ᠬᠠᠢ᠌ᠷ᠎ᠠ ᠶᠢᠨ ᠬᠠᠢ᠌ᠷ᠎ᠠ
᠊᠊᠊᠊᠊᠊᠊᠊᠊᠊᠊᠊᠊᠊᠊ ᠳᠠᠭᠤᠨ ᠤ ᠥᠭᠡ


  

ᠥᠭᠡᠢ᠌ᠯᠡᠨ ᠰᠠᠨᠠᠨ ᠳᠤᠷᠠᠯᠠᠭᠠᠤᠨ ᠪᠠᠢ᠌ᠬᠤ ᠳ᠋ᠤ

ᠦᠪᠡᠷ ᠢ ᠮᠢᠨᠢ ᠴᠢ᠂ ᠳᠤᠭᠤᠬᠤ ᠦᠭᠡᠶ ᠯᠠ ᠶᠤᠮ ᠳ᠋ᠠ᠂

ᠡᠳᠦᠷ ᠡᠳᠦᠷ ᠲᠡᠭᠡᠨ ᠳᠤᠷᠠᠰᠤᠭᠠᠤᠨ ᠪᠠᠢ᠌ᠬᠤ ᠳ᠋ᠤ

ᠦᠷᠤ ᠵᠢᠷᠦᠭᠡ ᠪᠠᠨ ᠨᠡᠭᠡᠭᠡᠭᠦ ᠦᠭᠡᠶ ᠯᠠ ᠶᠤᠮ ᠳ᠋ᠠ᠂

       ᠬᠠᠢ᠌ᠷ᠎ᠠ ᠶᠢᠨ ᠬᠠᠢ᠌ᠷ᠎ᠠ

       ᠬᠠᠷ᠎ᠠ ᠨᠢᠳᠤᠨ ᠴᠢᠮ᠎ᠠ ᠳ᠋ᠠᠭᠠᠨ

       ᠵᠢᠯᠤᠭᠤ ᠠᠯᠳᠠᠨ ᠳᠤᠷᠠᠯᠠᠭᠠᠤᠨ ᠪᠠᠢ᠌ᠬᠤ ᠨᠢ

       ᠵᠢᠷᠦᠭᠡᠨ ᠤ ᠮᠢᠨᠢ ᠪᠣᠷᠤᠭᠤ ᠦᠦ︖

ᠳᠤᠷᠠᠰᠤᠨ ᠰᠠᠨᠠᠨ ᠳᠤᠷᠠᠯᠠᠭᠠᠤᠨ ᠪᠠᠢ᠌ᠬᠤ ᠳ᠋ᠤ

ᠳᠤᠭᠤᠵᠤ ᠨᠠᠮ᠎ᠠ ᠶᠢ ᠬᠠᠷᠠᠬᠤ ᠦᠭᠡᠶ ᠯᠠ ᠶᠤᠮ ᠳ᠋ᠠ᠂

ᠳᠤᠮᠳᠠᠭᠤᠷ ᠨᠣᠢ᠌ᠷ ᠲᠡᠶ ᠭᠦᠯᠢᠶᠡᠭᠡᠳ ᠪᠠᠢ᠌ᠬᠤ ᠳ᠋ᠤ

ᠳᠤᠭᠤᠷᠠᠢ ᠶᠢᠨ ᠴᠢᠮᠡᠭᠡ ᠰᠤᠨᠤᠰᠳᠠᠬᠤ ᠦᠭᠡᠶ ᠯᠠ ᠶᠤᠮ ᠳ᠋ᠠ᠂

       ᠬᠠᠢ᠌ᠷ᠎ᠠ ᠶᠢᠨ ᠬᠠᠢ᠌ᠷ᠎ᠠ

       ᠬᠠᠷ᠎ᠠ ᠨᠢᠳᠤᠨ ᠴᠢᠮ᠎ᠠ ᠳ᠋ᠠᠭᠠᠨ

       ᠵᠢᠯᠤᠭᠤ ᠠᠯᠳᠠᠨ ᠳᠤᠷᠠᠯᠠᠭᠠᠤᠨ ᠪᠠᠢ᠌ᠬᠤ ᠨᠢ

       ᠵᠢᠷᠦᠭᠡᠨ ᠤ ᠮᠢᠨᠢ ᠪᠣᠷᠤᠭᠤ ᠦᠦ︖

ᠵᠣᠢ᠌ᠷᠯᠠᠨ ᠰᠠᠨᠠᠨ ᠪᠣᠳᠤᠭᠠᠤᠨ ᠪᠠᠢ᠌ᠬᠤ ᠳ᠋ᠤ

ᠵᠢᠷᠦᠭᠡ ᠰᠡᠳᠭᠢᠯ ᠢ ᠮᠢᠨᠢ ᠣᠢ᠌ᠯᠭᠠᠬᠤ ᠦᠭᠡᠶ ᠯᠠ ᠶᠤᠮ ᠳ᠋ᠠ᠂

ᠵᠡᠭᠦᠳᠤ ᠨᠣᠢ᠌ᠷᠤᠨ ᠳᠠᠭᠠᠨ ᠭᠦᠰᠡᠭᠡᠳ ᠪᠠᠢ᠌ᠬᠤ ᠳ᠋ᠤ

ᠵᠦᠩ ᠰᠤᠪᠢᠩ ᠶᠢᠡᠷ ᠶᠢᠡᠨ ᠮᠡᠳᠡᠷᠡᠭᠦ ᠦᠭᠡᠶ ᠯᠠ ᠶᠤᠮ ᠳ᠋ᠠ᠂

        ᠬᠠᠢ᠌ᠷ᠎ᠠ ᠶᠢᠨ ᠬᠠᠢ᠌ᠷ᠎ᠠ

        ᠬᠠᠷ᠎ᠠ ᠨᠢᠳᠤᠨ ᠴᠢᠮ᠎ᠠ ᠳ᠋ᠠᠭᠠᠨ

        ᠵᠢᠯᠤᠭᠤ ᠠᠯᠳᠠᠨ ᠳᠤᠷᠠᠯᠠᠭᠠᠤᠨ ᠪᠠᠢ᠌ᠬᠤ ᠨᠢ

        ᠵᠢᠷᠦᠭᠡᠨ ᠤ ᠮᠢᠨᠢ ᠪᠣᠷᠤᠭᠤ ᠦᠦ︖


               2009.4.1


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1527
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ