ᠮᠦᠷᠦᠭᠡᠳᠦᠯ ᠤᠨ ᠮᠢᠩᠭ᠋ᠠᠨ ᠭᠡᠯᠳᠡᠰ
᠊᠊᠊᠊᠊᠊᠊᠊᠊᠊᠊᠊᠊᠊᠊ ᠬᠠᠩᠰᠢᠨ ᠤ ᠡᠳᠦᠷ ᠠᠪᠣ ᠶᠢᠨ ᠪᠣᠩᠬᠤᠨ ᠳᠤ ᠪᠠᠷᠠᠭᠠᠳᠠᠭᠠᠤᠨ

          

ᠨᠠᠮᠵᠢᠭᠤᠨ ᠱᠤᠤᠭᠢᠬᠤ ᠭᠦᠡᠳᠡᠯᠡᠨ ᠭᠤᠤᠯ

᠊ᠭ᠍‍ᠬᠢᠷ ᠦᠭᠡᠶ ᠳᠤᠩᠭ᠋ᠠᠯᠠᠭ ᠰᠢᠵᠢᠷᠳᠦᠭᠡᠳ

ᠨᠠᠭᠢᠶᠠᠯᠠᠨ ᠨᠤᠭᠤᠭᠠᠷᠠᠬᠤ ᠪᠣᠷᠭᠠᠰᠤᠨ ᠮᠦᠴᠢᠷ ᠲᠤ

ᠮᠦᠷᠦᠭᠡᠳᠦᠯ ᠤᠨ ᠭᠡᠯᠳᠡᠰ ᠨᠠᠭᠢᠶᠠᠯᠠᠨ᠎ᠠ

ᠭᠡᠯᠭᠢᠶᠡᠷᠡᠨ ᠨᠢᠰᠭᠦ ᠭᠠᠯᠠᠭᠤᠨ ᠴᠤᠪᠣᠭᠠᠤᠨ ᠤᠨ

ᠭᠠᠩᠭ᠋ᠠᠨᠠᠩᠬᠠᠨ ᠬᠤᠯᠠᠳᠠᠬᠤ ᠪᠠᠷ᠎ᠠ

ᠠᠪᠣ ᠪᠠᠨ ᠳᠠᠭᠠᠵᠤ ᠰᠤᠶᠤᠯ ᠭᠦᠭᠡᠭᠡᠭ᠍ᠰᠡᠨ

ᠬᠡᠦᠬᠡᠳ ᠨᠠᠰᠤ ᠶᠢ ᠮᠢᠨᠢ ᠰᠠᠨᠠᠭᠳᠠᠭᠤᠯᠤᠨ᠎ᠠ

ᠳᠤᠷᠠᠰᠤᠯ ᠮᠦᠷᠦᠭᠡᠳᠦᠯ ᠤᠨ ᠨᠤᠮᠢᠨ ᠳᠠᠯ᠎ᠠ ᠡᠴᠡ

ᠠᠪᠣ ᠶᠢᠨ ᠮᠢᠨᠢ ᠴᠤᠭᠤᠷ ᠰᠤᠨᠤᠰᠳᠠᠵᠤ

ᠳᠤᠭ᠎ᠠ ᠲᠡᠶ ᠵᠠᠭᠢᠳᠠᠭ ᠭᠡᠳᠦᠭᠡᠨ ᠥᠭᠡ ᠨᠢ

ᠴᠢᠭᠢᠨ ᠰᠤᠨᠤᠷ ᠲᠤ ᠬᠠᠳᠠᠩᠰᠢᠭᠰᠠᠭᠠᠷ

ᠰᠠᠷᠠᠭᠤᠯ ᠳᠢᠩᠭᠢᠮ ᠳᠤ ᠴᠡᠭᠡᠯᠭᠡᠨ ᠣᠩᠰᠢᠯᠭ᠎ᠠ

ᠰᠡᠳᠭᠢᠯ ᠤᠨ ᠭᠦᠭ᠌ ᠢ ᠳᠡᠯᠡᠳᠦᠭ᠍ᠰᠡᠭᠡᠷ

ᠰᠠᠨᠠᠭ᠎ᠠ ᠠᠭᠤᠵᠢᠮ ᠠᠪᠣ ᠶᠢᠨ ᠮᠢᠨᠢ

ᠭᠦᠯ ᠤᠨ ᠮᠦᠷ ᠢ ᠳᠠᠮᠠᠭᠠᠯᠠᠭᠰᠠᠭᠠᠷ

ᠣᠸ᠎ᠠ ᠶᠢᠨ ᠪᠢᠷ ᠤᠨ ᠭᠡᠮᠭᠡᠳᠡᠭ᠌

ᠣᠷᠤᠢ ᠶᠢᠨ ᠴᠢᠨᠢ ᠦᠰᠦ ᠶᠢ ᠪᠣᠭᠤᠷᠤᠯᠳᠤᠯᠠᠭ᠎ᠠ ᠦᠭᠡᠶ

ᠣᠷᠤᠭ᠎ᠠ ᠪᠣᠰᠬᠠᠭ᠎ᠠ ᠡᠳᠦᠷ ᠬᠤᠨᠤᠭ ᠲᠤ

ᠠᠤᠭ᠎ᠠ ᠭᠦᠰᠡᠯ ᠴᠢᠨᠢ ᠭᠣᠢ᠌ᠪᠠᠭ᠎ᠠ ᠦᠭᠡᠶ

ᠬᠤᠷᠢᠨ ᠭᠡᠳᠤᠨ ᠭᠠᠵᠠᠷ ᠤᠨ ᠬᠤᠯᠠ ᠶᠢ

ᠬᠤᠷᠢᠨ ᠭᠡᠳᠤᠨ ᠵᠢᠯ ᠠᠶᠠᠯᠠᠭᠰᠠᠭᠠᠷ ᠳᠠᠰᠤᠯ᠎ᠠ

ᠬᠤᠨᠤᠭ ᠳᠠᠰᠤᠷᠠᠮᠠᠷᠬᠠᠨ ᠬᠠᠳᠠᠭᠤ ᠡᠷᠡᠨ ᠢ

ᠭᠦᠴᠤ ᠮᠦᠰᠤ ᠪᠠᠷ ᠶᠢᠡᠨ ᠳᠠᠭᠤᠯᠠᠵᠤ ᠢᠷᠠᠯ᠎ᠠ

ᠰᠢᠪᠠᠷᠡᠭᠡ ᠬᠤᠷ᠎ᠠ ᠲᠡᠶ ᠬᠠᠩᠰᠢᠨ ᠤ ᠡᠳᠦᠷ

ᠪᠣᠩᠬᠤᠨ ᠳᠤ ᠴᠢᠨᠢ ᠪᠠᠷᠠᠭᠠᠳᠠᠬᠤ ᠳᠤ

ᠬᠠᠭᠤᠴᠢᠨ ᠳᠤᠷᠠᠰᠤᠮᠵᠢ ᠨᠤᠯᠭᠤᠷᠤᠨ ᠪᠣᠰᠴᠤ

ᠰᠡᠳᠭᠢᠯ ᠤᠨ ᠦᠷᠢ ᠲᠡᠶ ᠰᠢᠨᠠᠯᠤᠨ᠎ᠠ

ᠴᠢᠭᠢᠭ᠌ ᠤᠨ ᠦᠨᠦᠷ ᠬᠠᠮᠠᠷ ᠴᠤᠷᠭᠢᠵᠤ

ᠭᠦᠭᠡ ᠡᠪᠠᠰᠤ ᠨᠠᠭᠢᠶᠠᠯᠠᠭᠰᠠᠨ ᠴᠤ

ᠭᠤᠯᠭᠤᠢ ᠴᠡᠴᠡᠭ᠌ ᠳᠡᠯᠭᠡᠷᠡᠭᠦ ᠭᠠᠵᠠᠷ ᠥᠭᠡᠢ᠌ᠳᠡᠨ

ᠮᠠᠨᠠᠷᠠᠬᠤ ᠡᠯᠡᠰᠤ ᠨᠠᠷᠠ ᠶᠢ ᠵᠠᠯᠭᠢᠭᠰᠠᠭᠠᠷ ᠢᠷᠠᠨ᠎ᠠ

ᠠᠪᠣ ᠶᠢᠨ ᠠᠳᠤᠭᠤ ᠳᠠᠯ᠎ᠠ ᠡᠴᠡ ᠪᠠᠨ ᠳᠠᠰᠤᠷᠠᠵᠤ

ᠠᠶᠠᠷ ᠠᠶᠠᠷᠬᠠᠨ ᠬᠤᠯᠳᠠᠭᠰᠠᠭᠠᠷ

ᠠᠪᠣ ᠶᠢᠨ ᠬᠡᠦᠬᠡᠳ ᠠᠷᠢᠭᠢ ᠲᠡᠶ ᠨᠤᠤᠷᠠᠵᠤ

ᠠᠯᠭᠤᠷ ᠠᠯᠭᠤᠷᠬᠠᠨ ᠴᠠᠰᠢᠯᠠᠭᠰᠠᠭᠠᠷ

ᠳᠠᠩᠰᠤᠭ ᠪᠣᠶᠠᠠᠳᠤ ᠳᠠᠪᠤᠨ ᠬᠤᠰᠢᠭᠤᠳᠤ ᠪᠠᠨ

ᠰᠦᠷᠦᠭ᠌ ᠰᠦᠷᠦᠭ᠌ ᠶᠢᠡᠷ ᠴᠥᠯᠡᠭ᠍ᠰᠡᠭᠡᠷ

ᠮᠢᠬᠠᠨ ᠳᠠᠭᠢᠶ᠎ᠠ ᠵᠠᠭᠤᠭᠠᠤᠨ ᠳᠡᠵᠢᠭᠡᠵᠤ

ᠣᠷᠤᠯᠭ᠎ᠠ ᠰᠠᠢ᠌ᠨ ᠭᠡᠵᠤ ᠮᠢᠯᠢᠶᠠᠭᠰᠠᠭᠠᠷ ᠁

ᠨᠠᠮᠵᠢᠭᠤᠨ ᠱᠤᠤᠭᠢᠬᠤ ᠭᠦᠡᠳᠡᠯᠡᠨ ᠭᠤᠤᠯ

᠊ᠭ᠍‍ᠬᠢᠷ ᠦᠭᠡᠶ ᠳᠤᠩᠭ᠋ᠠᠯᠠᠭ ᠰᠢᠵᠢᠷᠳᠦᠭᠡᠳ

ᠨᠠᠭᠢᠶᠠᠯᠠᠨ ᠨᠤᠭᠤᠭᠠᠷᠠᠬᠤ ᠪᠣᠷᠭᠠᠰᠤᠨ ᠮᠦᠴᠢᠷ

ᠶᠠᠭᠤ ᠨᠢᠭᠡ ᠶᠢ ᠰᠡᠳᠭᠢᠭᠦᠯᠭᠦ ᠦᠭᠡᠶ ᠦᠦ︖

ᠡᠷᠳᠡ ᠢᠷᠡᠭ᠍ᠰᠡᠨ ᠷᠠᠰᠢᠶᠠᠨ ᠬᠤᠷ᠎ᠠ

ᠡᠯᠪᠠᠭ᠌ ᠵᠢᠯ ᠢ ᠮᠡᠳᠡᠭᠡᠯᠡᠪᠡ

ᠡᠰᠡᠷᠡᠭ᠌ ᠠᠮᠢᠳᠤᠷᠠᠯ᠂ ᠳᠦᠷᠤ ᠶᠢᠨ ᠪᠣᠳᠤᠯᠭ᠎ᠠ

ᠵᠠᠰᠠᠭ ᠤᠨ ᠰᠠᠢ᠌ᠬᠠᠨ ᠢ ᠮᠡᠳᠡᠭᠦᠯᠪᠡ

ᠲᠦᠮᠡᠨ ᠪᠣᠳᠠᠰ ᠲᠦᠯᠵᠢᠨ ᠡᠰᠡᠨᠢᠭᠦ

ᠣᠷᠢᠬᠠᠨ ᠬᠠᠪᠣᠷ ᠢᠷᠠᠯ᠎ᠠ

ᠰᠡᠷᠢᠭᠡᠴᠢ︕

ᠵᠡᠭᠦᠳᠤᠨ ᠨᠤᠭᠤᠭᠠᠨ ᠳᠠᠯ᠎ᠠ ᠮᠢᠨᠢ

ᠰᠡᠷᠢᠭᠡᠴᠢ︕

ᠳᠡᠦᠭᠡ ᠪᠦᠳᠦᠭᠡᠭ᠍ᠰᠡᠨ ᠠᠷᠠᠤᠨ ᠲᠦᠮᠡᠨ ᠮᠢᠨᠢ ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠬᠠᠷᠢᠶ᠎ᠠ᠄ ᠰᠢᠯᠦᠭ
ᠳᠠᠷᠤᠮ᠄ 1864
ᠴᠠᠭ᠄ 2011 ᠤᠨ ᠤ 05 ᠰᠠᠷ᠎ᠠ ᠶᠢᠨ 04