ᠱᠠᠭᠠᠵᠠᠭᠠᠢ ᠪᠠᠨ ᠪᠢ ᠰᠢᠯᠦᠭᠯᠡᠨᠡᠮ

ᠭᠦᠳᠡᠭᠡ ᠶᠢᠨ ᠮᠤᠳᠤᠨ ᠳᠠᠭᠠᠨ ᠡᠭᠦᠷᠯᠡᠵᠤ

ᠪᠠᠢ᠌ᠭᠠᠯᠢ ᠶᠢᠨ ᠰᠠᠢ᠌ᠬᠠᠨ ᠶᠢᠡᠷ ᠠᠮᠢᠳᠤᠷᠠᠳᠠᠭ ᠶᠢᠡᠷ ᠨᠢ

ᠭᠦᠭᠡᠷᠦᠭᠦᠢ ᠵᠤᠯᠵᠠᠭ᠎ᠠ ᠪᠠᠨ ᠵᠢᠯ ᠪᠦᠷᠢ

ᠳᠦᠷᠪᠠ ᠡᠴᠠ ᠳᠠᠪᠣ ᠶᠢ ᠯᠠ ᠥᠰᠭᠡᠭᠡᠳᠡᠭ᠌ ᠶᠢᠡᠷ ᠨᠢ

ᠭᠦᠮᠤᠨ ᠤ ᠠᠯᠠᠭ ᠨᠢᠳᠤᠨ ᠰᠢᠭ᠌

ᠰᠠᠢ᠌ᠬᠠᠨ ᠵᠢᠰᠤ ᠪᠠᠨ ᠭᠠᠢ᠌ᠬᠠᠭᠤᠯᠳᠠᠭ ᠶᠢᠡᠷ ᠨᠢ

ᠬᠤᠭ᠂ ᠰᠡᠭ᠌᠂ ᠰᠢᠪᠠᠵᠢ ᠶᠢ

ᠬᠤᠰᠢᠭᠤᠨ ᠵᠡᠪᠰᠡᠭ᠌ ᠶᠢᠡᠷ ᠶᠢᠡᠨ ᠴᠡᠪᠠᠷᠯᠡᠳᠡᠭ᠌ ᠶᠢᠡᠷ ᠨᠢ

ᠳᠤᠤᠷ ᠣᠷᠬ᠎ᠠ ᠳᠤ ᠭᠢᠯᠪᠠᠷ

ᠭᠡᠨᠡᠳᠡᠵᠤ ᠪᠠᠷᠢᠭᠳᠠᠳᠠᠭ ᠦᠭᠡᠶ ᠪᠠᠢ᠌ᠳᠠᠭ ᠶᠢᠡᠷ ᠨᠢ

ᠬᠤᠤᠷ ᠡᠮ ᠳᠤ ᠠᠮᠠᠷᠬᠠᠨ

ᠬᠠᠭᠤᠷᠳᠠᠵᠤ ᠭᠦᠨᠦᠭᠡᠭ᠍ᠳᠡᠳᠡᠭ᠌ ᠦᠭᠡᠶ ᠶᠠᠪᠣᠳᠠᠭ ᠶᠢᠡᠷ ᠨᠢ

ᠠᠯᠠᠭ ᠵᠢᠭᠦᠷ ᠶᠢᠡᠨ ᠭᠦᠪᠢᠨ ᠭᠦᠪᠢᠨ

ᠵᠠᠯᠬᠠᠭᠤ ᠦᠭᠡᠶ ᠨᠢᠰᠳᠡᠭ᠌ ᠶᠢᠡᠷ ᠨᠢ

ᠠᠳᠤᠭᠤ ᠲᠡᠶ ᠠᠢ᠌ᠯ ᠤᠨ ᠣᠶᠠᠭᠠᠨ ᠳᠡᠭᠡᠷ᠎ᠡ

ᠭᠦᠩᠭᠡᠭᠡᠨ ᠪᠠᠭᠤᠴᠢᠬᠠᠭᠠᠤᠨ

《ᠱᠠᠭ ᠱᠠᠭ᠂ ᠱᠠᠭ ᠱᠠᠭ》 ᠊᠊᠊᠊᠊᠊᠊᠊᠊᠊᠊᠊᠊᠊᠊

ᠪᠠᠶᠠᠷ ᠤᠨ ᠴᠢᠮᠡᠭᠡ ᠳᠠᠮᠵᠢᠭᠤᠯᠳᠠᠭ ᠶᠢᠡᠷ ᠨᠢ

ᠱᠠᠯ ᠤᠨ ᠣᠬᠠᠭᠠᠨ ᠊᠊᠊᠊᠊᠊᠊᠊᠊᠊᠊᠊᠊᠊᠊ ᠭᠦᠳᠡᠭᠡᠪᠦᠷ ᠰᠢᠪᠠᠭᠤ

ᠱᠠᠭᠠᠵᠠᠭᠠᠢ ᠪᠠᠨ ᠪᠢ ᠰᠢᠯᠦᠭᠯᠡᠨᠡᠮ︕

ᠡᠩᠭᠡᠷ ᠤᠨ ᠭᠦᠢᠯᠡᠰᠤ ᠬᠤᠸᠠᠷᠯᠠᠬᠤ ᠳᠤ

ᠮᠤᠳᠤᠨ ᠳᠤ ᠨᠢ ᠰᠠᠭᠤᠴᠢᠬᠠᠭᠠᠤᠨ ᠬᠠᠪᠣᠷ ᠢ ᠱᠠᠭᠰᠢᠳᠠᠭ ᠲᠤ ᠨᠢ

ᠦᠷᠢᠯ ᠮᠣᠢ᠌ᠯ ᠮᠥᠯᠴᠢᠭᠢᠨᠡᠭᠦ ᠳᠤ

ᠰᠠᠯᠠᠭᠠᠨ ᠳᠤ ᠨᠢ ᠰᠠᠭᠤᠴᠢᠬᠠᠭᠠᠤᠨ ᠨᠠᠮᠤᠷ ᠢ ᠠᠮᠳᠠᠷᠬᠠᠳᠠᠭ ᠲᠤ ᠨᠢ

ᠠᠷᠤ ᠶᠢᠨ ᠴᠠᠰᠤ ᠶᠡᠭᠡᠳᠭᠦ ᠳᠤ

ᠠᠶᠤᠵᠤ ᠰᠦᠷᠳᠠᠯ ᠦᠭᠡᠶ ᠡᠪᠦᠯ ᠢ ᠳᠤᠭᠤᠯᠳᠠᠭ ᠲᠤ ᠨᠢ

ᠠᠯᠢᠪᠠ ᠣᠷᠭᠤᠮᠠᠯ ᠳᠡᠯᠭᠡᠷᠡᠭᠦ ᠳᠤ

ᠬᠣᠢ᠌ᠴᠢ ᠪᠠᠨ ᠳᠤᠷᠨᠢᠭᠤᠯᠵᠤ ᠵᠤᠨ ᠢ ᠳᠠᠨᠢᠭᠤᠯᠳᠠᠭ ᠲᠤ ᠨᠢ

ᠦᠯᠵᠡᠢ᠌ᠳᠤ ᠴᠢᠮᠡᠭᠡ ᠳᠠᠮᠵᠢᠭᠤᠯᠤᠭᠠᠤᠨ

ᠡᠪᠦᠯᠵᠢᠶ᠎ᠡ ᠬᠠᠪᠣᠷᠵᠢᠶ᠎ᠠ ᠪᠠᠷ ᠣᠴᠢᠳᠠᠭ ᠲᠤ ᠨᠢ

ᠥᠡᠳᠦᠷᠭᠡᠨ ᠮᠤᠳᠤᠨ ᠳᠠᠭᠠᠨ ᠭᠡᠷᠯᠡᠭᠡᠳ

ᠥᠡᠳᠡᠭᠡ ᠠᠩᠭ᠋ᠠᠬᠠᠢ ᠪᠠᠨ ᠬᠠᠮᠠᠭᠠᠯᠠᠳᠠᠭ ᠲᠤ ᠨᠢ

ᠨᠠᠷᠠᠳᠤ ᠶᠢᠨ ᠵᠠᠢ᠌ᠨ ᠳᠤ ᠨᠡᠷᠡᠳᠡᠢ᠌ᠭᠡᠨ

ᠡᠪ ᠤᠨ ᠰᠢᠪᠠᠭᠤ ᠪᠠᠷ ᠮᠠᠭᠳᠠᠭᠳᠠᠳᠠᠭ ᠲᠤ ᠨᠢ

ᠨᠤᠳᠤᠭ ᠤᠨ ᠴᠢᠯᠠᠭᠤᠨ ᠳᠠᠭᠠᠨ ᠡᠪᠳᠡᠢ᠌ᠭᠡᠨ

ᠮᠠᠭᠢᠷ ᠬᠤᠰᠢᠭᠤ ᠪᠡᠨ ᠢᠷᠯᠡᠴᠢᠭᠡᠭᠡᠳ

《ᠱᠠᠭ ᠱᠠᠭ᠂ ᠱᠠᠭ ᠱᠠᠭ》 ᠊᠊᠊᠊᠊᠊᠊᠊᠊᠊᠊᠊᠊᠊᠊

ᠳᠦᠷᠤᠯᠭᠢ ᠭᠡᠯᠡ ᠪᠠᠨ ᠭᠠᠢ᠌ᠬᠠᠭᠤᠯᠳᠠᠭ ᠲᠤ ᠨᠢ

ᠱᠠᠯ ᠤᠨ ᠣᠬᠠᠭᠠᠨ ᠊᠊᠊᠊᠊᠊᠊᠊᠊᠊᠊᠊᠊᠊᠊ ᠰᠡᠷᠭᠦᠯᠡᠩ ᠰᠢᠪᠠᠭᠤ

ᠱᠠᠭᠠᠵᠠᠭᠠᠢ ᠪᠠᠨ ᠪᠢ ᠰᠢᠯᠦᠭᠯᠡᠨᠡᠮ︕

ᠮᠠᠩᠬ᠎ᠠ ᠲᠡᠶ ᠪᠠᠷᠭᠡ ᠲᠡᠶ ᠨᠤᠳᠤᠭ ᠶᠢᠡᠨ

ᠪᠣᠢ᠌ᠳᠠ ᠭᠡᠵᠤ ᠭᠤᠯᠤᠵᠤ ᠵᠠᠢ᠌ᠳᠠᠳᠠᠭ ᠦᠭᠡᠶ ᠳᠤ ᠨᠢ

ᠮᠤᠳᠤᠨ ᠰᠠᠯᠠᠭᠠᠨ ᠳ᠋ᠠᠭᠢ ᠡᠭᠦᠷ ᠶᠢᠡᠨ

ᠪᠣᠷᠤ ᠭᠡᠵᠤ ᠬᠠᠶᠠᠵᠤ ᠳᠡᠨᠦᠳᠡᠭ᠌ ᠦᠭᠡᠶ ᠳᠤ ᠨᠢ

ᠮᠠᠯ ᠵᠠᠷᠤᠬᠤ ᠶᠢᠨ ᠦᠶ᠎ᠡ ᠪᠠᠷ

ᠴᠢᠮᠡᠭᠡ ᠠᠪᠣᠯᠴᠠᠨ ᠴᠤᠭᠯᠠᠴᠢᠬᠠᠭᠠᠤᠨ ᠱᠤᠯᠤᠭᠠᠨᠠᠯᠳᠤᠳᠠᠭ ᠲᠤ ᠨᠢ

《ᠮᠢᠬ᠎ᠠ ᠢᠳᠡᠭᠦ ᠰᠠᠢ᠌ᠬᠠᠨ ᠡ︕》 ᠭᠡᠵᠤ

ᠢᠳᠠᠰᠢ ᠶᠢᠨ ᠮᠢᠬᠠᠨ ᠡᠴᠠ ᠬᠤᠪᠢᠶᠠᠯᠴᠠᠳᠠᠭ ᠲᠤ ᠨᠢ

ᠰᠤᠷᠭᠤᠭ ᠵᠠᠩᠭᠢ ᠳᠤᠭᠤᠯᠳᠠᠭᠰᠠᠭᠠᠷ

ᠪᠦᠯᠢ ᠨᠢᠭᠡᠳᠡᠨ ᠳᠡᠭᠡᠨ ᠳᠠᠮᠵᠢᠭᠤᠯᠳᠠᠭ ᠲᠤ ᠨᠢ

ᠰᠤᠨᠢᠭᠤᠴᠢ ᠵᠣᠢ᠌ᠯ ᠳᠤᠯᠭᠠᠷᠠᠭᠰᠠᠭᠠᠷ

ᠪᠦᠭᠡᠮᠨᠡᠷᠡᠯᠳᠤᠨ ᠰᠠᠭᠤᠵᠤ ᠵᠥᠪᠯᠡᠯᠴᠡᠳᠡᠭ᠌ ᠲᠤ ᠨᠢ

ᠳᠤᠮᠤᠭ᠎ᠠ ᠦᠭᠡᠶ ᠪᠠᠭ᠎ᠠ ᠶᠢᠨ ᠦᠶ᠎ᠡ

ᠪᠠᠬᠠᠷᠬᠠᠯ ᠢ ᠮᠢᠨᠢ ᠳᠠᠩᠴᠢ ᠳᠠᠳᠠᠳᠠᠭ ᠲᠤ ᠨᠢ

《ᠳᠤᠭᠤᠨᠤ ᠪᠠᠷ ᠴᠢᠨᠢ ᠨᠠᠷᠠ ᠳᠤᠰᠴᠢᠬᠠᠯ᠎ᠠ︕

ᠪᠣᠰ᠂ ᠪᠣᠰ︕》 ᠭᠡᠵᠤ ᠳᠠᠭᠤᠳᠠᠴᠢᠬᠠᠭᠠᠤᠨ

《ᠱᠠᠭ ᠱᠠᠭ᠂ ᠱᠠᠭ ᠱᠠᠭ》 ᠊᠊᠊᠊᠊᠊᠊᠊᠊᠊᠊᠊᠊᠊᠊

ᠰᠠᠢ᠌ᠬᠠᠨ ᠳᠠᠭᠤ ᠲᠡᠶ ᠨᠢᠰᠦᠭᠡᠳ ᠶᠠᠪᠣᠴᠢᠬᠠᠳᠠᠭ ᠲᠤ ᠨᠢ

ᠱᠠᠯ ᠤᠨ ᠣᠬᠠᠭᠠᠨ ᠊᠊᠊᠊᠊᠊᠊᠊᠊᠊᠊᠊᠊᠊᠊ ᠪᠢᠯᠢᠭ᠍ᠳᠤ ᠰᠢᠪᠠᠭᠤ

ᠱᠠᠭᠠᠵᠠᠭᠠᠢ ᠪᠠᠨ ᠪᠢ ᠰᠢᠯᠦᠭᠯᠡᠨᠡᠮ︕


ᠭᠦᠳᠡᠭᠡᠪᠦᠷ ᠵᠠᠩ ᠶᠢᠡᠨ ᠬᠠᠶᠠᠳᠠᠭ ᠦᠭᠡᠶ ᠨᠢ

ᠨᠠᠳᠠᠳᠤ ᠳᠠᠭᠤᠷᠢᠶᠠᠯ ᠶᠤᠮ ᠪᠣᠯᠬᠤᠷ  

ᠭᠦᠮᠤᠨ ᠤ ᠣᠬᠠᠭᠠᠨ ᠲᠡᠶ ᠶᠠᠪᠣᠳᠠᠭ ᠨᠢ

ᠨᠠᠳᠠᠳᠤ ᠰᠡᠩᠭᠡᠭᠡᠷᠡᠯ ᠶᠤᠮ ᠪᠣᠯᠬᠤᠷ

ᠪᠠᠢ᠌ᠭᠠᠯᠢᠯᠢᠭ ᠭᠡᠯᠡ ᠪᠠᠨ ᠬᠠᠶᠠᠳᠠᠭ ᠦᠭᠡᠶ ᠨᠢ

ᠨᠠᠳᠠᠳᠤ ᠥᠯᠢᠭᠡᠷ ᠶᠤᠮ ᠪᠣᠯᠬᠤᠷ

ᠪᠠᠶᠠᠷ ᠭᠦᠷᠭᠡᠵᠤ ᠶᠠᠪᠣᠬᠤ ᠶᠢ ᠮᠠᠷᠳᠠᠳᠠᠭ ᠦᠭᠡᠶ ᠨᠢ

ᠨᠠᠳᠠᠳᠤ ᠵᠢᠱᠢᠶ᠎ᠠ ᠶᠤᠮ ᠪᠣᠯᠬᠤᠷ

《ᠪᠠᠷᠭᠡ ᠶᠢᠨ ᠪᠠᠷᠭᠡ》 ᠪᠠᠨ ᠰᠠᠭᠢᠵᠤ ᠰᠠᠭᠤᠳᠠᠭ ᠨᠢ

ᠨᠠᠳᠠᠳᠤ ᠵᠠᠭᠢᠶ᠎ᠠ ᠶᠤᠮ ᠪᠣᠯᠬᠤᠷ

ᠪᠠᠷᠭᠡ ᠶᠢᠨ ᠦᠶ᠎ᠡ ᠳᠤ ᠴᠤᠭᠯᠠᠷᠠᠵᠤ ᠰᠤᠯᠢᠯᠴᠠᠳᠠᠭ ᠨᠢ

ᠨᠠᠳᠠᠳᠤ ᠭᠦᠮᠦᠵᠢᠯ ᠶᠤᠮ ᠪᠣᠯᠬᠤᠷ

ᠰᠢᠭᠤᠢ ᠮᠤᠳᠤᠨ ᠳᠤ ᠨᠢ

ᠭᠠᠮᠰᠢᠭ ᠪᠣᠤ ᠪᠠᠢ᠌ᠭᠠᠰᠠᠢ ᠭᠡᠭᠦ ᠢᠷᠦᠭᠡᠯ ᠲᠡᠶ ᠰᠢᠯᠦᠭᠯᠡᠨᠡᠮ︕

ᠰᠠᠭᠤᠴᠠ ᠣᠷᠤᠨ ᠳᠤ ᠨᠢ

ᠭᠠᠷ ᠪᠣᠤ ᠭᠦᠷᠦᠭᠡᠰᠡᠢ ᠭᠡᠭᠦ ᠵᠦᠩᠨᠠᠯ ᠲᠡᠶ ᠰᠢᠯᠦᠭᠯᠡᠨᠡᠮ︕

ᠥᠡᠳᠡᠭᠡ ᠠᠩᠭ᠋ᠠᠬᠠᠢ ᠳᠤ ᠨᠢ

ᠬᠤᠷᠤᠭᠳᠠᠯ ᠪᠣᠤ ᠭᠠᠷᠤᠭᠠᠰᠠᠢ ᠭᠡᠭᠦ ᠪᠠᠯᠭᠡᠳᠡᠯ ᠲᠡᠶ ᠰᠢᠯᠦᠭᠯᠡᠨᠡᠮ︕

ᠦᠳᠦᠳᠤ ᠪᠠᠶ᠎ᠠ ᠳᠤ ᠨᠢ

ᠵᠤᠪᠠᠭᠤᠷᠢ ᠪᠣᠤ ᠲᠤᠬᠢᠶᠠᠯᠳᠤᠭᠠᠰᠠᠢ ᠭᠡᠭᠦ ᠳᠠᠭᠠᠳᠬᠠᠯ ᠲᠡᠶ ᠰᠢᠯᠦᠭᠯᠡᠨᠡᠮ︕



           2011,3,20


ᠵᠤᠬᠢᠶᠠᠭᠴᠢ ᠶᠢᠨ ᠬᠠ‍‌ᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1607
ᠴᠠᠭ᠄ 2011 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁