ᠣᠳᠤ ᠶᠢᠨ ᠭᠦᠮᠤᠨ

ᠱᠢᠳᠤᠷᠭᠤ ᠪᠠᠨ ᠱᠤᠯᠤᠭᠠᠤᠨ

ᠱᠤᠯᠤᠮ ᠶᠢᠡᠨ ᠳᠠᠭᠢᠳᠠᠭ ᠨᠢ

ᠣᠳᠤ ᠶᠢᠨ ᠭᠦᠮᠤᠨ ᠤ ᠠᠷᠠᠠᠰᠢᠨ ︕

         ᠪᠣᠷᠬᠠᠨ ᠳᠠᠭᠠᠨ ᠰᠥᠭᠦᠳᠴᠤ

         ᠪᠣᠬᠠᠠᠳᠠᠢ ᠲᠡᠶ ᠭᠡᠷᠡᠯᠴᠡᠳᠡᠭ᠌ ᠨᠢ

        ᠣᠳᠤ ᠶᠢᠨ ᠭᠦᠮᠤᠨ ᠤ ᠰᠠᠳᠭᠢᠴᠠ ︕

ᠴᠢᠳᠭᠦᠷ ᠡᠴᠡ ᠰᠡᠵᠢᠭᠯᠡᠵᠤ

ᠰᠡᠭᠦᠳᠡᠷ ᠡᠴᠡ ᠪᠠᠨ ᠨᠠᠳᠬᠤᠳᠠᠭ ᠨᠢ

ᠣᠳᠤ ᠶᠢᠨ ᠭᠦᠮᠤᠨ ᠤ ᠰᠦᠰᠦ ︕         

         ᠨᠤᠮᠤᠬᠠᠨ ᠶᠢᠡᠨ ᠨᠤᠤᠯᠠᠵᠤ

         ᠨᠤᠬᠠᠢ᠌ᠷᠠᠭᠰᠠᠨ ᠡᠴᠡ ᠨᠢ ᠭᠢᠴᠢᠶᠡᠳᠡᠭ᠌

         ᠣᠳᠤ ᠶᠢᠨ ᠭᠦᠮᠤᠨ ᠤ ᠣᠬᠠᠭᠠᠨ ︕

ᠠᠰᠢᠭ ᠲᠡᠶ ᠪᠣᠯ ᠢᠨᠢᠶᠠᠵᠤ ᠬᠠᠠᠳᠤᠳᠠᠭ

ᠠᠯᠳᠠᠪᠣᠷᠢ ᠲᠡᠶ ᠪᠣᠯ ᠢᠷᠪᠠᠢ᠌ᠵᠤ ᠡᠷᠭᠢᠳᠡᠭ᠌

ᠣᠳᠤ ᠶᠢᠨ ᠭᠦᠮᠤᠨ ᠤ ᠮᠦᠰᠤ  ︕

          ᠥᠭ᠍ᠴᠡᠭᠡ ᠲᠡᠶ ᠨᠢ ᠠᠪᠣ ᠪᠣᠯᠵᠤ

          ᠠᠪᠴᠠᠭ᠎ᠠ ᠲᠡᠶ ᠨᠢ ᠠᠴᠢᠷ ᠪᠣᠯᠤᠭᠰᠠᠨ

          ᠣᠳᠤ ᠶᠢᠨ ᠭᠦᠮᠤᠨ ᠤ ᠶᠤᠰᠤ ︕

 ᠭᠦᠴᠤᠨ ᠳᠡᠭᠦᠰ ᠳᠤᠨᠢ ᠮᠦᠷᠭᠦᠵᠤ

ᠭᠦᠮᠤᠨ ᠪᠠᠷ ᠵᠥᠭᠡᠯᠡᠨ ᠢ ᠨᠢ ᠰᠡᠵᠢᠳᠡᠭ᠌

ᠣᠳᠤ ᠶᠢᠨ ᠭᠦᠮᠤᠨ ᠡ ᠁

          ᠭᠠᠯᠪᠠ ᠨᠢᠭᠡ ᠶᠡᠭᠦᠷᠡᠵᠤ

          ᠭᠠᠯ ᠣᠰᠤ ᠳᠡᠭ᠍ᠳᠡᠭᠦ ᠦᠭᠡᠶ ᠪᠣᠯ

          ᠮᠠᠢ᠌ᠳᠠᠷᠢ ᠪᠣᠷᠬᠠᠨ ᠮᠡᠡᠳᠦᠯᠡᠭᠦ ᠦᠭᠡᠶ ᠡ ︕


                     2011᠂   8  ᠂ 5

                                            


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1358
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁