ᠪᠠᠷᠠᠭᠤᠨ ᠠᠭᠤᠯᠠᠨ ᠤ ᠣᠷᠤᠢ ᠳᠡᠭᠡᠷ᠎ᠡ ᠡᠴᠡ

ᠪᠠᠷᠠᠭᠤᠨ ᠠᠭᠤᠯᠠᠨ ᠤ

ᠣᠷᠤᠢ ᠳᠡᠭᠡᠷ᠎ᠡ ᠡᠴᠡ

ᠬᠤᠷᠸ᠎ᠠ ᠶᠢᠨ ᠴᠡᠩᠭᠡᠷ ᠨᠢᠳᠤᠨ ᠡᠴᠡ ᠳᠤᠰᠤᠯᠤᠭᠰᠠᠨ

ᠬᠠᠷᠠᠰᠠᠯ ᠤᠨ ᠭᠠᠰᠢᠭᠤᠬᠠᠨ ᠨᠢᠯᠪᠣᠰᠤᠨ ᠳᠤ ᠰᠢᠳᠠᠵᠤ

ᠪᠠᠷᠠᠭᠤᠨ ᠠᠭᠤᠯᠠᠨ ᠤ ᠪᠠᠨ ᠣᠷᠤᠢ ᠳᠡᠭᠡᠷ᠎ᠡ ᠡᠴᠡ

ᠪᠢ᠂ ᠨᠤᠳᠤᠭ ᠶᠢᠡᠨ ᠬᠠᠷᠠᠭᠤᠯᠳᠠᠵᠤ ᠰᠠᠭᠤᠯ᠎ᠠ

ᠠᠭᠤᠯᠠ ᠶᠢᠨ ᠴᠢᠨ᠋ᠸ᠎ᠠ ᠶᠢᠨ ᠬᠤᠷᠤᠨ ᠰᠠᠨᠠᠭ᠎ᠠ

ᠬᠤᠳᠠᠨ ᠤ ᠬᠤᠨᠢᠨ ᠤ ᠭᠡᠪᠢᠯᠭᠡ ᠭᠡᠳᠡᠵᠤ

ᠣᠷᠤᠢ ᠶᠢᠨ ᠰᠡᠭᠦᠷᠡᠰᠤ ᠲᠡᠶ ᠪᠠᠷᠠᠭᠠᠨ ᠰᠡᠳᠭᠢᠯ ᠳᠤ

ᠣᠠᠳᠠᠷᠠᠭᠰᠠᠨ ᠣᠳᠤᠨ ᠤ ᠰᠤᠷᠠᠭ ᠨᠡᠭᠡᠨ᠎ᠡ᠁

ᠨᠠᠪᠴᠢ ᠪᠠᠨ ᠪᠦᠷᠢᠦᠡᠭᠡᠵᠤ ᠨᠠᠷᠠᠨ ᠮᠠᠨᠠᠭ᠎ᠠ

ᠣᠳᠤᠳ ᠤᠨ ᠶᠢᠡᠨ ᠳᠤᠭ᠎ᠠ ᠠᠰᠠᠨ ᠭᠢᠯᠠᠯᠵᠠᠭᠰᠠᠨ

ᠨᠠᠳᠠ ᠡᠴᠡ ᠡᠮᠦᠨᠡᠭᠢ ᠣᠨ ᠵᠠᠭᠤᠨ ᠤ

ᠨᠣᠢ᠌ᠳᠠᠨ ᠮᠥᠷᠦᠭᠡᠳᠦᠯ ᠢ ᠡᠭ᠍ᠰᠢᠭᠡᠵᠤ ᠴᠢᠳᠠᠬᠤ ᠦᠭᠡᠶ ᠡ

ᠮᠠᠯᠠᠭᠠᠢ ᠪᠠᠨ ᠠᠪᠣᠭᠠᠤᠨ ᠳᠤᠯᠤᠭᠠᠢ ᠪᠦᠭᠦᠢ᠌ᠭ᠍ᠰᠡᠨ

ᠠᠭᠤᠯᠠ ᠶᠢᠨ ᠶᠢᠡᠨ ᠴᠡᠭᠡᠵᠢᠨ ᠳᠤ ᠪᠦᠭᠦᠵᠤ ᠰᠠᠭᠤᠯ᠎ᠠ

ᠮᠠᠨ ᠤ ᠭᠢ ᠴᠤ ᠪᠢᠰᠢ᠂ ᠮᠠᠯ ᠤᠨ ᠭᠢ ᠴᠤ ᠪᠢᠰᠢ

ᠰᠠᠯᠭᠢᠨ ᠤ ᠵᠢᠯᠤᠭᠤᠨ ᠳᠤ ᠰᠦᠮᠠᠢ᠌ᠵᠤ ᠯᠠ ᠰᠦᠮᠠᠢ᠌ᠵᠤ᠁

ᠮᠠᠭᠠᠤᠨ ᠦᠭᠡᠶ ᠡ᠊ᠨᠳᠡ ᠡᠴᠡ ᠬᠣᠢ᠌ᠰᠢ

ᠬᠠᠷᠠᠩᠭ᠋ᠤᠢ ᠪᠦᠭᠦᠨ ᠡᠭᠢᠯᠡᠭᠦ ᠪᠣᠯᠤᠨ᠎ᠠ

ᠮᠢᠬᠠᠴᠢᠨ ᠴᠢᠨ᠋ᠸ᠎ᠠ ᠶᠢᠨ ᠵᠡᠷᠯᠢᠭ᠌ ᠨᠢᠳᠤᠨ ᠡᠴᠡ

ᠬᠤᠷᠸ᠎ᠠ ᠶᠢᠨ ᠴᠠᠭᠠᠨ ᠭᠡᠭᠡ ᠵᠢᠭᠡᠯᠡᠨ᠎ᠡ

ᠪᠠᠷᠠᠭᠤᠨ ᠠᠭᠤᠯᠠᠨ ᠤ ᠪᠠᠨ ᠣᠷᠤᠢ ᠳᠡᠭᠡᠷ᠎ᠡ ᠡᠴᠡ

ᠵᠡᠭᠦᠨ ᠠᠭᠤᠯᠠ ᠪᠠᠨ ᠬᠠᠷᠠᠵᠤ ᠰᠠᠭᠤᠯ᠎ᠠ

ᠪᠠᠭ᠎ᠠ ᠶᠢ ᠴᠢᠮᠠᠯᠠᠵᠤ ᠶᠡᠭᠡ ᠪᠠᠨ ᠴᠤ ᠠᠯᠳᠠᠭᠰᠠᠨ

ᠪᠠᠰᠠ ᠨᠢᠭᠡ ᠣᠳᠠᠭᠠᠨ ᠤ ᠭᠢᠴᠢᠶᠠᠯ ᠵᠢᠷᠭᠠᠪᠠ ᠡ

ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1997
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁