ᠠᠷᠢᠭᠢᠴᠢᠨ᠂ ᠡᠭᠡᠨᠡᠷ᠂ ᠬᠡᠦᠬᠡᠳ

ᠠᠷᠢᠭᠢᠴᠢᠨ ᠊᠊᠊᠊᠊᠊᠊᠊᠊᠊᠊᠊᠊᠊᠊

ᠠᠷᠢᠭᠢᠴᠢᠨ ᠠᠮᠢᠳᠤᠷᠠᠯ ᠢ

ᠦᠷᠦᠭᠡᠰᠤᠨ ᠨᠢᠳᠤ ᠪᠠᠷ ᠬᠠᠷᠠᠳᠠᠭ ᠪᠣᠯᠬᠤᠷ

ᠠᠷᠢᠭᠢ ᠡᠴᠡ ᠦᠪᠡᠷ ᠤᠨ ᠶᠢᠡᠨ

ᠠᠮᠢ ᠨᠠᠰᠤ ᠪᠠᠨ ᠭᠦᠷᠳᠡᠯ᠎ᠡ ᠰᠤᠯᠢᠳᠠᠭ ᠶᠤᠮ᠂

ᠠᠮᠢᠳᠤᠷᠠᠯ ᠠᠷᠢᠭᠢᠴᠢᠨ ᠢ

ᠠᠳᠠᠭ ᠤᠨ ᠮᠠᠭᠤ ᠪᠠᠷ ᠭᠤᠯᠤᠳᠠᠭ ᠪᠣᠯᠬᠤᠷ

ᠠᠠᠳᠠ ᠨᠥᠭᠦᠤᠨ ᠤᠨ ᠶᠢᠡᠨ

ᠢᠤᠠᠬᠠᠯ ᠢ ᠬᠤᠷᠤᠰᠤᠯ ᠶᠢᠡᠷ ᠬᠠᠷᠢᠭᠤᠯᠳᠠᠭ ᠶᠤᠮ᠂

ᠠᠭᠰᠤᠮ ᠤᠨ ᠰᠢᠪᠰᠢᠭ᠌ ᠶᠢᠡᠷ

ᠠᠲ᠋ᠤᠮ ᠰᠢᠭ ᠳᠡᠯᠪᠠᠷᠡᠭᠦ ᠠᠶᠤᠯ ᠲᠡᠶ ᠪᠣᠯᠬᠤᠷ

ᠠᠢ᠌ᠯ ᠬᠤᠰᠢᠶ᠎ᠠ ᠶᠢᠨ ᠭᠢᠨ ᠴᠤ

ᠠᠷᠭ᠎ᠠ ᠪᠠᠨ ᠪᠠᠷᠠᠵᠤ ᠵᠢᠭ᠍ᠰᠢᠳᠡᠭ᠌ ᠵᠤᠮ᠂

ᠠᠪᠠᠯᠢ ᠡᠭᠡᠨᠡᠷ ᠨᠢ

ᠭᠤᠮᠤᠳᠠᠯ ᠠᠷᠴᠢᠨ ᠴᠥᠭᠦᠷᠡᠳᠡᠭ᠌ ᠪᠣᠯᠬᠤᠷ

ᠠᠯᠠᠭ ᠬᠤᠩᠭ᠋ᠤᠷ ᠦᠷ᠎ᠡ ᠳᠡᠭᠡᠨ ᠴᠤ

ᠡᠭ᠍ᠳᠡᠭᠦᠴᠡᠯ ᠤᠨ ᠬᠠᠷᠠᠴᠠ ᠪᠠᠷ ᠱᠠᠩᠨᠠᠭᠳᠠᠳᠠᠭ ᠶᠤᠮ᠃

ᠡᠭᠡᠨᠡᠷ ᠊᠊᠊᠊᠊᠊᠊᠊᠊᠊᠊᠊᠊᠊᠊

ᠰᠤᠭᠳᠤᠭᠤ ᠡᠷ᠎ᠡ ᠶᠢᠨ ᠶᠢᠡᠨ ᠬᠣᠢ᠌ᠨ᠎ᠠ ᠡᠴᠡ

ᠨᠣᠢ᠌ᠷ ᠬᠤᠭᠤᠯᠠ ᠦᠭᠡᠶ ᠬᠤᠨᠤᠳᠠᠭ ᠪᠣᠯᠬᠤᠷ

ᠰᠤᠬᠤᠷ ᠠᠮᠢᠳᠤ ᠶᠢᠨ ᠵᠠᠶᠠᠭᠠᠨ ᠳᠠᠭᠠᠨ

ᠭᠤᠮᠤᠳᠠᠵᠤ ᠡᠪᠠᠭᠡᠷᠡᠨ ᠭᠠᠰᠤᠯᠠᠳᠠᠭ ᠶᠤᠮ᠂

ᠬᠠᠳᠠᠭᠤ ᠭᠦᠳᠡᠭᠦᠤ ᠳᠤ ᠭᠠᠭᠴᠠᠭᠠᠷ

ᠰᠡᠳᠭᠢᠯ ᠠᠯᠭᠠᠰᠠᠨ ᠵᠤᠪᠠᠨᠢᠳᠠᠭ ᠪᠣᠯᠬᠤᠷ

ᠬᠠᠢ᠌ᠷ᠎ᠠ ᠨᠠᠢ᠌ᠷ ᠦᠭᠡᠶ ᠵᠤᠪᠠᠯᠠᠩ ᠢ

ᠰᠡᠮᠭᠡᠷ ᠵᠢᠷᠦᠭᠡᠨ ᠳᠡᠭᠡᠨ ᠨᠢᠭᠤᠳᠠᠭ ᠶᠤᠮ᠂

ᠨᠢᠭᠦᠯ ᠦᠭᠡᠶ ᠨᠢᠩᠵᠢᠨ ᠳᠠᠰᠪᠣᠷᠢ ᠪᠠᠷ

ᠬᠠᠷᠢᠶᠠᠯ ᠭᠤᠳᠤᠭᠠᠯ ᠰᠤᠨᠤᠰᠳᠠᠭ ᠪᠣᠯᠬᠤᠷ

ᠨᠢᠯᠪᠣᠰᠤᠳᠠᠭ ᠨᠢᠳᠤ ᠪᠠᠷ ᠬᠤᠷᠸ᠎ᠡ ᠶᠢ

ᠬᠠᠷᠠᠵᠤ ᠥᠵᠡᠭᠦ ᠡᠴᠡ ᠪᠠᠨ ᠴᠤ ᠡᠮᠢᠶᠡᠳᠡᠭ᠌ ᠶᠤᠮ᠂

ᠵᠢᠷᠦᠭᠡ ᠪᠠᠨ ᠭᠠᠷ ᠳᠠᠭᠠᠨ ᠪᠠᠷᠢᠵᠤ

ᠣᠢ᠌ᠯᠠ ᠶᠢᠨ ᠦᠷ᠎ᠡ ᠶᠢ ᠠᠮᠰᠠᠳᠠᠭ ᠪᠣᠯᠬᠤᠷ

ᠵᠦᠳᠡᠷᠡᠯ ᠶᠠᠳᠠᠷᠠᠯ ᠡᠴᠡ ᠨᠠᠩ ᠭᠡᠴᠡᠭᠦᠤ

ᠠᠮᠢᠳᠤ ᠶᠢᠨ ᠳᠠᠮᠤ ᠶᠢ ᠡᠳ᠋ᠯᠡᠳᠡᠭ᠌ ᠶᠤᠮ᠃

ᠬᠡᠦᠬᠡᠳ ᠊᠊᠊᠊᠊᠊᠊᠊᠊᠊᠊᠊᠊᠊᠊

ᠪᠠᠯᠴᠢᠷ ᠨᠢᠯᠬ᠎ᠠ ᠣᠬᠠᠭᠠᠨ ᠳ᠋ᠤᠨᠢ

ᠰᠤᠷᠪᠢ ᠦᠯᠠᠳᠠᠵᠤ ᠬᠤᠴᠤᠷᠠᠳᠠᠭ ᠪᠣᠯᠬᠤᠷ

ᠪᠠᠭ᠎ᠠ ᠨᠠᠰᠤ ᠨᠠᠩᠴᠢᠳ ᠬᠤᠶᠠᠷ ᠢ

ᠰᠦᠨᠢ ᠰᠢᠭ᠌ ᠬᠠᠷᠠᠩᠭ᠋ᠤᠢ ᠳᠠᠨᠢᠳᠠᠭ ᠶᠤᠮ᠂

ᠭᠠᠰᠢᠭᠤᠨ ᠬᠠᠷ᠎ᠠ ᠶᠢᠨ ᠭᠢᠯᠢᠠᠴᠠ ᠶᠢ

ᠶᠠᠰᠤᠨ ᠳᠠᠭᠠᠨ ᠣᠷᠤᠳᠠᠯ᠎ᠠ ᠬᠤᠷᠤᠰᠤᠳᠠᠭ ᠪᠣᠯᠬᠤᠷ

ᠭᠠᠭᠴᠠᠬᠠᠨ ᠣᠯᠳᠠᠬᠤ ᠨᠠᠰᠤ ᠪᠠᠷ ᠶᠢᠡᠨ

ᠶᠠᠯ᠎ᠠ ᠶᠢ ᠨᠢ ᠠᠭᠤᠴᠢᠯᠠᠵᠤ ᠴᠢᠳᠠᠬᠤ ᠦᠭᠡᠶ ᠶᠤᠮ᠂

ᠪᠣᠳᠤᠯ ᠳ᠋ᠤᠨᠢ ᠵᠠᠩᠭᠢᠷᠠᠬᠤ ᠢᠴᠢᠭᠦᠷᠢ ᠶᠢ

ᠪᠣᠰᠤᠳ ᠤᠨ ᠬᠠᠷᠠᠴᠠᠨ ᠡᠴᠡ ᠳᠠᠯᠳᠠᠯᠠᠵᠤ

ᠪᠣᠷᠤᠭᠠᠨ ᠤ ᠳᠤᠰᠤᠯ ᠰᠢᠬ᠎ᠠᠮᠳᠡᠷᠡᠯ ᠶᠢᠡᠷ

ᠪᠣᠷᠤᠭᠤ ᠬᠠᠯᠢᠶᠠᠵᠤ ᠮᠡᠭ᠍ᠰᠢᠳᠡᠭ᠌ ᠶᠤᠮ᠃

᠁ ᠁

ᠭᠦᠵᠦᠭᠦᠤ ᠲᠡᠶ ᠳᠤᠯᠤᠭᠠᠢ ᠵᠡᠭᠦᠭ᠍ᠰᠡᠨ

ᠰᠢᠮᠨᠤ ᠶᠢᠨ ᠰᠢᠭᠡᠰᠤᠨ ᠤ ᠪᠣᠭᠤᠯ

ᠭᠦᠮᠤᠨ ᠴᠢᠦᠡᠭᠦᠷ ᠴᠢᠮ᠎ᠠ ᠳᠤ

ᠰᠢᠯᠦᠭ᠌ ᠨᠢᠭᠡ ᠶᠢ ᠪᠢᠴᠢᠯ᠎ᠠ ᠁

ᠡᠷᠳᠡᠮ ᠨᠤᠮ ᠰᠤᠷᠤᠭᠰᠠᠨ ᠪᠣᠯ

ᠡᠷᠡᠭᠦᠯ ᠳᠤᠷᠤᠤᠯ ᠴᠠᠭ ᠳᠠᠭᠠᠨ

ᠰᠠᠷᠠᠭᠤᠯ ᠣᠬᠠᠭᠠᠨ ᠳᠠᠷᠢᠭᠢ ᠳᠡᠭᠡᠨ

ᠰᠠᠢ᠌ᠬᠠᠨ ᠳᠤᠩᠭ᠋ᠠᠨ ᠪᠣᠳᠤᠵᠤ ᠦᠵᠡ ᠁

ᠠᠯᠢ ᠴᠤ ᠨᠢᠭᠡ ᠴᠠᠭ ᠳᠤ

ᠠᠷᠢᠭᠢ ᠶᠢ ᠭᠡᠳᠡᠰᠤᠨ ᠳᠡᠭᠡᠨ ᠣᠤᠭᠤ ︕

ᠨᠤᠷᠱᠤᠵᠤ ᠡᠯᠳᠡᠪ ᠶᠢ ᠪᠢᠳᠡᠭᠡᠢ ᠴᠠᠯᠴᠢ ︕

ᠨᠤᠬᠠᠢ ᠬᠤᠴᠠᠬᠤ ᠶᠢᠨ ᠴᠢᠨᠡᠭᠡᠨ ᠰᠤᠨᠤᠰᠬᠤ ᠭᠦᠮᠤᠨ ᠠᠯᠠᠭ᠎ᠠ ᠁

ᠭᠢᠰᠭᠢᠭ᠍ᠰᠡᠨ ᠮᠦᠷ ᠶᠢᠡᠨ ᠬᠠᠷᠠᠵᠤ ᠭᠦᠯ ᠪᠠᠨ ᠪᠠᠳᠤᠯᠠ ︕

ᠭᠡᠯᠡᠭ᠍ᠰᠡᠨ ᠥᠭᠡ ᠪᠠᠨ ᠪᠣᠯᠭᠤᠭᠠᠵᠤ ᠠᠮᠠ ᠪᠠᠨ ᠪᠠᠳᠤᠯᠠ ︕

ᠭᠦᠯ ᠬᠠᠯᠳᠤᠷᠢᠪᠠᠯ ᠰᠤᠷᠪᠢ ᠠᠪᠴᠢᠷᠠᠨ᠎ᠠ ︕

ᠭᠡᠯᠡ ᠪᠠᠨ ᠪᠢᠯᠡᠭᠦᠳᠡᠪᠠᠯ ᠭᠡᠷᠡᠭᠦᠯ ᠠᠪᠴᠢᠷᠠᠨ᠎ᠠ ︕

ᠦᠯᠤᠨ ᠨᠢᠳᠤ ᠪᠠᠷ ᠯᠤᠩᠬᠤ ᠣᠷᠤᠭᠤ ᠪᠢᠳᠡᠭᠡᠢ ᠥᠩᠭᠡᠯᠵᠡ ︕

ᠦᠪᠡᠷ ᠡᠴᠡ ᠴᠢᠨᠢ ᠬᠤᠠᠳᠠᠭ᠎ᠠ ᠭᠦᠷᠳᠡᠯ᠎ᠡ ᠢᠴᠢᠩᠭᠦᠷᠡᠨ᠎ᠡ ︕

ᠡᠭᠡᠨᠡᠷ ᠬᠡᠦᠬᠡᠳ ᠳᠡᠭᠡᠨ ᠰᠦᠷ ᠶᠢᠠᠨ ᠪᠢᠳᠡᠭᠡᠢ ᠭᠠᠢ᠌ᠬᠠᠭᠤᠯ ︕

ᠡᠨᠡ ᠪᠠᠶ᠎ᠠ ᠡᠴᠡ ᠴᠢᠨᠢ ᠠᠮᠢᠳᠤᠷᠠᠯ ᠭᠦᠷᠳᠡᠯ᠎ᠡ ᠣᠢ᠌ᠳᠤᠨ᠎ᠠ ︕

ᠡᠷᠯᠢᠭ᠌ ᠤᠨ ᠡᠭᠦᠳᠡ ᠰᠠᠭᠢᠬᠤ ᠳᠤᠷ᠎ᠠ ᠦᠭᠡᠶ ᠪᠣᠯ

ᠡᠷ᠎ᠡ ᠶᠢᠨ ᠴᠡᠭᠡᠵᠢᠨ ᠳᠡᠭᠡᠨ ᠠᠮᠢᠳᠤ ᠶᠢᠨ ᠵᠢᠷᠭᠠᠯ ᠢ ᠪᠠᠭᠳᠠᠭ᠎ᠠ ︕

ᠠᠷᠢᠭᠢ ᠪᠠᠷ ᠴᠢᠮᠢ᠋ᠢ ᠠᠮᠠᠯᠠᠭᠰᠠᠨ ᠪᠢᠰᠢ ᠪᠣᠯ

ᠠᠯᠳᠠᠷ ᠤᠨ ᠶᠢᠡᠨ ᠲᠦᠯᠦᠭᠡ ᠨᠠᠷ᠎ᠠ ᠪᠠᠨ ᠡᠷᠭᠦᠵᠤ ᠶᠠᠪᠣ ︕

ᠮᠠᠭᠤ ᠶᠢᠨ ᠶᠤᠰᠤᠨ ᠪᠢᠰᠢ ᠭᠡᠳ

ᠮᠤᠩᠭ᠋ᠤᠯ ᠳᠡᠭᠡᠳᠦᠰ ᠶᠢᠠᠨ ᠪᠢᠳᠡᠭᠡᠢ ᠭᠤᠳᠤᠭ᠎ᠠ ︕

ᠴᠡᠭ᠌ ᠳᠡᠭᠡᠷ᠎ᠡ ᠨᠢ ᠴᠡᠩᠭᠡᠯ ᠨᠠᠢ᠌ᠷ ᠶᠢᠡᠷ ᠪᠢᠯᠬᠠᠵᠤ

ᠴᠡᠪᠠᠷᠭᠡᠨ ᠰᠠᠢ᠌ᠬᠠᠨ ᠡᠳ᠋ᠯᠡᠵᠤ ᠴᠢᠳᠠᠪᠠᠯ ᠬᠠᠶᠠ ᠨᠢᠭᠡ ᠪᠠᠯᠭᠤ ︕

ᠵᠦᠪ ᠭᠡᠷᠡᠭᠯᠡᠵᠤ᠂ ᠵᠦᠩᠨᠠᠯ ᠢᠷᠦᠭᠡᠯ ᠪᠠᠯᠭᠡᠳᠡᠵᠤ

ᠵᠥᠭᠡᠷ ᠰᠠᠢ᠌ᠬᠠᠨ ᠡᠳ᠋ᠯᠡᠵᠤ ᠴᠢᠳᠠᠪᠠᠯ ᠬᠠᠶᠠ ᠨᠢᠭᠡ ᠪᠠᠯᠭᠤ ︕ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1706
ᠴᠠᠭ᠄ 2010 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁