ᠴᠢ ᠨᠠᠷᠠᠨ ᠤ ᠭᠡᠦᠭᠡᠨ

ᠣᠶᠠᠬᠠᠨ ᠨᠢ ᠠᠷᠭ᠎ᠠ ᠦᠭᠡᠶ ᠥᠡᠳᠦᠷᠯᠢᠭ᠌ ᠤᠨ ᠵᠥᠭᠡᠯᠡᠨ ᠠᠮᠢᠰᠬᠤᠭ᠎ᠠ

ᠴᠡᠴᠡᠭ᠌ ᠳᠠᠷᠠᠯᠠᠨ ᠳᠤᠭᠵᠢᠷᠠᠬᠤ ᠶᠢᠨ ᠦᠶ᠎ᠡ ᠳᠤ

ᠣᠪ ᠣᠯᠠᠭᠠᠨ ᠣᠷᠤᠭᠤᠯ ᠶᠢᠡᠷ ᠡᠭᠡ ᠭᠠᠵᠠᠷ ᠶᠢᠡᠨ ᠥᠨᠦᠰᠦᠭᠡ

ᠵᠢᠷᠭᠠᠬᠤ ᠨᠠᠷᠠᠨ ᠤ ᠳᠤᠳᠤᠷ᠎ᠠ ᠡᠴᠡ

ᠴᠢ ᠮᠢᠨᠢ ᠨᠠᠰᠢ ᠪᠠᠨ ᠠᠯᠬᠤᠭᠠᠤᠨ ᠯᠠ ᠢᠷᠠᠨ᠎ᠠ


ᠠᠯᠳᠠᠨ ᠨᠠᠷᠠᠨ ᠤ ᠳᠠᠠᠳᠠ ᠡᠴᠡ ᠢᠷᠡᠭ᠍ᠰᠡᠨ ᠪᠣᠯᠬᠤᠷ ᠯᠠ

ᠠᠯᠠᠭᠠᠨ ᠡᠴᠡ ᠴᠢᠨᠢ ᠪᠢ ᠢᠯᠴᠢ ᠮᠠᠳᠠᠷᠠᠨ᠎ᠠ

ᠠᠮᠠᠷᠠᠭ ᠬᠠᠷᠠᠴᠠᠨ ᠳᠤ ᠴᠢᠨᠢ ᠳᠤᠷᠠᠰᠤᠯ ᠬᠠᠢ᠌ᠯᠤᠨ᠎ᠠ

ᠠᠯᠳᠠᠨ ᠨᠠᠷᠠᠨ ᠤ ᠳᠠᠠᠳᠠ ᠡᠴᠡ ᠢᠷᠡᠭ᠍ᠰᠡᠨ ᠪᠣᠯᠬᠤᠷ ᠯᠠ

ᠠᠯᠢᠪᠠ ᠪᠦᠭᠦᠨ ᠳᠤ ᠵᠢᠷᠭᠠᠯ ᠨᠠᠪᠴᠢᠵᠤ

ᠠᠮᠢᠳᠤᠷᠠᠯ ᠮᠢᠨᠢ ᠬᠠᠢ᠌ᠷ᠎ᠠ ᠪᠠᠷ ᠰᠠᠴᠤᠷᠠᠨ᠎ᠠ ᠁

ᠴᠢ ᠨᠠᠷᠠᠨ ᠤ ᠳᠤᠳᠤᠷ᠎ᠠ ᠡᠴᠡ ᠠᠯᠬᠤᠭᠠᠤᠨ ᠢᠷᠡᠭ᠍ᠰᠡᠨ

ᠴᠢᠮᠡᠭᠡ ᠦᠭᠡᠶ ᠶᠢᠨ ᠳᠤᠮᠳᠠ ᠳᠠᠯ᠎ᠠ ᠶᠢᠨ ᠰᠢᠷ᠎ᠠ ᠪᠦᠷᠦᠢ

ᠮᠠᠨ ᠢ ᠵᠥᠭᠡᠯᠡᠨ ᠳᠠᠪᠠᠷᠢᠵᠤ

ᠣᠳᠤᠳ ᠡᠴᠡ ᠬᠠᠷᠠᠮ ᠰᠠᠨᠠᠭᠰᠠᠨ


ᠰᠠᠨᠠᠬᠤ ᠶᠢᠨ ᠭᠦᠭᠡᠷᠦᠭᠦᠨ ᠳᠤᠭᠳᠤᠯᠤᠯ ᠶᠢᠡᠷ

ᠬᠠᠢ᠌ᠷ᠎ᠠ ᠶᠢ ᠴᠢᠨᠢ ᠮᠡᠳᠡᠷᠡᠭᠦ ᠡᠨᠡᠭᠡᠨ ᠊ᠭ᠍ᠱᠡᠨ ᠳᠤ

ᠴᠢ ᠪᠣᠯ ᠮᠢᠨᠤ ᠰᠡᠳᠭᠢᠯ ᠳᠤ ᠪᠠᠭᠤᠭᠰᠠᠨ ᠭᠡᠷᠡᠯ

ᠰᠠᠷᠠ ᠮᠠᠠᠳᠤᠬᠤ ᠶᠢᠨ ᠳᠠᠷᠠ ᠵᠥᠭ᠌ ᠡᠴᠡ

            ᠵᠢᠷᠦᠭᠡᠨ ᠳᠤ ᠰᠢᠩᠭᠡᠭ᠍ᠰᠡᠨ ᠭᠡᠷᠡᠯ


ᠴᠢ ᠪᠣᠯ ᠨᠠᠷᠠᠨ ᠤ ᠭᠡᠦᠭᠡᠨ ᠁


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1996
ᠴᠠᠭ᠄ 2011 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ