ᠨᠠᠢ᠌ᠵᠠ ᠮᠢᠨᠢ ᠨᠠᠭᠠᠰᠢ ᠬᠠᠷᠠᠭᠠᠴᠢ

ᠬᠠᠵᠠᠭᠠᠢ ᠭᠢᠰᠭᠢᠭ᠍ᠰᠡᠨ ᠴᠤ

ᠠᠶᠠᠯᠠᠯ ᠶᠢᠡᠨ ᠦᠯᠦ ᠵᠤᠭᠰᠤᠬᠤ ᠶᠢᠨ ᠣᠴᠢᠷ

ᠬᠠᠯᠠᠵᠤ ᠭᠦᠷᠦᠨ᠎ᠡ ᠭᠡᠳᠡᠭ᠌ ᠨᠢ

ᠬᠠᠯᠠᠭᠤᠨ ᠭᠦᠢᠳᠡᠨ ᠤ ᠶᠤᠰᠤ ᠶᠢᠨ ᠣᠴᠢᠷ

ᠬᠠᠯᠠᠭᠤᠨ ᠵᠢᠷᠦᠭᠡ ᠪᠠᠷ ᠴᠢᠰᠤ ᠯᠤᠭᠰᠢᠨ᠎ᠠ

ᠬᠠᠷᠠᠭ᠎ᠠ ᠠᠯᠠᠭ ᠴᠤ ᠴᠢᠮ᠎ᠠ ᠶᠢ ᠳᠠᠨᠢᠨ᠎ᠠ

ᠬᠠᠴᠢᠨ ᠶᠡᠭᠡ ᠭᠠᠭᠴᠠᠭᠠᠷᠳᠠᠬᠤ ᠶᠢᠨ ᠴᠠᠭ ᠳᠤ

ᠬᠠᠷᠢᠨ ᠨᠠᠮ᠎ᠠ ᠡᠴᠡ ᠵᠢᠭᠤᠳᠠᠨ᠎ᠠ ᠦᠦ ᠳ᠋ᠠ

ᠶᠠᠭᠤ ᠪᠠᠷ ᠴᠤ ᠪᠠᠶᠠᠨ ᠭᠡᠯ᠎ᠡ ᠪᠢ

ᠰᠡᠳᠭᠢᠯ ᠳᠤᠮᠳᠠᠭᠤᠷ ᠦᠯᠦ ᠪᠣᠯᠤᠨ᠎ᠠ

ᠶᠤᠰᠤ ᠶᠢ ᠳᠠᠪᠴᠢᠵᠤ ᠴᠢᠳᠠᠨ᠎ᠠ ᠪᠢ

ᠵᠢᠷᠤᠮ ᠡᠴᠡ ᠦᠯᠦ ᠳᠠᠷᠰᠯᠠᠶᠤ ᠪᠢ

ᠨᠠᠮ᠎ᠠ ᠶᠢ ᠳᠠ ᠣᠢ᠌ᠯᠠᠭᠠᠬᠤ ᠥᠭᠡᠢ

ᠭᠡᠨ ᠨᠠᠮ᠎ᠠ ᠶᠢ ᠮᠡᠳᠡᠭᠦ ᠶᠤᠮ ᠪᠣᠢ

ᠨᠠᠳᠠ ᠡᠴᠡ ᠴᠢ ᠵᠢᠭᠤᠳᠠᠭᠠᠤᠨ

ᠭᠡᠨ ᠶᠢᠡᠷ ᠪᠢ ᠢᠯᠡᠭᠦᠳᠡᠭᠦ ᠶᠤᠮ ᠪᠣᠢ

ᠴᠢ ᠬᠠᠮᠢᠭ᠎ᠠ ᠶᠠᠪᠣᠨ᠎ᠠ ᠪᠣᠢ

ᠰᠡᠳᠭᠢᠯ ᠮᠢᠨᠢ ᠭᠦᠷᠦᠭᠡᠳ ᠯᠠ ᠪᠠᠢ᠌ᠨ᠎ᠠ

ᠪᠢ ᠡ᠊ᠨᠳᠡ ᠪᠠᠨ ᠯᠠ ᠪᠠᠢ᠌ᠨ᠎ᠠ ᠳ᠋ᠠ

ᠴᠢ ᠨᠠᠭᠠᠰᠢ ᠡᠷᠭᠢᠭᠡᠴᠢ ᠳ᠋ᠠ ︕


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 1544
ᠴᠠᠭ᠄ 2010 ᠤᠨ ᠤ 04 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁