ᠴᠢᠮ᠎ᠠ ᠶᠢ ᠦᠭᠡᠶ ᠳ᠋ᠤ

ᠴᠢᠮ᠎ᠠ ᠶᠢ ᠦᠭᠡᠶ ᠳᠤ ᠊᠊᠊᠊᠊᠊᠊᠊᠊᠊᠊᠊᠊᠊᠊

ᠦᠨᠡᠳᠤ ᠡᠳ᠋ ᠶᠢᠡᠨ ᠭᠡᠭᠡᠭ᠍ᠰᠡᠨ ᠰᠢᠭ᠌ ᠭᠠᠳᠠᠭᠤᠷ ᠰᠡᠭ᠍ᠰᠡᠯᠵᠡᠨ᠎ᠡ

ᠦᠨᠦᠷᠳᠤ ᠴᠠᠢ ᠳᠤ ᠰᠥ᠋ ᠳᠤᠳᠠᠭᠰᠠᠨ ᠰᠢᠭ ᠰᠠᠷᠠᠯ ᠬᠤᠮᠰᠠᠳᠠᠨ᠎ᠠ

ᠣᠩᠰᠢᠭᠰᠠᠨ ᠨᠤᠮ ᠳᠤ ᠣᠰᠤ ᠠᠮᠳᠠᠯᠠᠭᠳᠠᠵᠤ ᠰᠡᠳᠭᠢᠯ ᠡᠵᠡᠭᠦᠢᠷᠡᠨ᠎ᠡ

ᠣᠶᠤᠨ ᠣᠬᠠᠭᠠᠨ ᠳᠤ ᠨᠠᠢ᠌ᠷᠠᠭ ᠶᠠᠳᠠᠭᠤᠷᠠᠵᠤ ᠪᠠᠶ᠎ᠠ ᠴᠢᠯᠠᠷᠠᠨ᠎ᠡ᠃


ᠴᠢᠮ᠎ᠠ ᠶᠢ ᠦᠭᠡᠶ ᠳᠤ ᠊᠊᠊᠊᠊᠊᠊᠊᠊᠊᠊᠊᠊᠊᠊

ᠦᠨᠳᠦᠷ ᠳᠡᠭ᠍ᠷᠢ ᠲᠦᠩᠰᠣᠢ᠌ᠵᠤ ᠪᠦᠳᠡᠭᠢᠷᠡᠨ ᠬᠠᠷ᠎ᠠ ᠪᠠᠭᠤᠨ᠎ᠠ

ᠦᠳᠡᠰᠢ ᠶᠢᠨ ᠠᠮᠤᠭᠤᠯᠠᠩ ᠳᠤ ᠬᠤᠭᠤᠷ ᠤᠨ ᠡᠭᠡᠰᠢᠭ᠌ ᠤᠶᠠᠩ‍ᠭ᠎ᠠ ᠳᠤᠳᠠᠨ᠎ᠠ

ᠬᠠᠪᠣᠷ ᠤᠨ ᠴᠡᠴᠡᠭ᠌ ᠴᠤᠮᠤᠷᠯᠢᠭ ᠶᠢᠡᠨ ᠬᠤᠮᠢᠵᠤ ᠭᠤᠠᠳᠠᠨ ᠨᠠᠢ᠌ᠭᠤᠨ᠎ᠠ

ᠬᠠᠨ ᠬᠤᠷᠸ᠎ᠠ ᠬᠠᠮᠤᠭ ᠶᠢᠡᠷ ᠶᠢᠡᠨ ᠭᠠᠭᠴᠠᠭᠠᠷᠳᠠᠵᠤ ᠬᠠᠢ᠌ᠯᠠᠨ ᠪᠣᠢ᠌ᠯᠠᠨ᠎ᠠ᠃


ᠴᠢᠮ᠎ᠠ ᠶᠢ ᠦᠭᠡᠶ ᠳ᠋ᠤ

ᠴᠢᠩ ᠰᠡᠳᠭᠢᠯ ᠬᠠᠢ᠌ᠷ᠎ᠠ ᠪᠠᠷ ᠭᠣᠢ᠌ᠷᠠᠠᠴᠢᠯᠠᠨ᠎ᠠ ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2187
ᠴᠠᠭ᠄ 2013 ᠤᠨ ᠤ 08 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁