ᠨᠤᠳᠤᠭ ᠤᠨ ᠪᠣᠭᠤᠷᠤᠯᠴᠤᠳ ᠤᠨ ᠡᠷᠭᠢᠴᠡᠭᠦᠯᠦᠯ

ᠠᠰᠠᠷᠳᠤ ᠶᠢᠨ ᠵᠡᠭᠡᠯᠢ ᠡᠴᠡ ᠮᠠᠰᠢᠨ ᠳᠤ ᠰᠠᠭᠤᠭᠠᠤᠨ

ᠠᠶᠠᠯᠠᠯ ᠤᠨ ᠵᠠᠪ ᠶᠢᠡᠷ ᠭᠦᠳᠡᠭᠡ ᠳᠡᠭᠡᠨ ᠭᠦᠷᠭᠦ ᠳ᠋ᠤ

ᠠᠭᠰᠢᠷᠭ᠎ᠠ ᠨᠠᠰᠤᠨ ᠤ ᠪᠣᠭᠤᠷᠤᠯᠴᠤᠳ ᠲᠡᠶ ᠪᠠᠨ ᠣᠴᠠᠷᠠᠪᠠ

ᠠᠷᠪᠢᠨ ᠣᠯᠠᠨ ᠵᠤᠭᠤᠭ ᠢ ᠨᠢ ᠰᠤᠨᠤᠰᠪᠠ

ᠪᠣᠭᠤᠷᠤᠯ ᠳᠤᠮᠤᠭᠠᠳᠤ ᠨᠤᠳᠤᠭ ᠤᠨ ᠨᠠᠰᠤᠳᠠᠤᠨ

ᠪᠠᠳᠠᠷᠠᠯ ᠶᠢᠡᠷ ᠪᠢᠯᠬᠠᠭᠰᠠᠨ ᠦᠨᠦᠳᠤᠷ ᠶᠢᠡᠨ ᠪᠠᠬᠠᠳᠤᠨ᠎ᠠ

ᠪᠠᠢ᠌ᠭᠠᠯᠢ ᠶᠢᠨ ᠳᠤᠬᠠᠢ ᠶᠠᠷᠢᠭᠠᠤᠨ ᠢᠷᠡᠭᠦ ᠳ᠋ᠤ

ᠪᠣᠳᠤᠯᠭ᠎ᠠ ᠪᠣᠯᠤᠭᠰᠠᠨ ᠰᠢᠭ ᠡᠷᠭᠢᠴᠡᠭᠦᠯᠦᠯ ᠡᠭᠦᠰᠭᠡᠨ᠎ᠡ ᠄

《ᠳᠠ᠊ ᠊᠊᠊᠊᠊᠊᠊᠊᠊᠊᠊᠊᠊᠊᠊ ᠷᠠ ᠦᠶ᠎ᠡ ᠶᠢᠨ ᠳᠠᠷᠠ ᠰᠠᠢ᠌ᠬᠠᠨ

ᠳᠡᠩᠭᠡᠯᠡᠭᠦᠨ ᠪᠠᠢ᠌ᠭᠠᠯᠢ ᠲᠡᠶ ᠡᠨᠡ ᠣᠷᠤᠨ ᠳ᠋ᠤ

ᠳᠡᠨᠢᠭᠦᠨ ᠠᠭᠠᠷ ᠨᠢ ᠴᠡᠩᠭᠡᠷ ᠪᠠᠢ᠌ᠯ᠎ᠠ

ᠳᠡᠭ᠍ᠷᠢ ᠶᠢᠨ ᠮᠠᠯᠮᠠᠢ ᠨᠢ ᠢᠨᠢᠶᠡᠮᠰᠦᠭ᠌ ᠪᠠᠢ᠌ᠯ᠎ᠠ

ᠳᠤᠭᠳᠤᠯᠵᠤ ᠪᠠᠶᠠᠷᠯᠠᠬᠤ ᠪᠣᠯᠭᠠᠨ ᠳ᠋ᠠᠭᠠᠨ

ᠳᠤᠰᠤᠷᠬᠠᠭ ᠪᠣᠷᠤᠭᠠᠨ ᠶᠢᠡᠷ ᠭᠦᠯᠦᠷᠡᠳᠡᠭ᠌ ᠪᠠᠢ᠌ᠯ᠎ᠠ

ᠭᠠᠵᠠᠷ ᠤᠨ ᠥᠩᠭᠡ ᠨᠢ ᠨᠤᠭᠤᠭᠠᠨ ᠪᠠᠢ᠌ᠯ᠎ᠠ

ᠭᠠᠩᠭ᠋ᠠᠩ ᠦᠵᠡᠮᠵᠢ ᠪᠠᠨ ᠭᠠᠢ᠌ᠬᠠᠭᠤᠯᠳᠠᠭ ᠪᠠᠢ᠌ᠯ᠎ᠠ

ᠵᠣᠢ᠌ᠯ ᠤᠨ ᠴᠡᠴᠡᠭᠡᠰ ᠶᠢᠡᠨ ᠮᠢᠷᠠᠯᠵᠠᠭᠤᠯᠴᠢᠬᠠᠭᠠᠤᠨ

ᠵᠥᠭᠡᠢ ᠡᠷᠪᠠᠭᠡᠢ ᠪᠠᠨ ᠶᠠᠭᠠᠷᠠᠭᠤᠯᠳᠠᠭ ᠪᠠᠢ᠌ᠯ᠎ᠠ

ᠣᠰᠤ ᠮᠦᠷᠠᠨ ᠨᠢ ᠳᠤᠩᠭ᠋ᠠᠯᠠᠭ ᠪᠠᠢ᠌ᠯ᠎ᠠ

ᠠᠭᠤᠯᠠ ᠳᠠᠯ᠎ᠠ ᠪᠠᠨ ᠳᠤᠯᠢᠳᠠᠳᠠᠭ ᠪᠠᠢ᠌ᠯ᠎ᠠ

ᠭᠡᠪᠠᠯᠢ ᠳᠦᠭᠦᠷᠡᠩ ᠬᠠᠯᠭᠢᠯᠠᠴᠢᠬᠠᠭᠠᠤᠨ

ᠬᠤᠯᠠ ᠶᠢᠨ ᠭᠠᠯᠠᠭᠤᠳ ᠶᠢᠡᠨ ᠱᠤᠩᠪᠠᠭᠤᠯᠳᠠᠭ ᠪᠠᠢ᠌ᠯ᠎ᠠ

ᠣᠷᠭᠤᠮᠠᠯ ᠣᠢ ᠨᠢ ᠰᠠᠬᠤᠯᠢᠭ ᠪᠠᠢ᠌ᠯ᠎ᠠ

ᠣᠷᠤᠮᠳᠠᠬᠤ ᠪᠣᠭᠤ ᠨᠢ ᠵᠢᠷᠭᠠᠳᠠᠭ ᠪᠠᠢ᠌ᠯ᠎ᠠ

ᠣᠭᠤᠨᠤ ᠭᠦᠷᠦᠭᠡᠰᠤ ᠪᠠᠨ ᠡᠷᠭᠡᠯᠡᠭᠦᠯᠴᠢᠭᠡᠭᠡᠳ

ᠣᠯᠠᠨ ᠰᠢᠪᠠᠭᠤᠳ ᠶᠢᠡᠨ ᠣᠶᠠᠩᠭ᠋ᠠᠯᠠᠭᠤᠯᠳᠠᠭ ᠪᠠᠢ᠌ᠯ᠎ᠠ

ᠮᠥᠭᠦ ᠨᠢ ᠮᠦᠨ ᠴᠤ ᠡᠯᠪᠠᠭ᠌ ᠪᠠᠢ᠌ᠯ᠎ᠠ

ᠮᠥᠩᠭᠦᠨ ᠳᠤᠪᠤᠷᠤᠤ ᠰᠢᠭ ᠳᠦᠭᠡᠴᠢᠭᠡᠳᠡᠭ᠌ ᠪᠠᠢ᠌ᠯ᠎ᠠ

ᠳᠤᠭᠤᠷᠢᠮ ᠢ ᠨᠢ ᠡᠷᠭᠢᠭᠦ ᠳᠤ ᠬᠤᠷᠤᠬᠠᠢ ᠳᠠᠷᠤᠭᠠᠤᠨ

ᠳᠤᠮᠤ ᠰᠠᠭᠰᠤ ᠪᠠᠷ ᠳᠠᠮᠨᠠᠭᠤᠯᠳᠠᠭ ᠪᠠᠢ᠌ᠯ᠎ᠠ

ᠡᠮ ᠡᠷᠳᠡᠨᠢ ᠨᠢ ᠡᠯᠳᠡᠩ ᠯᠠ ᠪᠠᠢ᠌ᠯ᠎ᠠ

ᠡᠳ᠋ᠯᠡᠵᠤ ᠳᠡᠭᠦᠳᠡᠭ᠌ ᠴᠤ ᠬᠠᠮᠠᠭᠠᠯᠠᠳᠠᠭ ᠪᠠᠢ᠌ᠯ᠎ᠠ

ᠡᠮᠵᠡᠭᠯᠡᠵᠤ ᠰᠠᠠᠳᠤᠷᠬᠤ ᠳᠠᠭᠠᠨ ᠠᠪᠣᠭᠠᠤᠨ ᠵᠠᠷᠤᠪᠠᠯ

ᠡᠷᠡᠭᠦᠯ ᠡᠩᠬᠡ ᠶᠢ ᠪᠠᠳᠤᠯᠠᠴᠢᠬᠠᠳᠠᠭ ᠪᠠᠢ᠌ᠯ᠎ᠠ

ᠴᠠᠢ᠌ᠳᠠᠮ ᠭᠦᠡᠳᠡᠢ ᠨᠢ ᠪᠠᠢ᠌ᠭᠠᠯᠢᠯᠢᠭ ᠪᠠᠢ᠌ᠯ᠎ᠠ

ᠴᠢᠨ᠋ᠸ᠎ᠠ ᠠᠷᠢᠶᠠᠳᠠᠨ ᠤ ᠠᠢ᠌ᠬᠤᠪᠳᠤᠷ ᠲᠡᠶ ᠪᠠᠢ᠌ᠯ᠎ᠠ

ᠴᠡᠪᠠᠷᠰᠢᠭᠦᠯᠦᠭ᠍ᠴᠢ ᠠᠷᠢᠶᠠᠳᠠᠨ ᠣᠯᠠᠨ ᠪᠠᠢ᠌ᠭᠰᠠᠨ ᠡᠴᠡ

ᠴᠢᠪᠢᠯᠳᠤ ᠭᠢᠵᠢᠭ᠌ ᠴᠤ ᠴᠥᠭᠡᠨ ᠯᠠ ᠪᠠᠢ᠌ᠯ᠎ᠠ

ᠬᠠᠳᠠ ᠬᠠᠢ᠌ᠷᠬᠠᠤᠨ ᠨᠢ ᠣᠩᠭ᠋ᠤᠨ ᠪᠠᠢ᠌ᠯ᠎ᠠ

ᠬᠠᠷᠴᠠᠭᠠᠢ ᠪᠦᠷᠭᠦᠤᠨ ᠤᠨ ᠥᠯᠦᠭᠡᠢ ᠨᠢ ᠪᠠᠢ᠌ᠯ᠎ᠠ

ᠬᠠᠢ᠌ᠷ᠎ᠠ ᠰᠢᠳᠦᠭᠡᠡᠳᠤ ᠠᠭᠤᠯᠠᠰ ᠶᠢᠡᠨ ᠳᠠᠭᠢᠳᠠᠭ ᠡᠴᠡ

ᠬᠠᠨ ᠪᠠᠢ᠌ᠭᠠᠯᠢ ᠨᠢ ᠥᠭ᠍‍ᠭᠢᠶᠡᠮᠦᠷ ᠪᠠᠢ᠌ᠯ᠎ᠠ

ᠳᠠᠪᠤᠨ ᠬᠤᠰᠢᠭᠤᠳᠤ ᠨᠢ ᠦᠰᠴᠦ ᠯᠠ ᠪᠠᠢ᠌ᠯ᠎ᠠ

ᠳᠠᠷᠬᠠᠨ ᠪᠠᠯᠴᠢᠭᠦ ᠣᠳᠤᠳ ᠰᠢᠭ ᠪᠠᠢ᠌ᠯ᠎ᠠ

ᠳᠠᠩᠰᠤᠭ ᠠᠮᠢᠳᠤᠷᠠᠯ ᠤᠨ ᠣᠠᠳᠤᠷᠤᠯ ᠪᠣᠯᠤᠭᠠᠤᠨ

ᠳᠢᠪ ᠶ‍ᠢᠷᠳᠢᠠᠴᠤ ᠶᠢᠨ ᠪᠠᠬᠠᠷᠬᠠᠯ ᠪᠠᠢ᠌ᠯ᠎ᠠ

ᠣᠯᠤᠰ ᠨᠢ ᠣᠯᠠᠷᠢᠯ ᠢ ᠲᠠᠭᠠᠨ ᠨᠡᠭᠦᠳᠡᠯᠯᠡᠵᠤ

ᠣᠰᠤ ᠪᠠᠯᠴᠢᠭᠡᠷ ᠶᠢᠡᠨ ᠠᠮᠤᠰᠭᠢᠭᠤᠯᠳᠠᠭ ᠪᠠᠢ᠌ᠯ᠎ᠠ

ᠪᠠᠢ᠌ᠭᠠᠯᠢ ᠪᠠᠢ᠌ᠮᠠᠠᠵᠢᠨ ᠪᠢᠳᠠ ᠪᠠᠢ᠌ᠳᠠᠭ ᠭᠡᠵᠤ

ᠪᠠᠶ᠎ᠠ ᠴᠤᠭᠴᠠᠰ ᠶᠢᠡᠨ ᠰᠢᠭ᠌ ᠬᠠᠢ᠌ᠷᠠᠯᠠᠳᠠᠭ ᠪᠠᠢ᠌ᠯ᠎ᠠ

ᠠᠷᠠᠤᠨ ᠢᠷᠭᠡᠳ ᠨᠢ ᠪᠣᠶᠠᠠᠰᠠᠭ ᠪᠠᠢ᠌ᠯ᠎ᠠ

ᠠᠪᠬᠤ ᠦᠭ‍ᠭᠦ ᠪᠠᠨ ᠳᠡᠩᠴᠡᠭᠦᠯᠳᠡᠭ᠌ ᠪᠠᠢ᠌ᠯ᠎ᠠ

ᠭᠦᠮᠤᠨ ᠨᠢ ᠪᠠᠢ᠌ᠭᠠᠯᠢ ᠳᠠᠭᠠᠨ ᠡᠯᠢᠭᠡᠰᠡᠭ᠌ ᠪᠠᠢ᠌ᠳᠠᠭ ᠡᠴᠡ

ᠭᠦᠭᠦᠭᠦᠯᠦᠭ᠍ᠰᠡᠨ ᠡᠵᠢ ᠪᠠᠨ ᠰᠢᠭ᠌ ᠰᠠᠨᠠᠳᠠᠭ ᠪᠠᠢ᠌ᠯ᠎ᠠ

ᠭᠦᠷᠦᠰᠤᠨ ᠳ᠋ᠤᠨᠢ ᠭᠦᠯ ᠤᠨ ᠭᠠᠢ ᠦᠭᠡᠶ ᠪᠠᠢ᠌ᠭᠰᠠᠨ ᠡᠴᠡ

ᠭᠦᠳᠡᠭᠡ ᠨᠤᠳᠤᠭ ᠨᠢ ᠠᠮᠤᠭᠤᠯᠠᠩ ᠯᠠ ᠪᠠᠢ᠌ᠯ᠎ᠠ》 ᠭᠡᠵᠤ

ᠡᠷᠳᠡᠨ ᠤ ᠪᠠᠢ᠌ᠭᠠᠯᠢ ᠪᠠᠨ ᠪᠠᠬᠠᠷᠬᠠᠵᠤ

ᠡᠮᠡᠭᠡᠳ ᠡᠪᠦᠭᠡᠳ ᠣᠷᠮᠠᠰᠢᠬᠤ ᠳ᠋ᠤ

ᠡᠳᠡᠭᠡᠷ ᠢ ᠨᠢ ᠰᠤᠨᠤᠰᠤᠭᠰᠠᠨ ᠮᠢᠨᠤ ᠪᠠᠶ᠎ᠠ ᠴᠤ

ᠳᠡᠳᠡᠭᠡᠷ ᠢ ᠨᠢ ᠰᠤᠨᠢᠷᠬᠠᠭ᠎ᠠ ᠰᠢᠭ ᠵᠤᠷᠢᠭᠵᠢᠯ᠎ᠠ

ᠣᠷᠢᠳᠤ ᠦᠨᠦ ᠬᠤᠶᠠᠷ ᠢ ᠬᠠᠷᠢᠴᠠᠭᠤᠯᠵᠤ

ᠣᠷᠤᠭᠰᠢᠯᠠᠵᠤ ᠳᠠᠪᠰᠢᠭᠰᠠᠨ ᠢ ᠨᠢ ᠱᠠᠭᠰᠢᠪᠠᠴᠤ

ᠣᠨᠠᠭᠠᠨ ᠪᠠᠢ᠌ᠭᠠᠯᠢ ᠨᠢ ᠶᠠᠭᠠᠭᠢᠭᠰᠠᠨ ᠳᠤᠬᠠᠢ

ᠣᠬᠠᠭᠠᠠᠳᠤ ᠪᠣᠭᠤᠷᠤᠯ ᠴᠠᠭᠠᠰᠢ ᠥᠯᠢᠭᠡᠷᠯᠡᠨ᠎ᠡ ᠄

《ᠣᠷᠢᠳᠤ ᠪᠠᠢ᠌ᠭ᠎ᠠ ᠦᠭᠡᠶ ᠭᠦᠭ᠍ᠵᠢᠯ ᠨᠢ ᠳᠠᠭᠠᠷᠠᠪᠠᠴᠤ

ᠣᠷᠢᠳᠠᠭᠢ ᠪᠠᠨ ᠬᠤᠵᠢᠮ ᠶᠢᠡᠷ ᠨᠢ ᠥᠭᠡᠢ᠌ᠯᠡᠭᠦᠯᠭᠦ ᠭᠡᠴᠡᠭᠦᠤ ︕

ᠪᠠᠢ᠌ᠭᠠᠯᠢ ᠪᠠᠨ ᠠᠰᠢᠭᠯᠠᠵᠤ ᠪᠠᠶᠠᠵᠢᠬᠤ ᠨᠢ ᠶᠠᠭᠠᠭᠢᠬᠤ ᠪᠣᠢ

ᠪᠠᠷᠢᠭᠳᠠᠳᠠᠭ᠂ ᠬᠠᠷᠠᠭᠳᠠᠳᠠᠭ ᠶᠢᠡᠨ ᠥᠭᠡᠢ᠌ᠷᠡᠭᠦᠯᠭᠦ ᠨᠢ ᠭᠡᠴᠡᠭᠦᠤ ︕

ᠳᠠ᠊ ᠊᠊᠊᠊᠊᠊᠊᠊᠊᠊᠊᠊᠊᠊᠊ ᠷᠠ ᠦᠶ᠎ᠡ ᠶᠢᠨ ᠳᠠᠷᠠ ᠪᠠᠢ᠌ᠳᠠᠯ ᠨᠢ

ᠳᠡᠦᠭᠡ ᠪᠣᠯᠵᠤ ᠬᠤᠴᠤᠷᠤᠯ᠎ᠠ

ᠳᠡᠩᠭᠡᠯᠡᠭᠦᠨ ᠪᠠᠢ᠌ᠭᠠᠯᠢ ᠡᠵᠢ ᠮᠢᠨᠢ

ᠳᠠᠮᠢᠷᠳᠠᠵᠤ ᠳᠤᠷᠠᠭᠰᠠᠭᠠᠷ ᠳᠠᠷᠳᠠᠭᠤᠨ ᠪᠣᠯᠤᠯ᠎ᠠ

ᠳᠡᠭ᠍ᠷᠢ ᠶᠢᠨ ᠮᠠᠯᠮᠠᠢ ᠶᠢᠨ ᠴᠡᠩᠭᠡᠷ ᠵᠠᠢ᠌ᠨ ᠳ᠋ᠤ

ᠳᠤᠭᠤᠰᠤ ᠣᠳᠤᠭ᠎ᠠ ᠳᠡᠩᠳᠡᠭᠦᠤ ᠴᠤ ᠳᠡᠭ᠍ᠳᠡᠯ᠎ᠡ

ᠳᠤᠨᠤᠳᠠᠰᠤᠯᠠᠬᠤ ᠪᠣᠷᠤᠭᠠᠨ ᠨᠢᠯᠪᠣᠰᠤᠷᠠᠶ᠎ᠠ ᠭᠡᠭᠦ ᠳ᠋ᠤ

ᠳᠤᠷᠮᠤᠭᠤᠷ ᠨᠢᠳᠤ ᠶᠢ ᠨᠢ ᠰᠢᠷᠤᠢ ᠪᠦᠷᠭᠦᠯ᠎ᠡ

ᠭᠠᠵᠠᠷ ᠤᠨ ᠨᠢᠭᠤᠷ ᠊᠊᠊᠊᠊᠊᠊᠊᠊᠊᠊᠊᠊᠊᠊ ᠨᠤᠭᠤᠭᠠᠨ ᠭᠦᠷᠦᠰᠤ ᠪᠠᠷ

ᠭᠠᠩᠳᠠᠯ ᠤᠨ ᠰᠠᠯᠭᠢ ᠳᠠᠩᠴᠢ ᠶᠡᠭᠡᠳᠦᠯ᠎ᠡ

ᠭᠠᠩᠭ᠋ᠠᠩ ᠴᠡᠴᠡᠭᠡᠰ ᠤᠨ ᠳᠤᠶᠠᠬᠠᠨ ᠨᠠᠪᠴᠢᠰ ᠨᠢ

ᠭᠠᠩᠰᠠᠷᠠᠯ ᠤᠨ ᠳᠦᠷᠢ ᠲᠡᠶ ᠴᠠᠭᠠᠰᠢ ᠨᠢᠭᠤᠯ᠎ᠠ

ᠣᠤᠭᠠᠯ ᠨᠠᠭᠤᠷ ᠣᠭᠠᠯᠵᠠᠳᠤ ᠭᠤᠤᠯ ᠤᠳ ᠤᠨ

ᠣᠰᠤ ᠨᠢ ᠳᠠᠳᠠᠭᠤᠷᠠᠵᠤ ᠡᠷᠭᠢ ᠡᠴᠡ ᠪᠠᠨ ᠬᠤᠯᠠᠳᠤᠯ᠎ᠠ

ᠣᠶᠠᠩᠭ᠋ᠠᠯᠠᠨ ᠪᠦᠵᠢᠭᠯᠡᠳᠡᠭ᠌ ᠨᠡᠭᠦᠳᠡᠯ ᠤᠨ ᠭᠠᠯᠠᠭᠤᠳ ᠨᠢ

ᠣᠷᠳᠤ ᠰᠡᠭᠦᠷᠡᠰᠦᠯᠡᠵᠤ ᠪᠣᠷᠤᠭᠤᠯᠠᠳᠠᠭ ᠪᠣᠯᠤᠯ᠎ᠠ

ᠰᠢᠭᠤᠢ ᠮᠤᠳᠤᠳ ᠨᠢ ᠰᠢᠩᠭᠡᠷᠡᠭᠦ ᠳᠤᠳᠤᠮ ᠳ᠋ᠤ

ᠰᠢᠪᠠᠭᠤ᠂ ᠪᠣᠭᠤ ᠶᠢᠨ ᠳᠠᠭᠤ ᠴᠤ ᠬᠠᠰᠤᠭᠳᠠᠯ᠎ᠠ

ᠱᠤᠯᠤᠭᠠᠨᠠᠬᠤ᠂ ᠣᠷᠤᠮᠳᠠᠬᠤ ᠥᠯᠡᠳᠡᠭ᠍ᠰᠡᠨ ᠭᠡᠳᠤ ᠨᠢ ᠴᠤ

ᠰᠢᠨᠤᠬᠠᠢ᠌ᠷᠠᠯ ᠤᠨ ᠰᠤᠮᠤᠨ ᠳᠤ ᠦᠷᠳᠦᠭᠦ ᠡᠴᠡ ᠵᠢᠷᠦᠭᠡᠰᠢᠨ᠎ᠡ

ᠳᠠᠯ᠎ᠠ ᠶᠢᠨ ᠪᠠᠯᠴᠢᠭᠡᠷ ᠳᠠᠴᠢᠷᠳᠠᠨ ᠲᠤᠢ᠌ᠯᠳᠠᠬᠤ ᠳ᠋ᠤ

ᠳᠤᠭᠤᠷᠢᠮ ᠤᠨ ᠣᠷᠤ ᠬᠠᠯᠴᠠᠭᠠᠢ᠌ᠷᠠᠵᠤ ᠦᠯᠠᠳᠠᠯ᠎ᠠ

ᠳᠤᠰᠤᠷᠬᠠᠭ ᠭᠦᠷᠦᠰᠤᠨ ᠤ ᠶᠠᠰᠤ ᠨᠢ ᠥᠵᠡᠭ᠍ᠳᠡᠭᠦ ᠳ᠋ᠤ

ᠳᠤᠪᠴᠢᠬᠠᠭ ᠮᠥᠭᠦ ᠶᠢᠨ ᠦᠨᠳᠦᠰᠦ ᠨᠢ ᠥᠭᠡᠢ᠌ᠷᠡᠯ᠎ᠡ

ᠡᠯᠵᠢᠭᠡᠨ ᠳᠡᠷᠭᠡᠳᠡᠨ ᠤ ᠱᠤᠷᠤᠠᠴᠤᠭ ᠳᠠᠮᠤᠷ

ᠡ᠊ᠨᠳᠡᠭᠡ ᠳᠡᠨᠳᠡᠭᠡ ᠭᠦᠷᠦᠰᠤ ᠶᠢ ᠴᠤᠭᠤᠴᠢᠭᠰᠠᠨ ᠡᠴᠡ

ᠡᠮᠳᠤ ᠶᠢᠨ ᠳᠠᠯ᠎ᠠ ᠰᠢᠷᠬ᠎ᠠ ᠪᠠᠷ ᠳᠦᠭᠦᠷᠴᠤ

ᠡᠷᠳᠡᠨᠢ ᠣᠷᠬᠤᠳᠠᠢ ᠣᠯᠳᠠᠬᠤ ᠪᠠᠨ ᠪᠣᠯᠢᠯ᠎ᠠ

ᠠᠳᠠᠷ ᠭᠡᠭᠡᠷ᠎ᠡ ᠳᠤ ᠣᠨᠢᠯᠠᠯ ᠠᠷᠪᠢᠳᠠᠬᠤ ᠳ᠋ᠤ

ᠠᠷᠢᠶᠠᠳᠠᠨ ᠴᠢᠨ᠋ᠸ᠎ᠠ ᠶᠢᠨ ᠪᠠᠷ᠎ᠠ ᠬᠤᠪᠣᠷᠳᠠᠯ᠎ᠠ

ᠠᠮᠢ ᠲᠡᠶ ᠪᠠᠢ᠌ᠭ᠎ᠠ ᠨᠢ ᠭᠦᠳᠡᠭᠡ ᠳᠡᠭᠡᠨ ᠥᠭᠡᠢ

ᠠᠮᠢᠳᠠᠨ ᠭᠦᠷᠢᠶᠡᠯᠡᠩ ᠤᠨ ᠰᠠᠷᠠᠯᠵᠢᠨ ᠳᠤ ᠯᠠ ᠬᠠᠷᠠᠭᠳᠠᠯ᠎ᠠ

ᠠᠭᠯᠠᠭ ᠠᠭᠤᠯᠠᠨ ᠳᠤ ᠳᠠᠷᠢ ᠳᠡᠰᠦᠷᠡᠭᠦ ᠳ᠋ᠤ

ᠠᠪᠣᠷᠭᠤ ᠪᠦᠷᠭᠦᠤᠨ ᠤᠳ ᠵᠠᠢ᠌ᠯᠠᠨ ᠣᠳᠤᠯ᠎ᠠ

ᠠᠩᠴᠢᠨ ᠪᠦᠷᠭᠦᠤᠨ ᠠᠭᠤᠯᠠᠨ ᠡᠴᠡ ᠵᠠᠢ᠌ᠳᠠᠭᠰᠠᠨ ᠳ᠋ᠤ

ᠠᠮᠢᠳᠠᠨ ᠤ ᠮᠠᠭᠤ ᠬᠤᠯᠤᠭᠠᠨ᠎ᠠ ᠠᠷᠪᠢᠳᠤᠯ᠎ᠠ

ᠮᠠᠯᠵᠢᠯ ᠰᠤᠶᠤᠯ ᠮᠠᠨᠢ ᠨᠢᠭᠡ ᠮᠡᠳᠡᠭᠦ ᠳ᠋ᠤ

ᠮᠠᠯ ᠰᠥᠷᠦᠭ᠌ ᠡᠴᠡ ᠲᠦᠷᠦᠯ ᠨᠢ ᠬᠠᠰᠤᠭᠳᠠᠯ᠎ᠠ

ᠳᠡᠮᠡᠭᠡ ᠠᠳᠤᠭᠤ ᠨᠢ ᠬᠤᠪᠣᠷᠳᠠᠵᠤ ᠪᠠᠢ᠌ᠳᠠᠯ᠎ᠠ

ᠢᠮᠠᠭ᠎ᠠ ᠬᠤᠨᠢ ᠨᠢ ᠴᠤ ᠬᠠᠰᠢᠶᠠᠨ ᠳᠤ ᠬᠤᠷᠢᠭᠳᠠᠯ᠎ᠠ

ᠪᠠᠢ᠌ᠭᠠᠯᠢ ᠪᠠᠨ ᠬᠠᠮᠠᠭᠠᠯᠠᠵᠤ ᠨᠡᠭᠦᠳᠡᠯᠯᠡᠨ ᠠᠮᠢᠳᠤᠷᠠᠳᠠᠭ ᠨᠢ

ᠪᠠᠢ᠌ᠰᠢᠩ ᠭᠡᠷᠡᠮ ᠳᠤ ᠬᠤᠷᠢᠭᠳᠠᠨ ᠰᠠᠭᠤᠷᠢᠰᠢᠯ᠎ᠠ

ᠳᠠᠷᠬᠠᠯᠴᠠᠨ ᠨᠤᠳᠤᠭᠯᠠᠳᠠᠭ ᠨᠢ ᠪᠠᠭᠰᠢᠷᠠᠯ ᠪᠣᠯᠤᠭᠰᠠᠨ ᠡᠴᠡ

ᠳᠠᠭᠠᠯᠠᠮᠵᠢᠳᠠᠢ ᠣᠷᠴᠢᠨ ᠳᠤ ᠨᠢ ᠪᠣᠭᠢᠷᠳᠠᠯ ᠶᠢᠡᠷ ᠳᠦᠭᠦᠷᠡᠯ᠎ᠡ

ᠵᠤᠭᠢᠴᠠᠳᠠᠭ ᠠᠬᠤᠢ ᠳᠠᠭᠠᠨ ᠵᠢᠷᠭᠠᠳᠠᠭ ᠪᠦᠭᠦᠨ ᠨᠢ

ᠵᠤᠷᠰᠢᠯ ᠶᠢᠡᠨ ᠡᠪᠳᠡᠵᠤ ᠵᠤᠪᠠᠭᠤᠷᠢᠯᠠᠬᠤ ᠪᠣᠯᠤᠯ᠎ᠠ

ᠣᠳᠤ ᠳᠤ ᠵᠢᠷᠭᠠᠯ ᠴᠤ ᠬᠤᠵᠢᠮ ᠳᠤ ᠪᠠᠨ ᠵᠤᠪᠠᠯᠠᠩ ᠢ

ᠣᠯᠵᠠ ᠶᠢ ᠯᠠ ᠳᠠᠨᠢᠭᠰᠠᠤᠨ ᠠᠵᠢᠭ ᠴᠤ ᠦᠭᠡᠶ ᠣᠢ᠌ᠯᠠᠳᠤᠨ᠎ᠠ》 ᠭᠡᠵᠤ

ᠥᠩᠭᠡᠷᠡᠭ᠍ᠰᠡᠨ ᠤ ᠪᠠᠢ᠌ᠭᠠᠯᠢ ᠶᠢ ᠣᠳᠤᠭᠢ ᠲᠡᠶ ᠬᠠᠷᠢᠴᠠᠭᠤᠯᠵᠤ

ᠦᠨᠡᠨ ᠣᠴᠢᠷ ᠤᠳ ᠢ ᠡᠷᠭᠢᠴᠡᠭᠦᠯᠤᠨ ᠶᠠᠷᠢᠯ᠎ᠠ

ᠪᠠᠢ᠌ᠭᠠᠯᠢ ᠶᠢᠨ ᠪᠠᠶᠠᠯᠢᠭ ᠬᠠᠰᠤᠭᠳᠠᠭᠰᠠᠨ ᠤ ᠣᠷᠬᠠᠭ ᠢ

ᠪᠠᠷᠢᠭᠳᠠᠳᠠᠭ ᠬᠠᠷᠠᠭᠳᠠᠳᠠᠭ ᠤᠨ ᠭᠢᠨᠢ ᠬᠤᠪᠣᠷᠳᠠᠭᠰᠠᠨ ᠤ ᠰᠢᠯᠳᠠᠭᠠᠨ ᠢ

ᠪᠠᠢ᠌ᠭ᠎ᠠ ᠥᠯᠡᠳᠡᠭ᠍ᠳᠡᠭᠡ ᠳᠠᠷᠠ ᠪᠦᠭᠦᠨ ᠳᠤ ᠪᠠᠰᠠ ᠬᠠᠯᠳᠠᠭ᠎ᠠ

ᠪᠠᠢ᠌ᠳᠠᠭ ᠣᠴᠢᠷ ᠤᠨ ᠰᠢᠯᠳᠠᠭᠠᠨ ᠢ ᠠᠰᠠᠭᠤᠪᠠᠯ

ᠬᠤᠷᠸ᠎ᠠ ᠳᠠᠭᠠᠨ ᠬᠠᠢ᠌ᠷ᠎ᠠ ᠲᠡᠶ ᠪᠣᠭᠤᠷᠤᠯ ᠨᠠᠰᠤᠳᠠᠤᠨ

ᠬᠤᠭᠤᠯᠠᠢ ᠪᠠᠨ ᠵᠠᠰᠠᠭᠰᠠᠨ ᠴᠤ ᠥᠭᠡ ᠦᠭᠡᠶ ᠣᠳᠠᠯ᠎ᠠ

ᠬᠤᠪᠢᠷᠠᠯᠳᠠ ᠪᠦᠭᠦᠨ ᠢ ᠳᠤᠩᠭ᠋ᠠᠭᠰᠠᠨ ᠪᠠᠢ᠌ᠬ᠎ᠠ ᠳ᠋ᠠ

ᠬᠠᠷᠢᠭᠤ ᠦᠴᠢᠵᠤ ᠢᠩᠭᠢᠵᠤ ᠥᠭᠦᠯᠡᠯ᠎ᠡ ᠄

《ᠳᠡᠯᠡᠭᠡᠢ ᠶ‍ᠢᠷᠳᠢᠠᠴᠤ ᠶᠢᠨ ᠣᠯᠠᠨ ᠶᠠᠪᠣᠳᠠᠯ ᠢ

ᠳᠡᠯᠭᠡᠭᠡᠳ ᠶᠠᠷᠢᠬᠤ ᠳᠤ ᠪᠣᠳᠤᠯᠢᠶᠠᠠᠳᠠᠢ ᠪᠣᠯᠵᠠᠢ

ᠳᠤᠭᠳᠠᠨᠢᠵᠤ ᠣᠷᠤᠰᠢᠬᠤ ᠪᠠᠢ᠌ᠭᠠᠯᠢ ᠶᠢᠨ ᠵᠢᠮ᠎ᠠ ᠵᠢ

ᠳᠤᠷ᠎ᠠ ᠪᠠᠷ ᠶᠢᠡᠨ ᠬᠤᠪᠢᠷᠠᠭᠤᠯᠤᠭᠴᠢ ᠣᠯᠠᠨ ᠪᠣᠯᠵᠠᠢ

ᠬᠠᠨ ᠳᠡᠯᠡᠭᠡᠢ ᠊᠊᠊᠊᠊᠊᠊᠊᠊᠊᠊᠊᠊᠊᠊ ᠪᠦᠮᠪᠦᠷᠴᠡᠭ᠌ ᠤᠨ ᠳᠤᠰᠬᠤᠨ ᠳ᠋ᠤ

ᠬᠠᠷ᠎ᠠ ᠳᠦᠷᠦᠭᠦᠳᠡᠨ ᠳᠠᠩᠴᠢ ᠠᠷᠪᠢᠤᠠᠴᠠᠢ

ᠬᠤᠪᠢ ᠶᠢᠨ ᠶᠢᠡᠨ ᠵᠤᠭᠢᠴᠠᠯ ᠲᠡᠶ ᠪᠠᠢ᠌ᠭᠠᠯᠢ ᠵᠥᠭ᠌

ᠬᠤᠪᠳᠤᠭ ᠤᠨ ᠬᠤᠳᠤᠭᠠᠳᠤ ᠢᠷᠤᠭᠠᠷ ᠦᠭᠡᠶ ᠪᠣᠯᠵᠠᠢ

ᠠᠯᠢᠪᠠ ᠪᠣᠳᠠᠰ ᠤᠨ ᠳᠡᠷᠢᠭᠦᠨ ᠣᠬᠠᠭᠠᠠᠳᠠᠨ ᠨᠢ

ᠠᠷᠢᠶᠠᠳᠠᠨ ᠢ ᠴᠤ ᠭᠦᠷᠭᠦ ᠦᠭᠡᠶ ᠴᠢᠨᠠᠷ ᠨᠢ ᠮᠠᠭᠤᠳᠠᠵᠠᠢ

ᠠᠯᠳᠠᠩᠬᠠᠨ ᠪᠠᠢ᠌ᠭᠠᠯᠢ ᠶᠢᠨ ᠰᠢᠮ᠎ᠠ ᠶᠢ ᠨᠢ ᠭᠦᠷᠳᠡᠭ᠍ᠰᠡᠭᠡᠷ

ᠠᠷᠵᠠᠭᠠᠨᠠᠬᠤ ᠢᠯᠠᠭ᠎ᠠ ᠰᠢᠭ ᠰᠢᠨᠤᠬᠠᠢ ᠪᠣᠯᠵᠠᠢ

ᠣᠯᠠᠢ᠌ᠬᠤ ᠶᠢ ᠦᠵᠡᠪᠠᠯ ᠳᠤᠯᠢᠶᠠᠭᠠᠤᠨ ᠵᠠᠪᠳᠤᠨ᠎ᠠ

ᠣᠠᠵᠢ᠌ᠬᠤ ᠶᠢ ᠦᠵᠡᠪᠠᠯ ᠳᠠᠰᠤᠳᠠᠭᠠᠤᠨ ᠵᠠᠪᠳᠤᠨ᠎ᠠ

ᠡᠵᠢ ᠶᠢᠨ ᠶᠢᠡᠨ ᠡᠷᠭᠡᠰ ᠶᠢᠡᠷ ᠡᠷᠳᠡᠨᠢ ᠰᠤᠯᠢᠮᠠᠷ

ᠠᠪᠣ ᠶᠢᠨ ᠶᠢᠡᠨ ᠮᠠᠬᠠᠪᠣᠤᠨ ᠶᠢᠡᠷ ᠠᠯᠳᠠ ᠰᠤᠯᠢᠮᠠᠷ

ᠭᠠᠵᠠᠷ ᠳᠡᠭᠡᠷ᠎ᠡ ᠬᠠᠷᠠᠭᠳᠠᠭ᠎ᠠ ᠪᠦᠭᠦᠨ ᠵᠢᠠᠨ

ᠭᠠᠮᠨᠠᠯ ᠦᠭᠡᠶ ᠬᠤᠭᠤᠰᠤᠷᠠᠭᠤᠯᠵᠤ ᠪᠠᠷᠠᠴᠢᠬᠠᠭᠠᠤᠨ

ᠭᠠᠵᠠᠷ ᠳᠤᠤᠷᠠᠭᠢ ᠪᠣᠯᠠᠭᠳᠠᠭ᠎ᠠ ᠪᠦᠭᠦᠨ ᠵᠢᠠᠨ

ᠭᠠᠯᠵᠠᠭᠤᠷᠠᠭᠰᠠᠨ ᠮᠠᠳᠤ ᠭᠦᠡᠳᠡᠢ᠌ᠯᠡᠵᠤ ᠡᠭᠢᠯᠡᠨ᠎ᠡ

ᠭᠠᠵᠠᠷ ᠳᠤᠤᠷᠠᠭᠢ ᠡᠷᠳᠡᠨᠢ ᠪᠦᠭᠦᠨ ᠨᠢ

ᠭᠠᠷᠤᠭᠠᠤᠨ ᠯᠠ ᠪᠠᠷᠠᠰᠢ ᠦᠭᠡᠶ ᠣᠠᠳᠤᠷᠤᠯ ᠪᠢᠰᠢ ᠶᠤᠮ

ᠭᠠᠵᠠᠷ ᠳᠤᠤᠷᠠᠭᠢ ᠪᠠᠨ ᠭᠦᠡᠳᠡᠢ᠌ᠯᠡᠭᠡᠳ ᠪᠠᠷᠠᠴᠢᠬᠠᠪᠠᠯ

ᠭᠠᠷ ᠶᠢᠡᠨ ᠭᠦᠮᠦᠰ ᠬᠠᠮᠢᠭᠠᠰᠢ ᠪᠠᠨ ᠰᠤᠩᠭ᠋ᠠᠳᠠᠭ ᠪᠣᠯ ᠡ ︖

ᠬᠤᠷᠤᠭᠳᠠᠵᠤ ᠬᠤᠳᠣᠢ᠌ᠬᠤ ᠶᠢᠨ ᠡᠴᠦᠰ ᠪᠣᠯᠪᠠᠯ

ᠬᠤᠷᠸ᠎ᠠ ᠳᠡᠯᠡᠭᠡᠢ ᠴᠤ ᠴᠦᠮᠦᠷᠴᠤ ᠳᠠᠭᠤᠰᠤᠨ᠎ᠠ

ᠬᠣᠢ᠌ᠳᠤ ᠮᠦᠷ ᠦᠭᠡᠶ ᠴᠥᠯᠪᠠᠭᠦ ᠶᠢᠨ ᠶᠤᠷᠤ ᠪᠠᠷ

ᠬᠤᠳᠠᠯᠠ ᠳᠠᠶᠠᠩ ᠴᠤ ᠰᠥᠨᠦᠭᠦ ᠡᠴᠡ ᠪᠣᠴᠠᠬᠤ ᠦᠭᠡᠶ

ᠳᠠᠰ ᠡᠴᠡ ᠭᠡᠳᠦᠷᠡᠮ᠎ᠡ ᠠᠶᠤᠮᠰᠢᠭᠳᠤ ᠥᠵᠡᠭ᠍ᠳᠡᠯ ᠢ

ᠳᠡᠯᠡᠭᠡᠢ ᠳᠡᠭᠡᠷ᠎ᠡ ᠭᠦᠮᠤᠨ ᠯᠠ ᠳᠤᠭᠯᠠᠨ᠎ᠠ

ᠳᠡᠩᠳᠡᠭᠦᠤ ᠴᠤ ᠬᠠᠢ᠌ᠷ᠎ᠠ ᠦᠭᠡᠶ ᠡᠢ᠌ᠮᠤ ᠰᠢᠨᠤᠬᠠᠢ᠌ᠷᠠᠯ ᠢ

ᠳᠡᠭᠡᠷᠡᠩᠭᠦᠢ ᠴᠢᠨᠠᠷ ᠲᠡᠶ ᠭᠦᠮᠤᠨ ᠯᠠ ᠣᠢ᠌ᠯᠠᠳᠤᠨ᠎ᠠ》 ᠭᠡᠯ᠎ᠡ᠃


ᠦᠪᠡᠷ ᠤᠨ《ᠬᠤᠩᠭᠢᠷᠠᠤᠨ᠂ ᠭᠡᠰᠢᠭ᠍ᠳᠡᠨ᠂ ᠪᠠᠶᠡᠡᠵᠢᠷᠦᠭᠡ ᠶᠢᠨ ᠭᠠᠴᠤᠷ᠎ᠠ》 ᠰᠢᠯᠦᠭ᠌ ᠤᠨ ᠳᠡᠭᠦᠪᠦᠷᠢ ᠡᠴᠡ

ᠵᠤᠬᠢᠶᠠᠭᠴᠢ᠄ ᠪᠦᠬᠡᠵᠢᠷᠭᠠᠯ
ᠬᠠᠷᠢᠶ᠎ᠠ᠄ ᠰᠢᠯᠦᠭ
ᠳᠠᠷᠤᠮ᠄ 1853
ᠴᠠᠭ᠄ 2010 ᠤᠨ ᠤ 03 ᠰᠠᠷ᠎ᠠ ᠶᠢᠨ 28