᠤᠯᠳᠠᠭ ᠪᠣᠯᠤᠯ᠎ᠠ᠃ ᠦᠨᠦᠳᠤᠷ ᠳᠠᠷᠠ ᠳᠠᠰᠤ ᠬᠠᠷ᠎ᠠ ᠪᠠᠷ ᠬᠤᠪᠴᠠᠯᠠᠭᠰᠠᠨ ᠳᠠᠪᠤᠨ ᠬᠠᠯᠳᠠᠷ ᠨᠥᠭᠦᠤᠨ ᠲᠡᠶ ᠪᠣᠯᠴᠢᠬᠠᠭᠰᠠᠨ ᠨᠢᠭᠡ ᠯᠠᠭᠤᠰᠠ ᠬᠤᠰᠢ ᠲᠡᠶ ᠳᠠᠪᠣᠠᠴᠠᠭᠠᠨ ᠥᠭᠡᠳᠡ ᠭᠠᠷᠪᠠ᠃

ᠡᠳᠦᠷ ᠤᠨ ᠣᠷᠳᠤ ᠠᠶᠠᠨ ᠳᠠᠭᠠᠨ ᠶᠠᠳᠠᠷᠠᠭᠠᠤᠨ ᠦᠳᠡᠰᠢ ᠶᠢᠨ ᠮᠢᠬᠠᠨ ᠳᠠᠭᠠᠨ ᠱᠠᠩᠳᠠᠭᠤᠷᠠᠭᠰᠠᠨ ᠪᠤᠯᠤᠯᠳᠡᠢ᠂ ᠡᠪᠦᠭᠡᠨ ᠳᠠᠷ᠎ᠠ ᠳᠡᠭᠡᠷ᠎ᠡ ᠳᠤᠯᠤᠭᠠᠢ ᠪᠠᠨ ᠳᠠᠯᠪᠢᠮᠠᠭᠴᠠ ᠬᠠᠨᠤᠮᠵᠢᠳᠠᠢ᠌ᠬᠠᠨ ᠬᠤᠷᠭᠢᠷᠠᠴᠢᠬᠠᠪᠠ᠃

ᠡᠪᠦᠭᠡᠨ ᠠᠷᠤ ᠬᠠᠩᠭ᠋ᠠᠢ ᠶᠢᠨ ᠪᠠᠯ ᠥᠭᠡᠳᠡ ᠫᠣᠤ ᠪᠠᠨ ᠪᠠᠷᠢᠴᠢᠬᠠᠭᠰᠠᠨ ᠭᠦᠶ‍ᠦᠵᠤ ᠭᠠᠷᠤᠯ᠎ᠠ᠃ ᠠᠯᠤᠰ ᠤᠨ ᠠᠯᠤᠰ ᠲᠤ ᠭᠡᠳᠤᠨ ᠪᠣᠭᠤ ᠭᠡᠪᠢᠯᠭᠡ ᠪᠠᠨ ᠠᠪᠤᠨ ᠭᠡᠪᠳᠡᠵᠤ᠂ ᠴᠢᠭᠢ ᠪᠠᠨ ᠦᠶ᠎ᠡ ᠦᠶ᠎ᠡ ᠰᠡᠷᠳᠡᠯᠵᠡᠭᠦᠯᠦᠨ᠎ᠡ᠃ ᠡᠪᠦᠭᠡᠨ ᠭᠠᠵᠠᠷ ᠤᠨ ᠡᠪ ᠭᠦᠭᠡᠭᠡᠵᠤ ᠣᠢ᠌ᠷ᠎ᠠ ᠰᠢᠭ᠌ ᠭᠦᠷᠦᠭᠡᠤᠨ ᠫᠣᠤ ᠪᠠᠨ ᠲᠦᠯᠬᠢᠨ ᠬᠠᠷᠠᠭᠤᠯᠳᠠᠭᠰᠠᠨ ᠴᠢᠨᠢ ᠫᠣᠤ ᠪᠢᠰᠢ ᠬᠠᠷᠢᠨ ᠨᠢᠭᠡ ᠶᠡᠭᠡ ᠳᠤᠮᠤ ᠬᠠᠷ᠎ᠠ ᠳᠠᠮᠤᠷ ᠭᠢᠷᠦᠭᠡ ᠪᠠᠢ᠌ᠵᠠᠢ᠃

ᠳᠠᠭᠢᠨ ᠰᠠᠶ‍ᠢᠭᠢ ᠪᠣᠭᠤ ᠭᠡᠵᠤ ᠭᠠᠭᠴᠠ ᠴᠤ ᠦᠭᠡᠶ᠂ ᠬᠠᠷᠢᠨ ᠡᠮᠦᠨᠡᠭᠦᠷ ᠬᠣᠢ᠌ᠭᠤᠷ ᠨᠢ ᠠᠷᠴᠠ ᠬᠠᠷᠭᠠᠢ ᠯᠠ ᠠᠷᠬᠠᠢ᠌ᠵᠤ ᠪᠠᠢ᠌ᠪᠠ᠃ ᠳᠡᠭᠡᠳᠡᠯ᠎ᠡ ᠭᠢᠷᠦᠭᠡ ᠶᠢᠨ ᠴᠠᠭᠠᠳᠤ ᠥᠵᠦᠭᠦᠷ ᠡᠴᠡ ᠨᠢᠭᠡᠨ ᠥᠵᠡᠭᠡ ᠦᠭᠡᠶ ᠬᠠᠯᠳᠠᠷ ᠡᠪᠦᠭᠡᠨ ᠪᠠᠷᠢᠴᠢᠬᠠᠭᠰᠠᠨ ᠰᠠᠬᠠᠯ ᠶᠢᠡᠨ ᠰᠢᠪᠳᠤᠷᠠᠨ ᠰᠢᠪᠳᠤᠷᠠᠨ ᠳᠠᠳᠠᠵᠤ ᠪᠠᠢ᠌ᠯ᠎ᠠ᠃ ᠳᠡᠭᠡᠵᠤ ᠣᠯᠠᠨ ᠯᠠ ᠮᠤᠳᠤ ᠣᠨᠠᠭᠠᠭᠰᠠᠨ᠃ ᠣᠳᠤ ᠪᠠᠷᠤᠭ ᠳᠠᠪᠣ ᠠᠷᠪᠠᠨ ᠳᠡᠷᠭᠡ ᠪᠣᠯᠵᠤ ᠪᠠᠢ᠌ᠭ᠎ᠠ ᠪᠣᠯᠤᠯᠳᠠᠢ᠃ ᠠᠷᠴᠠ ᠬᠠᠷᠭᠠᠢ ᠶᠢ ᠳᠤᠰ ᠳᠤᠰ ᠳᠤᠨᠢ ᠢᠯᠭᠠᠵᠤ ᠬᠤᠷᠢᠶᠠᠯ᠎ᠠ᠂ ᠠᠷᠴᠠ ᠪᠠᠷ ᠨᠢ ᠠᠪᠰᠠ ᠵᠠᠰᠠᠭᠤᠯᠵᠤ᠂ ᠬᠠᠷᠭᠠᠢ ᠪᠠᠷ ᠨᠢ ᠡᠳ᠋ ᠭᠢᠵᠤ ᠬᠤᠳᠠᠯᠳᠤᠭᠠᠤᠨ ᠵᠤᠭᠤᠰ ᠢ ᠨᠢ ᠬᠠᠮᠠᠷ ᠬᠠᠭᠠᠰ ᠠᠪᠬᠤ ᠪᠠᠷ ᠪᠣᠯᠪᠠ᠃ ᠰᠡᠭᠦᠯ ᠳ᠋ᠤᠨᠢ ᠰᠠᠢ᠌ᠭᠢ ᠬᠠᠯᠳᠠᠷ ᠡᠪᠦᠭᠡᠨ ᠠᠷᠪᠠᠨ ᠮᠠᠰᠢᠨ ᠳᠡᠷᠭᠡ ᠳᠠᠭᠤᠳᠠᠭᠤᠯᠵᠤ ᠢᠷᠡᠭᠦᠯᠦᠭᠡᠤᠨ ᠳᠠᠪᠣ ᠳ᠋ᠤᠨᠢ ᠠᠷᠴᠠ ᠠᠴᠢᠵᠤ᠂ ᠳᠠᠪᠣ ᠳ᠋ᠤᠨᠢ ᠬᠠᠷᠭᠠᠢ ᠠᠴᠢᠭᠠᠤᠨ ᠬᠦᠲᠤᠩ ᠭᠦᠪᠲᠤᠩ ᠲᠡᠶ ᠮᠤᠷᠤᠢ ᠰᠢᠷ᠎ᠠ ᠵᠠᠮ ᠶᠢᠡᠷ ᠳᠤᠭᠤᠰᠤ ᠳᠠᠳᠠᠭᠤᠯᠤᠨ ᠣᠳᠤᠯ᠎ᠠ᠃

ᠡᠪᠦᠭᠡᠨ ᠬᠣᠢ᠌ᠨ᠎ᠠ ᠡᠴᠡ ᠨᠢ ᠭᠡᠰᠡᠭ᠌ ᠬᠠᠷᠠᠵᠤ ᠵᠤᠭᠰᠤᠭᠰᠠᠨ ᠶᠢᠠᠨ ᠵᠢᠷᠤᠭ᠎ᠠ ᠬᠠᠯᠳᠠᠷ ᠮᠤᠷᠢᠨ ᠳᠠᠭᠠᠨ ᠮᠤᠷᠳᠠᠵᠤ ᠠᠪᠣᠭᠠᠤᠨ ᠰᠤᠬᠠᠢ᠌ᠳᠤ ᠶᠢᠨ ᠭᠠᠰᠢᠭᠤᠨ ᠨᠠᠮᠤᠭ᠎ᠠ ᠶᠢ ᠴᠢᠭᠯᠡᠯ᠎ᠡ᠃ ᠶᠠᠪᠣᠵᠤ ᠪᠠᠢ᠌ᠳᠠᠯ᠎ᠠ ᠭᠡᠨᠡᠳᠲᠡ ᠳᠠᠷᠳᠠᠭᠠᠷ ᠣᠭᠠᠯᠵᠠ ᠬᠠᠷᠭᠤᠯᠳᠠᠪᠠ᠃ ᠪᠣᠳᠤᠪᠠᠯ ᠣᠰᠤᠨ ᠳᠤ ᠶᠠᠪᠣᠵᠤ ᠪᠠᠢ᠌ᠭᠰᠠᠨ ᠪᠣᠯᠤᠯᠳᠠᠢ᠃ ᠰᠠᠯᠭᠢ ᠥᠨᠦᠷᠳᠦᠴᠢᠭᠡᠪᠠᠤ︖ ᠠᠨᠢᠷ ᠠᠪᠴᠢᠬᠠᠪᠠᠤ︖ ᠪᠣᠤ ᠮᠠᠳᠠ᠂ ᠭᠠᠳᠠᠰ ᠤᠨ ᠶᠡᠪᠠᠷ ᠥᠭᠡᠳᠡ ᠡᠷᠭᠢᠵᠤ ᠤᠷᠭᠢᠯ᠎ᠡ᠂ ᠡᠪᠦᠭᠡᠨ ᠮᠤᠷᠢᠨ ᠡᠴᠡ ᠪᠠᠨ ᠪᠠᠭᠤᠨ ᠭᠦᠶ‍ᠦᠭᠡᠤᠨ ᠫᠣᠤ ᠪᠠᠨ ᠮᠤᠯᠳᠤᠯᠠᠵᠤ ᠨᠢᠭᠡ ᠫᠣᠤᠳᠠᠪᠠ᠂ ᠦᠵᠡᠪᠠᠯ ᠣᠨᠤᠭᠳᠠᠭᠰᠠᠨ ᠶᠠᠭᠤᠮ᠎ᠠ ᠠᠯᠠᠭ᠎ᠠ᠃

ᠳᠡᠭᠡᠭᠡᠤᠨ ᠨᠢᠭᠡ ᠮᠡᠳᠡᠭᠦ ᠳᠤ ᠴᠤᠬᠤᠮ ᠶᠠᠭᠠᠭᠢᠴᠢᠬᠠᠭᠰᠠᠨ ᠴᠤ ᠶᠤᠮ ᠪᠢᠯᠠ᠂ ᠭᠡᠳᠤᠨ ᠬᠠᠯᠴᠠᠭᠠᠢ ᠳᠡᠮᠡᠭᠡ ᠭᠦᠳᠤᠯᠴᠢᠭᠡᠭ᠍ᠰᠡᠨ ᠨᠢᠴᠦᠭᠦᠨ ᠰᠢᠷ᠎ᠠ ᠮᠠᠩᠬᠠᠨ ᠤ ᠳᠤᠮᠳᠠ ᠳᠠᠨᠤᠵᠤ ᠶᠠᠪᠣᠬᠤ ᠨᠢ ᠳᠠᠷᠠ᠃

ᠶᠠᠮᠠᠷ ᠭᠠᠵᠠᠷ ᠪᠣᠯᠬᠤ ᠨᠢ ᠴᠤ ᠮᠡᠳᠡᠭ᠍ᠳᠡᠭ᠍ᠰᠡᠨ ᠦᠭᠡᠶ᠃

ᠣᠳᠤ ᠶᠠᠭᠠᠭᠢᠳᠠᠭ ᠪᠢᠯᠠ︕ ᠠᠯᠠᠭᠰᠠᠨ ᠣᠭᠠᠯᠵᠠ ᠴᠤ ᠦᠭᠡᠶ᠂ ᠠᠪᠣᠭᠰᠠᠨ ᠮᠤᠳᠤ ᠴᠤ ᠦᠭᠡᠶ᠁

ᠬᠤᠰᠢ ᠮᠠᠢ᠌ᠬᠠᠨ ᠬᠠᠮᠢᠭ᠎ᠠ ᠶᠠᠭᠠᠭᠢᠴᠢᠬᠠᠪᠠ︖ ᠰᠠᠬᠠᠯᠳᠤ ᠡᠪᠦᠭᠡᠨ ᠴᠤ ᠦᠭᠡᠶ︖ ᠵᠤᠭᠤᠰ ᠴᠤ ᠠᠪᠴᠢᠷᠠᠰᠢ ᠦᠭᠡᠢ᠁

ᠣᠮᠳᠠᠭᠠᠰᠤᠭᠠᠤᠨ ᠴᠤ ᠳᠡᠰᠭᠦ ᠠᠯᠳᠠᠷᠠᠵᠠᠢ᠃

ᠪᠣᠳᠤᠪᠠᠯ ᠬᠠᠷ᠎ᠠ ᠴᠢᠯᠠᠭᠤᠳᠤ ᠶᠢᠨ ᠴᠠᠭᠠᠨ ᠮᠠᠩᠬᠠᠨ ᠳᠤ ᠣᠷᠤᠴᠢᠬᠠᠭᠰᠠᠨ ᠴᠤ ᠶᠤᠮ ᠦᠦ ᠳ᠋ᠠ᠃ ᠳᠠᠢ᠌ᠮᠤ ᠪᠣᠯ ᠪᠠᠷᠠᠭᠤᠨ ᠡᠮᠦᠷ᠎ᠡ ᠣᠷᠢᠶᠠᠭᠠᠤᠨ ᠭᠠᠷᠪᠠᠯ ᠠᠯᠳᠠᠠᠪᠣᠯᠠᠭ ᠲᠤ ᠭᠦᠷᠭᠦ ᠪᠠᠢ᠌ᠬ᠎ᠠ ᠭᠡᠵᠤ ᠪᠣᠳᠤᠭᠠᠤᠨ᠂ ᠨᠢᠭᠡ ᠮᠠᠩᠬᠠᠨ ᠳᠡᠭᠡᠷ᠎ᠡ ᠭᠠᠷᠴᠤ ᠬᠠᠯᠢᠶᠠᠭᠰᠠᠨ ᠴᠢᠨᠢ ᠠᠯᠳᠠᠠᠪᠣᠯᠠᠭ ᠬᠠᠷᠢᠨ ᠡᠮᠦᠨᠡᠭᠡᠨ ᠨᠢ ᠪᠠᠢ᠌ᠵᠠᠢ᠃

ᠡᠪᠦᠭᠡᠨ ᠮᠠᠯᠠᠭᠠᠢ ᠪᠠᠨ ᠪᠠᠷᠢᠭᠠᠤᠨ ᠨᠠᠭᠤᠷ ᠤᠨ ᠭᠦᠪᠠᠭᠡᠨ ᠳᠤ ᠭᠦᠷ ᠭᠦᠷᠦᠭ᠍ᠰᠡᠭᠡᠷ ᠣᠨᠠᠵᠤ ᠭᠡᠪᠳᠡᠭᠡᠤᠨ ᠭᠠᠭᠴᠠ ᠠᠮᠢᠰᠬᠤᠭ᠎ᠠ ᠪᠠᠷ ᠭᠦᠤᠨ ᠭᠦᠤᠨ ᠭᠡᠳᠡᠯ᠎ᠡ ᠳᠤᠰᠬᠠᠵᠤ ᠭᠠᠷᠤᠯ᠎ᠠ᠃ ᠬᠠᠨᠤᠬᠤ ᠶᠤᠮ ᠦᠭᠡᠶ᠂ ᠭᠡᠳᠡᠰᠤ ᠯᠠ ᠴᠢᠨᠦᠭᠡᠤᠨ ᠪᠠᠢ᠌ᠨ᠎ᠠ᠃ ᠳᠤᠯᠤᠭᠠᠨ ᠢᠷᠸ᠎ᠠ ᠳ᠋ᠠ᠃

ᠦᠨᠳᠠᠢ᠌ᠵᠤ ᠰᠠᠭᠤᠭᠠᠤᠨ ᠭᠤᠳᠤᠰᠤᠨ ᠤ ᠪᠠᠨ ᠡᠯᠡᠰᠤ ᠶᠢ ᠭᠦᠪᠢᠵᠤ ᠪᠠᠢ᠌ᠳᠠᠯ᠎ᠠ ᠨᠠᠭᠤᠷ ᠤᠨ ᠣᠰᠤ ᠭᠡᠨᠡᠳᠲᠡ 《ᠱᠡᠷ ᠱᠠᠷ》 ᠳᠤᠤᠭᠠᠷᠴᠤ ᠡᠭᠢᠯᠡᠪᠡ᠃

ᠵᠠ︕ ᠡᠨᠡ ᠨᠠᠭᠤᠷ ᠳᠤᠳᠤᠷ᠎ᠠ ᠣᠰᠤᠨ ᠥᠭᠡᠷ ᠪᠠᠢ᠌ᠳᠠᠭ ᠭᠡᠰᠡᠨ ᠪᠢᠰᠢᠤ︕ ᠣᠳᠤ ᠯᠠ ᠭᠠᠷᠴᠤ ᠢᠷᠡᠭᠦ ᠶᠤᠮ ᠪᠠᠢ᠌ᠨ᠎ᠠ᠃ ᠪᠣᠯᠪᠠᠯ ᠨᠢᠭᠡ ᠶᠢ ᠨᠢ ᠪᠠᠷᠢᠭᠠᠤᠨ ᠣᠯᠤᠰ ᠲᠤ ᠳᠤᠰᠢᠶᠠᠴᠢᠬᠠᠪᠠᠯ᠂ ᠡᠰᠡ ᠳᠡᠭᠡᠪᠠᠴᠤ ᠵᠤᠭᠤᠰ ᠭᠡᠳᠡᠭ᠌ ᠯᠠ ᠨᠤᠷᠠᠴᠢᠬᠤ ᠪᠠᠢ᠌ᠬ᠎ᠠ ᠭᠡᠵᠤ ᠪᠣᠳᠤᠭᠠᠤᠨ ᠨᠢᠭᠡ ᠴᠠᠯᠮ᠎ᠠ ᠡᠪᠭᠢᠵᠤ ᠪᠠᠷᠢᠨ ᠡᠯᠡᠰᠤᠨ ᠳᠤᠪᠣᠩ ᠤᠨ ᠴᠠᠭᠠᠨ᠎ᠠ ᠭᠡᠳᠡᠭᠡᠤᠨ ᠭᠡᠪᠳᠡᠯ᠎ᠡ᠃

ᠳᠡᠭᠡᠳᠡᠯ᠎ᠡ ᠥᠨᠡᠭᠡᠷ ᠭᠦᠭᠡ ᠭᠦᠭᠡ ᠥᠭᠡᠷ ᠠᠷᠤ ᠠᠷᠤ ᠡᠴᠡ ᠪᠠᠨ ᠴᠤᠪᠣᠭᠠᠤᠨ ᠭᠠᠷᠴᠤ ᠢᠷᠡᠭᠦ ᠨᠢ ᠳᠠᠷᠠ᠃ ᠨᠢᠭᠡ᠂ ᠬᠤᠶᠠᠷ᠂ ᠭᠤᠷᠪᠠ᠁ ᠠᠷᠪᠠ᠂ ᠬᠤᠷᠢ᠁ ᠳᠤᠭ᠎ᠠ ᠨᠢ ᠠᠪᠳᠠᠬᠤ ᠪᠠᠨ ᠪᠠᠢ᠌ᠴᠢᠬᠠᠯ᠎ᠠ᠂ ᠪᠦᠳᠦᠭᠦᠨ ᠥᠭᠡᠷ ᠳᠤᠨᠢ ᠭᠦᠴᠤ ᠭᠦᠷᠦᠰᠢ ᠦᠭᠡᠶ᠃ ᠨᠢᠭᠡ ᠳᠤᠭᠤᠯ ᠢ ᠨᠢ ᠴᠠᠯᠮᠠᠳᠠᠶ᠎ᠠ᠃

ᠡ᠂ ᠳᠤᠰᠠ ᠦᠭᠡᠶ᠂ ᠵᠢᠭᠠᠬᠠᠨ ᠪᠠᠢ᠌ᠰᠭᠢᠵᠤ ᠪᠠᠢ᠌ᠶ᠎ᠠ︕ ᠡᠨᠡ ᠨᠠᠭᠤᠷ ᠳᠤᠳᠤᠷ᠎ᠠ ᠪᠠᠰᠠ ᠨᠢᠭᠡ ᠮᠠᠷᠮᠠᠬᠠᠨ ᠴᠠᠭᠠᠨ ᠮᠤᠷᠢ ᠴᠤ ᠪᠠᠢ᠌ᠨ᠎ᠠ ᠭᠡᠳᠡᠭ᠌ ᠪᠢᠰᠢᠤ᠂ ᠳᠠᠷᠠ ᠴᠤ ᠭᠠᠷᠤᠭᠠᠤᠨ ᠢᠷᠡᠭᠦ ᠮᠠᠭᠠᠤᠨ ᠦᠭᠡᠶ᠂ ᠴᠢᠳᠠᠪᠠᠯ ᠥᠭᠡᠷ᠂ ᠮᠤᠷᠢ ᠬᠤᠶᠠᠷ ᠪᠠᠷᠢᠴᠢᠬᠠᠪᠠᠯ ᠨᠠᠩ ᠠᠷᠪᠢᠨ ᠵᠤᠭᠤᠰ ᠣᠯᠵᠤ ᠮᠠᠳᠠᠨ᠎ᠠ ᠭᠡᠵᠤ ᠪᠣᠳᠤᠨ ᠪᠠᠢ᠌ᠳᠠᠯ᠎ᠠ᠂ ᠥᠨᠡᠭᠡᠷ ᠪᠠᠯᠳᠠᠨ ᠤ ᠭᠡᠯᠡᠵᠤ ᠪᠠᠢ᠌ᠭᠰᠠᠨ ᠲᠡᠶ ᠠᠪ ᠠᠳᠠᠯᠢᠬᠠᠨ ᠵᠢᠭᠠᠬᠠᠨ ᠴᠠᠭᠠᠨ ᠮᠤᠷᠢ ᠬᠠᠮᠠᠷ ᠶᠢᠠᠨ ᠲᠤᠷᠭᠢᠴᠢᠬᠠᠭᠰᠠᠨ ᠭᠠᠷᠤᠭᠠᠤᠨ ᠢᠷᠠᠪᠠ᠃ ᠥᠭᠡᠷ ᠤᠳ ᠡᠯᠡᠰᠤᠨ ᠥᠭᠡᠳᠡ ᠴᠤᠪᠣᠭᠠᠤᠨ ᠳᠠᠯᠳᠠ ᠣᠷᠤᠵᠤ ᠪᠠᠢ᠌ᠨ᠎ᠠ᠃

ᠮᠤᠷᠢ ᠶᠢ ᠨᠢ ᠴᠠᠯᠮᠠᠳᠠᠬᠤ ᠦᠦ︖ ᠡ᠂ ᠪᠠᠢ᠌ᠰᠭᠢᠵᠤ ᠪᠠᠢ᠌ᠶ᠎ᠠ︕ ᠨᠠᠭᠤᠷ ᠡᠴᠡ ᠪᠠᠨ ᠬᠤᠯᠠ ᠰᠢᠭ ᠭᠠᠷᠳᠤᠭᠠᠢ᠂ ᠡᠭᠦᠨ ᠢ ᠭᠦᠴᠤ ᠭᠦᠷᠴᠤ ᠶᠠᠳᠠᠮᠠᠷ ᠶᠤᠮ ᠴᠤ ᠦᠭᠡᠶ ᠰᠢᠩᠭᠢ᠁

ᠡᠪᠦᠭᠡᠨ ᠣᠷᠤᠨ ᠡᠴᠡ ᠪᠠᠨ ᠡᠪᠳᠡᠢ᠌ᠭᠡᠨ ᠪᠣᠰᠤᠭᠠᠤᠨ ᠨᠢᠭᠡ ᠴᠠᠯᠮᠠᠳᠠᠭᠰᠠᠨ ᠴᠢᠨᠢ ᠠᠮᠠᠨ ᠭᠦᠵᠦᠭᠦᠯᠦᠭᠡᠤᠨ ᠠᠪᠣᠪᠠ᠃ ᠬᠠᠢ᠂ ᠨᠤᠮᠤᠬᠠᠨ ᠶᠤᠮ ᠪᠠᠢ᠌ᠵᠠᠢ᠃ ᠬᠠᠷ᠎ᠠ ᠳᠡᠭᠡᠰᠤ ᠪᠠᠷ ᠶᠢᠡᠨ ᠬᠤᠯᠠᠭᠠᠢ ᠨᠤᠭᠳᠤ ᠳᠠᠯᠪᠢᠭᠠᠤᠨ᠂ ᠭᠤᠷᠪᠠᠨ ᠭᠦᠯ ᠶᠢ ᠨᠢ ᠴᠢᠳᠤᠷᠯᠠᠵᠤ ᠣᠶᠠᠭᠠᠤᠨ ᠫᠣᠤ ᠪᠠᠨ ᠪᠠᠷᠢᠵᠤ᠂ ᠥᠭᠡᠷ ᠤᠨ ᠬᠣᠢ᠌ᠨ᠎ᠠ ᠡᠴᠡ ᠭᠠᠷᠳᠠᠯ᠎ᠠ᠂ ᠥᠭᠡᠷ ᠤᠳ ᠪᠠᠷᠠᠭᠤᠨ ᠮᠠᠩᠬᠠᠨ ᠤ ᠭᠡᠵᠢᠭᠡ ᠳᠡᠭᠡᠭᠦᠷ ᠴᠤᠪᠣᠭᠠᠤᠨ ᠢᠷᠠᠵᠤ ᠪᠠᠢ᠌ᠭᠰᠠᠨ ᠶᠢᠡᠨ ᠡᠪᠦᠭᠡᠨ ᠡᠴᠡ ᠥᠷᠭᠦᠭᠡᠤᠨ ᠫᠢᠴᠢᠭᠢᠨᠠᠵᠤ ᠣᠤᠠᠪᠠ᠃ ᠫᠣᠤ ᠪᠠᠨ ᠲᠦᠯᠬᠢᠵᠤ ᠢᠷᠡᠭ᠍ᠰᠡᠭᠡᠷ ᠪᠦᠳᠦᠭᠦᠨ ᠠᠮᠠ ᠪᠠᠷ ᠨᠢ ᠳᠤᠰᠢᠶᠠᠯ᠎ᠠ᠃ ᠮᠡᠳᠡᠭᠦ ᠶᠤᠮ ᠦᠭᠡᠶ᠂ ᠰᠤᠮᠤ ᠨᠢ ᠯᠠ ᠴᠡᠨᠡᠭ᠌ ᠲᠡᠶ ᠪᠠᠨ ᠶᠠᠪᠣᠵᠤ ᠪᠠᠢ᠌ᠬᠤ ᠨᠢ ᠥᠵᠡᠭ᠍ᠳᠡᠨ᠎ᠡ᠃ ᠥᠭᠡᠷ ᠤᠳ ᠫᠣᠯ ᠫᠣᠯ ᠭᠡᠳᠡᠯ᠎ᠡ ᠨᠠᠭᠤᠷ ᠣᠷᠤᠭᠤ ᠪᠠᠨ ᠥᠰᠦᠷᠵᠡᠭᠡᠨ᠎ᠡ᠃ ᠶᠠᠪᠣᠭᠠᠤᠨ ᠭᠦᠷᠦᠭ᠍ᠰᠡᠨ ᠴᠢᠨᠢ᠂ ᠡᠨ ᠯᠠᠮᠠ︕ ᠨᠢᠭᠡ ᠭᠡᠷ ᠤᠨ ᠴᠢᠨᠡᠭᠡᠨ ᠪᠦᠳᠦᠭᠦᠨ ᠭᠦᠭᠡ ᠥᠭᠡᠷ ᠣᠨᠠᠴᠢᠭᠰᠠᠨ ᠪᠠᠢ᠌ᠪᠠ᠃ ᠭᠢᠴᠢᠨᠠᠨ ᠵᠤᠭᠤᠰ ᠲᠤ ᠭᠦᠷᠭᠦ ᠶᠢ ᠭᠡᠨ ᠮᠠᠳᠠᠨ᠎ᠠ᠃ ᠳᠠᠨᠢᠬᠤ ᠪᠠᠷ ᠯᠠ ᠡᠪᠠᠷ ᠳᠤᠭᠤᠷᠠᠢ ᠬᠤᠶᠠᠷ ᠨᠢ ᠪᠦᠷ ᠴᠤᠯᠠ ᠭᠦᠭᠡ ᠬᠠᠰ ᠡᠷᠳᠡᠨᠢ ᠭᠡᠵᠤ ᠮᠠᠳᠠᠪᠠ᠂ ᠪᠢᠰᠢ ᠮᠡᠳᠡᠭᠦ ᠶᠤᠮ ᠦᠭᠡᠶ᠂ ᠪᠠᠬᠠᠨ ᠠᠢ᠌ᠳᠠᠰ ᠴᠤ ᠭᠦᠷᠴᠤ ᠪᠠᠢ᠌ᠨ᠎ᠠ᠃ ᠨᠠᠰᠢ ᠴᠠᠰᠢ ᠬᠠᠯᠢᠶᠠᠪᠠᠯ ᠠᠮᠢᠳᠠᠨ ᠭᠦᠮᠤᠨ ᠭᠡᠵᠤ ᠥᠵᠡᠭ᠍ᠳᠡᠭᠦ ᠶᠠᠭᠤᠮ᠎ᠠ ᠦᠭᠡᠶ᠃

ᠠᠶ‍ᠤᠭᠰᠠᠨ ᠤ ᠦᠦ ᠰᠥᠷᠳᠡᠭ᠍ᠰᠡᠨ ᠤ ᠦᠦ᠂ ᠵᠢᠷᠦᠭᠡ ᠯᠠ ᠳᠦᠭ᠌ ᠳᠦᠭ᠌ ᠭᠡᠤᠨ ᠭᠡᠴᠡᠭᠦᠤ ᠴᠤᠭᠢᠯᠠᠵᠤ ᠪᠠᠢ᠌ᠨ᠎ᠠ᠃

ᠣᠳᠤ ᠶᠠᠭᠠᠭᠢᠳᠠᠭ ᠪᠢᠯᠠ︖ ︕ ᠬᠤᠷᠳᠤᠨ ᠬᠤᠰᠢ ᠳᠡᠭᠡᠷ᠎ᠡ ᠪᠠᠨ ᠪᠣᠴᠠᠭᠠᠤᠨ ᠮᠠᠰᠢᠨ ᠳᠡᠷᠭᠡ ᠣᠯᠬᠤ ᠠᠷᠭ᠎ᠠ ᠳᠠᠳᠠᠶ᠎ᠠ ᠭᠡᠵᠤ ᠪᠣᠳᠤᠭᠠᠤᠨ ᠡᠪᠦᠭᠡᠨ ᠬᠠᠯᠳᠠᠷ ᠮᠤᠷᠢᠨ ᠳᠠᠭᠠᠨ ᠮᠤᠷᠳᠠᠵᠤ ᠠᠪᠣᠭᠠᠤᠨ ᠬᠠᠳᠠᠷᠢᠭᠤᠯᠤᠯ᠎ᠠ᠃

ᠳᠠᠪᠣᠠᠴᠠᠭᠠᠨ ᠤ ᠪᠠᠯᠴᠢᠷ ᠲᠤ ᠭᠦᠷᠴᠤ ᠢᠷᠡᠭᠦ ᠦᠶ᠎ᠡ ᠰᠠᠢ᠌ᠭᠢ ᠭᠡᠳᠤᠨ ᠨᠥᠭᠦᠤᠨ ᠨᠢ ᠭᠡᠳᠦᠢ ᠪᠤᠭᠤ ᠠᠯᠠᠴᠢᠬᠠᠭᠰᠠᠨ ᠬᠤᠰᠢ ᠪᠠᠨ ᠪᠠᠭᠤᠯᠭᠠᠵᠤ ᠪᠠᠢ᠌ᠵᠠᠢ᠃ ᠭᠡᠴᠡᠭᠦᠤ ᠠᠭᠤᠷᠳᠠᠢ ᠯᠠ ᠪᠠᠢ᠌ᠨ᠎ᠠ᠃

ᠵᠡᠭᠦᠨ ᠮᠤᠬᠤᠷ ᠤᠨ ᠡᠭᠢᠨ ᠬᠠᠮᠠᠭᠤᠯ ᠳᠤᠳᠤᠷ᠎ᠠ ᠡᠴᠡ ᠨᠢᠭᠡ ᠠᠷᠪᠢᠨ ᠰᠠᠯᠠᠭ᠎ᠠ ᠲᠡᠶ ᠶᠠᠭᠤᠮ᠎ᠠ ᠥᠰᠦᠷᠦᠭᠡᠤᠨ ᠭᠠᠷᠤᠭᠠᠤᠨ ᠢᠷᠠᠪᠠ᠃ ᠡᠪᠦᠭᠡᠨ ᠫᠣᠤ ᠪᠠᠨ ᠠᠪᠣᠭᠰᠠᠭᠠᠷ ᠴᠥᠭᠦᠷᠡᠨ ᠰᠠᠭᠤᠭᠠᠤᠨ ᠨᠢᠭᠡ ᠳᠤᠰᠢᠶᠠᠭᠰᠠᠨ ᠴᠢᠨᠢ ᠡᠳ᠋ ᠨᠢ ᠴᠤ ᠡᠳ᠋ ᠮᠦᠨ ᠪᠠᠢ᠌ᠵᠠᠢ ᠨᠢᠳᠤ ᠲᠡᠶ ᠶᠤᠮ ᠰᠢᠩᠭᠢ᠁

ᠭᠡᠳᠦᠭᠦᠯᠡ ᠪᠣᠭᠤ ᠪᠠᠨ ᠦᠪᠴᠢᠵᠤ ᠡᠪᠠᠷ ᠮᠦᠪᠠᠷ ᠢ ᠨᠢ ᠰᠢᠪᠠᠷᠳᠠᠵᠤ ᠪᠠᠷᠢᠵᠤ ᠠᠮᠵᠢᠭᠠᠤᠨ ᠨᠢᠭᠡ ᠶᠡᠭᠡ ᠠᠷᠴᠠᠨ ᠤ ᠰᠡᠭᠦᠳᠡᠷ ᠲᠤ ᠳᠡᠭᠦᠵᠢᠯᠡᠵᠤ ᠪᠠᠢ᠌ᠳᠠᠯ᠎ᠠ᠂ ᠰᠠᠭᠰᠠᠭᠠᠷ ᠨᠤᠭᠤᠭᠠᠨ ᠠᠷᠴᠠ ᠭᠡᠨᠡᠳᠲᠡ ᠨᠢᠭᠡ ᠰᠠᠵᠢᠯᠠᠮᠠᠷ ᠪᠣᠯᠬᠤ ᠳᠤ ᠶᠡᠭᠡ ᠴᠠᠭᠠᠨ ᠰᠠᠬᠠᠯ ᠲᠡᠶ ᠡᠪᠦᠭᠡᠨ ᠪᠣᠯᠵᠤ ᠬᠤᠪᠢᠯᠤᠭᠠᠤᠨ ᠨᠥᠭᠦᠤᠨ ᠤᠳ ᠢ ᠨᠢ ᠪᠠᠷᠢᠵᠤ ᠠᠪᠣᠮᠠᠭᠴᠠ᠄

ᠪᠢ ᠪᠣᠯ ᠳᠠᠪᠣᠠᠴᠠᠭᠠᠨ ᠤ ᠨᠢᠭᠡ ᠨᠢ ᠪᠠᠢ᠌ᠨ᠎ᠠ᠂ ᠴᠢᠨᠤᠰ ᠮᠢᠨᠤ ᠪᠣᠭᠤ ᠶᠢ ᠶᠠᠭᠤᠨ ᠳᠤ ᠠᠯᠠᠪᠠ︖ ᠭᠡᠭᠦ ᠨᠢ ᠳᠠᠷᠠ᠃

ᠳᠠᠭᠢᠭᠠᠤᠨ ᠨᠢᠭᠡ ᠮᠡᠳᠡᠭᠦ ᠳᠤ ᠳᠠᠪᠤᠨ ᠶᠡᠭᠡ ᠴᠠᠭᠠᠨ ᠰᠠᠬᠠᠯ ᠲᠡᠶ ᠡᠪᠦᠭᠡᠤᠨ ᠢᠷᠡᠴᠢᠭᠡᠭ᠍ᠰᠡᠨ᠄

— ᠪᠢᠳᠠ ᠪᠣᠯ ᠳᠠᠪᠣᠠᠴᠠᠭᠠᠨ ᠤ ᠭᠢᠨ ᠪᠠᠢ᠌ᠨ᠎ᠠ ᠭᠡᠵᠡᠭᠡᠨ ᠬᠣᠢ᠌ᠨ᠎ᠠ ᠬᠣᠢ᠌ᠨ᠎ᠠ ᠡᠴᠡ ᠪᠠᠨ ᠢᠷᠠᠵᠤ ᠳᠠᠪᠣᠭᠤᠯᠠ ᠵᠡᠷᠭᠡᠴᠡᠨ ᠵᠤᠭᠰᠤᠭᠠᠤᠨ᠄

— ᠭᠡᠨ ᠮᠢᠨᠤ ᠪᠣᠭᠤ ᠶᠢ ᠠᠯᠠᠪᠠ︖

— ᠭᠡᠨ ᠮᠢᠨᠤ ᠣᠰᠤᠨ ᠥᠭᠡᠷ ᠢ ᠠᠯᠠᠪᠠ︖

— ᠭᠡᠨ ᠮᠢᠨᠤ ᠣᠭᠠᠯᠵᠠ ᠶᠢ ᠠᠯᠠᠪᠠ︖

— ᠭᠡᠨ ᠮᠢᠨᠤ ᠴᠠᠭᠠᠨ ᠮᠤᠷᠢ ᠶᠢ ᠠᠯᠠᠪᠠ︖

— ᠭᠡᠨ ᠮᠢᠨᠤ ᠠᠷᠴᠠ ᠬᠠᠷᠭᠠᠢ ᠶᠢ ᠳᠠᠢ᠌ᠷᠠᠪᠠ︖ ᠁ ᠭᠡᠴᠢᠭ᠍ᠰᠡᠨ ᠨᠢᠭᠡ ᠨᠢᠭᠡᠨ ᠡᠴᠡ ᠪᠠᠨ ᠭᠡᠴᠡᠭᠦᠤ ᠵᠠᠩᠨᠠᠵᠤ ᠪᠠᠢ᠌ᠨ᠎ᠠ᠃ ᠵᠠ︕ ᠢᠩᠭᠢᠵᠤ ᠯᠠ ᠥᠭᠦᠳᠡᠭ᠌ ᠪᠠᠢ᠌ᠵᠠᠢ᠃ ᠳᠠᠪᠣᠠᠴᠠᠭᠠᠨ ᠭᠡᠭ᠍ᠴᠢ ᠨᠢ ᠡᠢ᠌ᠮᠤ ᠯᠠ ᠪᠠᠢ᠌ᠳᠠᠭ ᠪᠠᠢ᠌ᠵᠠᠢ ᠭᠡᠵᠤ ᠪᠣᠳᠤᠳᠠᠯ᠎ᠠ᠄

— ᠴᠢᠨᠤᠰ ᠦᠵᠡ︕ ᠳᠠᠷᠠ ᠶᠠᠭᠤ ᠪᠣᠢ︖ ᠭᠡᠵᠤ ᠪᠠᠢ᠌ᠨ᠎ᠠ᠃

ᠳᠡᠷᠢᠭᠦᠨ ᠡᠷᠭᠢᠨ ᠬᠠᠯᠢᠶᠠᠪᠠᠯ ᠰᠠᠢ᠌ᠭᠢ ᠥᠭᠡᠷ᠂ ᠪᠣᠭᠤ᠂ ᠣᠭᠠᠯᠵᠠ᠂ ᠮᠤᠷᠢ᠂ ᠮᠤᠳᠤ ᠪᠦᠭᠦᠳᠡ ᠶᠢ ᠠᠪᠴᠢᠷᠠᠭᠠᠤᠨ ᠵᠡᠷᠭᠡᠴᠡᠭᠦᠯᠦᠭᠡᠤᠨ ᠳᠠᠯᠪᠢᠴᠢᠬᠠᠵᠠᠢ᠃ ᠬᠠᠵᠠᠭᠤ ᠳ᠋ᠤᠨᠢ ᠰᠠᠢ᠌ᠭᠢ ᠮᠤᠳᠤ ᠠᠴᠢᠭᠠᠤᠨ ᠶᠠᠪᠣᠭᠰᠠᠨ ᠢᠮᠠᠭᠠᠨ ᠰᠠᠬᠠᠯᠳᠤ ᠡᠪᠦᠭᠡᠨ ᠢ ᠴᠤ ᠪᠦᠭ᠍ᠴᠥᠢᠯᠡᠭᠡᠤᠨ ᠵᠤᠭᠰᠤᠭᠠᠴᠢᠬᠠᠭᠰᠠᠨ ᠪᠠᠢ᠌ᠨ᠎ᠠ᠃ 《ᠵᠠ︕ ᠬᠤᠪᠳᠤᠭ ᠬᠤᠤᠷᠠᠨ ᠳᠤ ᠬᠠᠷᠭᠤᠨ᠎ᠠ》 ᠭᠡᠭ᠍ᠴᠢ ᠨᠢ ᠦᠨᠡᠨ ᠪᠠᠢ᠌ᠵᠠᠢ᠃ ᠢᠩᠭᠢᠵᠤ ᠯᠠ ᠳᠦᠭᠦᠷᠳᠡᠭ᠌ ᠪᠠᠢ᠌ᠵᠠᠢ ᠭᠡᠮᠡᠨ ᠪᠣᠳᠤᠵᠤ ᠪᠠᠢ᠌ᠳᠠᠯ᠎ᠠ᠄

— ᠵᠤᠩᠳᠤᠤ ᠠᠯᠠᠯ᠎ᠠ︕ ᠵᠤᠩᠳᠤᠤ ᠮᠤᠳᠤ ᠳᠠᠢ᠌ᠷᠠᠯ᠎ᠠ᠃ ᠳᠠᠪᠣᠠᠴᠠᠭᠠᠨ ᠳᠤ ᠶᠠᠪᠣᠶ᠎ᠠ ᠭᠡᠵᠤ ᠮᠦᠨ ᠵᠤᠩᠳᠤᠤ ᠵᠠᠮᠴᠢᠯᠠᠯ᠎ᠠ︕ ᠭᠡᠵᠡᠭᠡᠨ ᠪᠦᠭᠦᠳᠡᠭᠡᠷ ᠶᠢᠡᠨ ᠳᠡᠭᠦᠨ ᠤ ᠥᠭᠡᠳᠡ ᠬᠤᠷᠤᠭᠤ ᠪᠠᠨ ᠭᠤᠵᠣᠢ᠌ᠯᠭᠠᠵᠠᠢ᠃

ᠶᠡᠭᠡ ᠴᠠᠭᠠᠨ ᠡᠪᠦᠭᠡᠨ ᠨᠢ ᠵᠤᠩᠳᠤᠤ ᠶᠢᠨ ᠡᠮᠦᠨ᠎ᠡ ᠭᠦᠷᠴᠤ ᠢᠷᠡᠭᠡᠤᠨ᠄

— ᠬᠠᠷ᠎ᠠ ᠬᠤᠤᠷᠠᠳᠠᠨ ᠴᠢᠮᠢ᠋ᠢ ᠪᠢ ᠰᠢᠦᠡᠭᠡᠭᠦ ᠭᠠᠵᠠᠷ ᠳᠤᠰᠢᠶᠠᠵᠤ ᠦᠭ‍ᠭᠦᠶ᠎ᠡ ᠭᠡᠤᠨ ᠭᠠᠷ ᠡᠴᠡ ᠨᠢ ᠪᠠᠷᠢᠭᠠᠤᠨ ᠪᠠᠭᠤᠤ ᠶᠢ ᠨᠢ ᠳᠠᠮᠤᠷ ᠳᠤᠱᠠ ᠪᠠᠷ 《ᠱᠠᠭ》 ᠭᠡᠳᠡᠯ᠎ᠡ ᠣᠭᠤᠰᠤᠷᠯᠠᠵᠤ ᠠᠪᠳᠠᠯ᠎ᠠ ᠡᠪᠦᠭᠡᠨ ᠴᠤ ᠰᠤᠴᠢᠵᠤ ᠰᠡᠷᠡᠭᠡᠤᠨ ᠥᠡᠳᠡᠢ᠌ᠰᠭᠡᠨ ᠵᠤᠭᠰᠤᠪᠠ᠃

ᠳᠠᠷᠠ ᠨᠣᠢ᠌ᠷᠮᠠᠭ ᠨᠢᠳᠤ ᠪᠠᠨ ᠨᠤᠬᠤᠯᠭᠢᠯᠠᠨ ᠰᠠᠢ᠌ᠳᠤᠷ ᠠᠵᠢᠭᠯᠠᠭᠰᠠᠨ ᠴᠢᠨᠢ ᠳᠡᠭᠦᠨ ᠤ ᠡᠮᠦᠨ᠎ᠡ ᠭᠡᠳᠤᠨ ᠴᠠᠭᠳᠠᠭ᠎ᠠ ᠰᠥᠷᠳᠡᠢ᠌ᠭᠡᠨ ᠰᠢᠷᠳᠡᠭᠡᠤᠨ ᠵᠤᠭᠰᠤᠵᠤ ᠪᠠᠢ᠌ᠪᠠ᠃


(《ᠴᠡᠴᠡᠭ᠍ᠳᠤ ᠴᠠᠢ᠌ᠳᠠᠮ》 1991 ᠣᠨ ᠤ 3 ᠳ᠋ᠤᠭᠠᠷ ᠬᠤᠭᠤᠴᠠᠭ᠎ᠠ)

ᠵᠤᠬᠢᠶᠠᠭᠴᠢ᠄ ᠸᠠᠩ ᠼᠠᠢ ᠬᠤᠧᠨ
ᠢᠷᠡᠯᠲᠡ᠄ ᠨᠡᠷᠡᠡᠴᠡᠴᠡᠭ᠌
ᠳᠠᠷᠤᠮ᠄ 3043
ᠴᠠᠭ᠄ 2006 ᠤᠨ ᠤ 07 ᠰᠠᠷ᠎ᠠ ᠶᠢᠨ 20
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠳᠠᠪᠣᠠᠴᠠᠭᠠᠨ ᠤ ᠰᠢ᠌ᠦᠡᠭᠡᠯ