ᠢᠯᠢ ᠶᠢᠨ ᠭᠤᠤᠯ

ᠴᠡᠩᠭᠡᠷ ᠭᠦᠭᠡ ᠲ᠋ᠡᠭ᠍ᠷᠢ ᠨᠢ ᠡᠭᠦᠯᠡ ᠲᠡᠶ ᠪᠠᠨ

ᠴᠡᠭᠡᠯ ᠤᠨ ᠴᠡᠩᠭᠡᠷ ᠣᠰᠤ ᠨᠢ ᠵᠢᠭᠠᠰᠤ ᠲᠡᠶ ᠪᠠᠨ

ᠴᠡᠮᠴᠡᠭᠡᠷ ᠭᠡᠦᠭᠡᠨ ᠤ ᠴᠠᠮᠴᠠ ᠵᠢ ᠲ᠋ᠡᠯᠡᠰᠭᠡᠭ᠍ᠰᠡᠨ

ᠴᠡᠪᠠᠷᠭᠡᠨ ᠰᠠᠯᠭᠢ ᠨᠢ ᠨᠠᠪᠴᠢ ᠲᠡᠶ ᠪᠠᠨ

           ᠢᠯᠢ ᠶᠢᠨ ᠭᠤᠤᠯ ᠤᠨ ᠳᠠᠠᠵᠢᠨ

           ᠢᠨᠠᠭ ᠤᠨ ᠳᠤᠷᠭᠠᠨ ᠠᠯᠴᠢᠭᠤᠷ ᠡ

ᠠᠷᠤ ᠳᠡᠬᠢ ᠳᠠᠰᠢᠭᠤ ᠳᠤ ᠠᠷᠴᠠᠨ ᠪᠠᠢ᠌ᠨ᠎ᠠ

ᠷᠠᠰᠢᠶᠠᠨ ᠪᠣᠯᠠᠭ ᠬᠠᠵᠠᠭᠤ ᠳᠤ ᠨᠢ ᠪᠠᠢ᠌ᠨ᠎ᠠ

ᠠᠯᠢᠮᠠᠨ ᠵᠢᠮᠢᠰ ᠡᠷᠦᠭᠡ ᠪᠠᠷ ᠨᠢ ᠱᠠᠪᠰᠢᠨ᠎ᠠ

ᠠᠢ᠌ᠷᠠᠭ ᠴᠡᠭᠡ ᠡᠷᠭᠢ ᠪᠠᠷ ᠨᠢ ᠳᠠᠯᠪᠠᠷᠠᠨ᠎ᠡ

           ᠢᠯᠢ ᠵᠢᠨ ᠭᠤᠤᠯ ᠤᠨ ᠳᠠᠠᠵᠢᠨ

           ᠡᠵᠢ ᠶᠢᠨ ᠰᠠᠢ᠌ᠬᠠᠨ ᠢᠷᠦᠭᠡᠯ ᠡ

ᠳᠠᠭᠢᠯᠭᠠᠨ ᠤ ᠳᠠᠪᠤᠨ ᠬᠠᠢ᠌ᠷᠬᠠᠨ ᠳᠡᠭ᠍ᠷᠢ

ᠳᠠᠵᠢ ᠮᠠᠩᠨᠤᠭ ᠰᠢᠷ᠎ᠠ ᠭᠦᠳᠡᠭᠡ

ᠬᠠᠮᠤᠭ ᠯᠤᠤᠰᠳᠤ ᠶᠢᠨ ᠬᠠᠨ ᠭᠠᠵᠠᠷ ᠣᠰᠤ

ᠬᠠᠭᠠᠨ ᠭᠦᠪᠠᠭᠦᠨ ᠤ ᠰᠡᠯᠡᠭᠦᠨ ᠨᠣᠢ᠌ᠷᠰᠤᠯᠭ᠎ᠠ

           ᠢᠯᠢ ᠶᠢᠨ ᠭᠤᠤᠯ ᠤᠨ ᠳᠠᠠᠵᠢᠨ

           ᠠᠪᠣ ᠶᠢᠨ ᠬᠠᠢ᠌ᠷᠠᠨ ᠨᠤᠳᠤᠭ ᠡ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠢᠯᠢ ᠨᠢᠯᠬ᠎ᠠ ᠰᠢᠶᠠᠨ ᠤ ᠬᠤᠵᠢᠷᠳᠠᠢ ᠰᠤᠮᠤᠨ

ᠵᠤᠬᠢᠶᠠᠭᠴᠢ᠄ ᠬᠠ᠊·ᠪᠣᠯᠭᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1252
ᠴᠠᠭ᠄ 2012 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁