ᠳᠠᠯᠠᠢ ᠠᠪᠣ ᠶᠢᠨ ᠮᠦᠷ

ᠨᠢᠭᠡ

ᠮᠦᠷ ᠮᠦᠷ ᠵᠢᠭ᠍ᠳᠡᠷᠡᠭ᠍ᠰᠡᠨ ᠭᠦᠭ᠍ᠰᠢᠨ᠂ ᠵᠠᠯᠠᠭᠤ᠂ ᠵᠤᠯᠵᠠᠭ᠎ᠠ ᠭᠡᠳᠤᠨ ᠦᠶ᠎ᠡ ᠶᠢᠨ ᠣᠳᠠ ᠮᠤᠳᠤᠳ ᠮᠢᠨᠤ ᠨᠤᠳᠤᠭ ᠤᠨ ᠳᠤᠭᠰᠢᠷᠠᠭᠰᠠᠨ ᠡᠯᠡᠰᠤ ᠶᠢ ᠴᠢᠳᠤᠷᠯᠠᠵᠤ᠂ ᠠᠢ᠌ᠯ ᠤᠨ ᠪᠠᠷᠠᠭᠤᠨ ᠳᠠᠯ᠎ᠠ ᠪᠠᠷ ᠣᠮᠤᠭ ᠳᠡᠭᠦᠯᠳᠡᠷ ᠰᠥᠭᠯᠥᠢᠵᠤ ᠬᠠᠷᠠᠭᠳᠠᠨ᠎ᠠ᠃

《ᠳᠠᠯᠠᠢ ᠠᠪᠣ ᠡ ︕》

ᠮᠢᠨᠤ ᠳᠤᠳᠤᠷ᠎ᠠ ᠦᠪᠡᠷ ᠤᠨ ᠡᠷᠭᠡ ᠦᠭᠡᠶ ᠵᠡᠭᠦᠨ ᠭᠦᠯ ᠶᠢᠡᠷ ᠶᠢᠡᠨ ᠬᠠᠢ᠌ᠵᠢᠭᠴᠠᠵᠤ ᠠᠯᠬᠤᠳᠠᠭ ᠳᠡᠭᠦᠨ ᠤ ᠳᠦᠷᠭᠦ ᠪᠣᠳᠤᠭᠳᠠᠪᠠ᠃ ᠬᠠᠷᠢᠬᠤ ᠪᠣᠯᠭᠠᠨ ᠮᠠᠨ ᠤ ᠳᠤ ᠢᠷᠠᠵᠤ ᠬᠠᠠᠵᠤ ᠢᠷᠮᠡᠭ᠍ᠳᠡᠭᠡᠳ ᠄ 《ᠬᠤᠯᠠ ᠶᠠᠪᠣᠭᠰᠠᠨ ᠭᠦᠤ ᠮᠢᠨᠢ᠂ ᠬᠤᠳᠠ ᠶᠢᠨ ᠰᠤᠨᠢᠨ ᠶᠠᠭᠤ ᠪᠠᠢ᠌ᠨ᠎ᠠ ︖》 ᠭᠡᠵᠤ ᠣᠯᠠᠨ ᠳᠠᠭᠢᠨ ᠳᠠᠪᠳᠠᠭᠰᠠᠨ ᠠᠰᠠᠭᠤᠯᠳᠠ ᠪᠠᠨ ᠨᠤᠷᠱᠤᠴᠢᠬᠠᠭᠠᠤᠨ ᠭᠡᠵᠢᠶᠡᠳᠡ ᠰᠠᠯᠭᠠᠳᠠᠭ ᠦᠭᠡᠶ ᠳᠠᠶ‍ᠢᠭ ᠶᠢᠡᠨ ᠪᠠᠷᠢᠨ ᠡᠷᠡᠤ ᠪᠠᠨ ᠳᠤᠯᠵᠤ ᠰᠠᠭᠤᠭᠠᠤᠨ ᠨᠠᠮᠢ᠋ᠢ ᠬᠠᠷᠠᠵᠤ ᠭᠦᠯᠢᠶᠡᠳᠡᠭ᠌ ᠰᠠᠨ᠃ ᠳᠡᠭᠡᠭᠡᠳ ᠮᠢᠨᠤ ᠴᠢᠷᠠᠢ ᠪᠠᠨ ᠣᠯᠠᠢ᠌ᠯᠭᠠᠨ ᠳᠤᠷᠴᠤ ᠳᠡᠭᠡᠭᠯᠡᠵᠤ ᠶᠠᠷᠢᠵᠤ ᠦᠭ‍ᠭᠦ ᠶᠢ ᠰᠤᠨᠤᠰᠴᠤ ᠪᠠᠷᠠᠩᠭ᠋ᠤᠳᠠ᠄

᠊᠊᠊᠊᠊ ᠭᠦᠤ ᠮᠢᠨᠢ᠂ ᠬᠤᠳᠠ ᠳᠤ ᠮᠠᠩᠬᠠᠨ ᠭᠠᠵᠠᠷ ᠶᠠᠮᠠᠷ ᠶᠠᠮᠠᠷ ᠮᠤᠳᠤᠳ ᠢ ᠵᠠᠢ᠌ᠯᠠᠵᠤ ᠪᠣᠯᠬᠤ ᠬᠠᠮᠢᠶᠠᠳᠠᠢ ᠨᠤᠮ ᠮᠤᠮ ᠪᠠᠢ᠌ᠨ᠎ᠠ︖ ᠭᠡᠵᠤ ᠠᠰᠠᠭᠤᠴᠢᠬᠠᠭᠠᠤᠨ ᠬᠠᠷᠢᠭᠤᠯᠬᠤ ᠶᠢ ᠭᠦᠯᠢᠶᠡᠯ ᠦᠭᠡᠶ 《ᠪᠠᠢ᠌ᠪᠠᠯ ᠭᠦᠤ ᠮᠢᠨᠢ ᠨᠢᠭᠡ ᠠᠪᠣᠭᠠᠤᠨ ᠢᠷ᠎ᠠ᠂ ᠪᠢ ᠳᠡᠭᠦᠤ ᠪᠠᠷ ᠴᠢᠨᠢ ᠳᠠᠭᠤᠳᠠᠭᠤᠯᠵᠤ ᠰᠤᠨᠤᠰᠤᠶ᠎ᠠ》 ᠭᠡᠵᠤ ᠭᠦᠰᠡᠯᠳᠡᠢ᠌ᠭᠡᠨ ᠭᠡᠯᠡᠵᠤ ᠭᠠᠷᠳᠠᠭ ᠰᠠᠨ᠃

ᠮᠢᠨᠤ ᠳᠤᠳᠤᠷ᠎ᠠ ᠳᠠᠯ᠎ᠠ ᠰᠢᠭ ᠠᠭᠤᠵᠢᠷᠠᠯ᠎ᠠ᠃

ᠡᠨᠡ ᠣᠳᠠᠭ᠎ᠠ ᠬᠤᠳᠠ ᠶᠢᠨ ᠨᠤᠮ ᠤᠨ ᠳᠡᠯᠭᠡᠭᠦᠷ ᠢ ᠡᠯᠡᠭᠡᠵᠤ ᠣᠯᠳᠠᠭᠰᠠᠨ 《ᠮᠤᠳᠤᠳ ᠤᠨ ᠳᠦᠷᠤᠯ ᠵᠠᠨᠠᠷ ᠵᠢᠴᠢ ᠵᠠᠢ᠌ᠯᠠᠵᠤ ᠠᠷᠠᠴᠢᠯᠠᠬᠤ ᠠᠷᠭ᠎ᠠ》 ᠭᠡᠳᠡᠭ᠌ ᠨᠤᠮ ᠢ ᠳᠡᠭᠦᠨ ᠳᠤ ᠠᠪᠴᠢᠷᠠᠭᠰᠠᠨ ᠶᠤᠮ᠃   ᠣᠳᠤ ᠴᠤ ᠳᠡᠭᠦᠨ ᠢ ᠨᠢᠭᠡ ᠪᠠᠶᠠᠷᠯᠠᠭᠤᠯᠵᠤ ᠬᠠᠶᠠᠬᠤ ᠨᠢ ᠡ ︕

ᠪᠢ ᠠᠢ᠌ᠯ ᠤᠨ ᠪᠠᠷᠠᠭᠤᠠᠳᠠᠭᠢ ᠣᠢ ᠶᠢᠨ ᠪᠠᠷᠠᠭᠤᠨ ᠵᠠᠬ᠎ᠠ ᠳᠤ ᠳᠤᠯᠵᠤ ᠢᠷᠠᠪᠠ᠃

ᠭᠡᠨᠡᠳᠲᠡ ᠰᠠᠯᠭᠢᠨ ᠤ ᠠᠶ᠎ᠠ ᠪᠠᠷ ᠳᠠᠯᠪᠠᠯᠵᠠᠬᠤ ᠴᠠᠭᠠᠨ ᠳᠠᠷᠴᠤᠭ ᠶᠠᠭ ᠺᠢᠨᠤ᠋ ᠳᠤ ᠬᠠᠶᠠ ᠭᠠᠷᠳᠠᠭ ᠶᠠᠫᠣᠨ ᠳᠡᠭᠡᠷᠡᠮ ᠤᠨ ᠨᠠᠷᠠᠨ ᠳᠤᠭ ᠰᠢᠭ ᠬᠠᠷᠠᠭᠠᠨ ᠳᠤ ᠣᠷᠤᠬᠤ ᠪᠠᠷ ᠮᠢᠨᠤ ᠳᠤᠳᠤᠷ᠎ᠠ ᠵᠢᠷᠤᠰᠭᠢᠵᠤ ᠠᠪᠣᠪᠠ᠃ ᠠᠢ ︕ ᠪᠠᠰᠠ ᠠᠯᠢ ᠨᠢᠭᠡ ᠨᠠᠰᠤᠳᠠᠨ ᠨᠢ ᠬᠠᠯᠢᠭᠠᠤᠨ ᠶᠠᠪᠣᠴᠢᠬᠠᠪᠠ ᠳ᠋ᠠ ⁈

ᠬᠤᠶᠠᠷ

ᠭᠡᠷ ᠲᠡᠭᠡᠨ ᠢᠷᠡᠭᠡᠳ ᠠᠪᠣ ᠡᠵᠢ ᠲᠡᠶ ᠪᠠᠨ ᠵᠤᠯᠭᠠᠬᠤ ᠭᠢᠷᠢ ᠣᠷᠤᠢ ᠶᠢᠨ ᠬᠤᠭᠤᠯᠠᠨ ᠤ ᠴᠠᠭ ᠪᠣᠯᠪᠠ᠃ ᠪᠢ ᠬᠤᠶᠠᠷ ᠨᠠᠰᠤᠳᠠᠨ ᠳᠠᠭᠠᠨ ᠠᠪᠴᠢᠷᠠᠭᠰᠠᠨ ᠰᠠᠢ᠌ᠨ ᠠᠷᠢᠭᠢ ᠠᠮᠳᠠᠳᠤ ᠰᠠᠷᠬᠤᠤᠨ ᠡᠴᠡ ᠪᠠᠨ ᠰᠦᠩᠨᠠᠵᠤ ᠪᠠᠷᠢᠭᠠᠤᠨ ᠬᠠᠩᠵᠤᠨ ᠢᠷᠮᠡᠭ᠌ ᠲᠤ ᠰᠠᠠᠳᠠᠢ᠌ᠯᠠᠵᠤ ᠰᠠᠭᠤᠭᠠᠤᠨ ᠠᠷᠢᠭᠢ ᠨᠠᠷᠠᠵᠤ ᠦᠭ‍ᠭᠦ ᠶᠢᠨ ᠳᠠᠭᠠᠤ ᠠᠢ᠌ᠯ ᠠᠢ᠌ᠮᠠᠭ ᠤᠨ ᠬᠠᠴᠢᠨ ᠰᠤᠨᠢᠨ ᠬᠤᠪᠢᠷᠠᠯᠳᠠ ᠶᠢ ᠠᠰᠠᠭᠤᠵᠤ ᠡᠭᠢᠯᠡᠪᠡ᠃

᠊᠊᠊᠊ ᠳᠤᠷᠭ᠎ᠠ ᠡᠭᠡᠴᠢ ᠴᠢᠨᠢ ᠬᠠᠷᠢ ᠳᠤ ᠮᠤᠷᠳᠠᠵᠠᠢ᠂ ᠬᠤᠯᠤᠰᠤᠳᠠᠢ ᠶᠢᠨ ᠠᠢ᠌ᠯ ᠳᠤ᠃

᠊᠊᠊᠊ ᠲᠦᠮᠡᠨ ᠠᠬ᠎ᠠ ᠴᠢᠨᠢ ᠭᠦᠤ ᠲᠡᠶ ᠪᠣᠯᠤᠭᠠᠤᠨ ᠭᠤᠷᠪᠠᠨ ᠰᠠᠷ᠎ᠠ ᠪᠣᠯᠵᠤ ᠪᠠᠢ᠌ᠨ᠎ᠠ᠃

......

ᠠᠢ᠌ᠯ ᠤᠨ ᠰᠤᠨᠢᠨ ᠮᠡᠳᠡᠭᠡ ᠡᠴᠡ ᠠᠪᠣ ᠡᠵᠢ ᠮᠢᠨᠢ ᠳᠡᠭᠦᠵᠤ ᠶᠠᠷᠢᠵᠤ ᠯᠠ ᠪᠠᠢ᠌ᠪᠠ᠃ ᠪᠦᠷ ᠯᠠ ᠣᠷᠤᠭ ᠬᠤᠷᠢᠮ᠂ ᠬᠡᠦᠬᠡᠳ ᠰᠢᠤᠬᠠᠤᠨ ᠲᠡᠶ ᠪᠣᠯᠵᠤ ᠪᠠᠢ᠌ᠭ᠎ᠠ ᠰᠠᠢ᠌ᠨ ᠴᠢᠮᠡᠭᠡ᠃ ᠪᠢ ᠠᠪᠣ ᠳᠤ ᠠᠷᠢᠭᠢ ᠨᠠᠷᠠᠵᠤ ᠦᠭ‍ᠭᠦ ᠵᠠᠭᠤᠷ᠎ᠠ ᠄

᠊᠊᠊᠊ ᠠᠢ᠌ᠯ ᠤᠨ ᠪᠠᠷᠠᠭᠤᠠᠳᠠᠭᠢ ᠣᠢ ᠶᠢᠨ ᠪᠠᠷᠠᠭᠤᠨ ᠵᠠᠬ᠎ᠠ ᠳᠤ ᠪᠠᠢ᠌ᠭ᠎ᠠ ᠨᠢ ᠭᠡᠨ ᠤ ᠪᠣᠩᠬᠤᠨ ᠪᠣᠢ ︖ ᠭᠡᠵᠤ ᠵᠠᠪᠳᠤᠵᠤ ᠠᠰᠠᠭᠤᠪᠠ᠃

ᠬᠤᠶᠠᠷ ᠨᠠᠰᠤᠳᠠᠨ ᠭᠡᠨ ᠠᠯᠢᠨ ᠶᠢᠡᠨ ᠬᠠᠷᠠᠭᠠᠤᠨ ᠳᠤᠭᠤᠢ ᠪᠣᠯᠴᠢᠬᠠᠪᠠ᠃ ᠡᠨᠡ ᠨᠢ ᠳᠠᠳᠠᠨ ᠤ ᠰᠠᠨᠠᠭᠠᠨ ᠳᠤ ᠦᠭᠡᠶ ᠠᠰᠠᠭᠤᠯᠳᠠ ᠪᠣᠯᠤᠭᠰᠠᠨ ᠨᠢ ᠢᠯᠡᠷᠭᠡᠢ ᠪᠠᠢ᠌ᠯ᠎ᠠ᠃

᠊᠊᠊᠊ ᠭᠡᠨ ᠤ ᠭᠢ ᠁ ᠭᠡᠨ ᠤ ᠭᠢ ᠪᠠᠢ᠌ᠬᠤ ᠶᠤᠮ ⁈ 《ᠣᠢ ᠶᠢᠨ ᠪᠣᠷᠬᠠᠨ》 ᠠᠪᠣ ᠶᠢᠨ ᠴᠢᠨᠢ ᠰᠢᠳᠠ ᠭᠡᠵᠤ ᠠᠪᠣ ᠮᠢᠨᠢ ᠬᠠᠯᠠᠰᠤᠭᠰᠠᠨ ᠪᠣᠯᠤᠯᠳᠠᠢ ᠳᠤᠷᠴᠤ ᠳᠡᠭᠡᠭᠯᠡᠨ ᠶᠠᠷᠢᠴᠢᠬᠠᠭᠠᠤᠨ ᠬᠤᠠᠳᠠᠭ᠎ᠠ ᠲᠡᠶ ᠪᠠᠨ ᠨᠢᠭᠡᠯᠡ ᠭᠦᠡᠳᠦᠷᠴᠤ ᠣᠷᠭᠢᠪᠠ᠃

《ᠣᠢ ᠶᠢᠨ ᠪᠣᠷᠬᠠᠨ ︕》

ᠮᠢᠨᠤ ᠳᠤᠳᠤᠷ᠎ᠠ ᠣᠢ᠌ᠮᠤᠷᠠᠯ ᠳᠠᠪᠠᠯᠭᠠᠯᠠᠵᠤ ᠭᠡᠷ ᠳᠤᠳᠤᠷᠠᠭᠢ ᠶᠠᠭᠤᠮ᠎ᠠ ᠪᠦᠭᠦᠨ ᠴᠦᠮ ᠪᠠᠯᠠᠷᠳᠠᠵᠤ ᠡᠭᠢᠯᠡᠯ᠎ᠡ ᠁

ᠭᠤᠷᠪᠠ

ᠨᠠᠮᠢ᠋ᠢ ᠲᠦᠭᠦᠭᠡ ᠣᠷᠤᠵᠤ ᠪᠠᠢ᠌ᠭ᠎ᠠ ᠦᠶᠡᠰ ᠳᠠᠯᠠᠢ ᠠᠪᠣ ᠢᠳᠠᠷ ᠨᠠᠰᠤᠨ ᠳᠤ ᠪᠠᠨ ᠪᠠᠢ᠌ᠭᠰᠠᠨ ᠪᠦᠭᠡᠳ ᠠᠢ᠌ᠯ ᠤᠨ ᠪᠠᠷᠠᠭᠤᠠᠳᠠᠭᠢ ᠴᠤᠮᠤ ᠶᠢᠨ ᠠᠮᠠᠰᠠᠷ ᠤᠨ ᠭᠢᠷᠢ ᠪᠦᠳᠦᠭᠦᠨ ᠣᠳᠠᠤᠨ ᠢ ᠪᠦᠷ ᠳᠠᠷᠠ ᠵᠠᠢ᠌ᠯᠠᠭᠰᠠᠨ ᠭᠡᠵᠤ ᠠᠪᠣ ᠨᠠᠳᠠᠳᠤ ᠶᠠᠷᠢᠵᠤ ᠪᠠᠢ᠌ᠭᠰᠠᠨ᠃ ᠳᠠᠷᠠ ᠦᠶ᠎ᠡ ᠳᠤ ᠮᠠᠨ ᠤ ᠨᠤᠳᠤᠭ ᠤᠨ ᠭᠠᠵᠠᠷ ᠰᠢᠷᠤᠢ ᠨᠠᠯᠢᠶᠠᠤᠨ ᠠᠳᠠᠷᠰᠢᠭᠤᠨ ᠰᠢᠮᠡᠯᠢᠭ᠌ ᠪᠠᠢ᠌ᠵᠤ᠂ ᠡᠯᠡᠰᠤ ᠪᠠᠷᠤᠭ ᠦᠭᠡᠶ ᠪᠠᠢ᠌ᠯ᠎ᠠ᠃ ᠡ᠊ᠨᠳᠡ ᠳᠠᠠᠳᠠ ᠡᠷᠪᠠᠭᠡᠷ ᠰᠡᠷᠪᠠᠭᠡᠷ ᠭᠡᠳᠤᠨ ᠬᠠᠢ᠌ᠯᠠᠰᠤᠨ ᠪᠣᠳᠠ ᠪᠠᠢ᠌ᠭᠰᠠᠨ ᠨᠤᠳᠤᠭ ᠤᠨ ᠡᠯᠢᠭᠡᠨ ᠳᠡᠭᠡᠷ᠎ᠡ ᠳᠠᠯᠠᠢ ᠠᠪᠣ ᠶᠢᠨ ᠳᠠᠷᠠ ᠭᠡᠰᠡᠭ᠌ ᠪᠣᠷᠭᠠᠰᠤᠨ ᠬᠠᠰᠢᠶ᠎ᠠ ᠲᠡᠶ ᠮᠤᠳᠤᠳ ᠨᠢ ᠪᠠᠭᠯᠠᠷᠠᠨ ᠰᠡᠭᠦᠢ᠌ᠭᠡᠳ ᠡᠳᠡᠭᠡᠳ ᠰᠦᠷᠯᠡᠭᠦᠨ ᠬᠠᠷᠠᠭᠳᠠᠳᠠᠭ ᠶᠤᠮ᠃ ᠳᠠᠷᠠ ᠦᠶ᠎ᠡ ᠮᠢᠨᠤ ᠳᠤᠳᠤᠷ᠎ᠠ 《ᠳᠠᠯᠠᠢ ᠠᠪᠣ ᠭᠡᠳᠡᠭ᠌ ᠠᠮᠤᠷ ᠦᠭᠡᠶ ᠭᠦᠮᠤᠨ ᠡ᠂ ᠥᠭᠡᠷ᠎ᠡ ᠭᠦᠮᠤᠨ ᠣᠷᠭᠤᠭᠤᠯᠵᠤ ᠴᠢᠳᠠᠬᠤ ᠦᠭᠡᠶ ᠮᠤᠳᠤ ᠶᠢ ᠳᠡᠭᠡᠵᠤ ᠰᠠᠢ᠌ᠬᠠᠨ ᠣᠷᠭᠤᠭᠤᠯᠬᠤ ᠨᠢ ︕》 ᠭᠡᠭᠦ ᠪᠢᠰᠢᠷᠠᠵᠤ ᠪᠠᠬᠠᠳᠤᠭᠰᠠᠨ ᠰᠡᠳᠬᠢᠯᠭᠡ ᠣᠷᠭᠢᠯᠵᠤ ᠪᠠᠢ᠌ᠯ᠎ᠠ᠃

ᠳᠦᠷᠪᠠ

ᠭᠠᠯᠵᠠᠭᠤ ᠰᠠᠯᠭᠢᠨ ᠨᠠᠮᠳᠠᠭᠰᠠᠨ ᠴᠤ ᠭᠠᠴᠢᠭ ᠵᠤᠪᠠᠯᠠᠩ ᠠᠷᠢᠯᠤᠭ᠎ᠠ ᠦᠭᠡᠶ ᠳᠠᠯᠠᠭᠠᠤᠨ ᠣᠨ ᠤ ᠰᠡᠭᠦᠯᠴᠢ ᠶᠢᠨ ᠬᠠᠪᠣᠷ ᠤᠨ ᠨᠢᠭᠡᠨ ᠰᠦᠨᠢ ᠪᠢᠯᠠ᠃ ᠳᠠᠯᠠᠢ ᠠᠪᠣ ᠶᠢᠨ ᠳᠤ ᠣᠴᠢᠭᠰᠠᠨ ᠠᠪᠣ ᠮᠢᠨᠢ ᠡᠭᠦᠳᠡᠨ ᠴᠦ᠋ ᠶᠢ ᠬᠤᠷᠤᠭᠤ ᠪᠠᠷ ᠶᠢᠡᠨ ᠨᠡᠭᠡᠭᠡᠵᠤ ᠰᠠᠩᠳᠠ ᠮᠠᠩᠳᠠ ᠣᠷᠤᠵᠤ ᠢᠷᠡᠭᠡᠳ ᠡᠵᠢ ᠵᠥᠭ᠌ ᠄

᠊᠊᠊᠊᠊ ᠬᠤᠷᠳᠤᠯᠠ᠂ ᠭᠡᠷ ᠪᠠᠷᠢᠬᠤ ᠭᠡᠰᠡᠨ ᠵᠤᠭᠤᠰ ᠢ ᠭᠠᠷᠭᠠᠭᠠᠤᠨ ᠠᠯᠢ᠂ ᠳᠠᠯᠠᠢ ᠶᠢᠨ ᠭᠦᠯ ᠢ ᠭᠦᠮᠤᠨ ᠴᠠᠪᠴᠢᠪᠠ ︕ ᠭᠡᠵᠤ ᠨᠢᠭᠡ ᠯᠠ ᠠᠮᠢᠰᠬᠤᠭ᠎ᠠ ᠪᠠᠷ ᠭᠡᠯᠡᠵᠤ ᠭᠠᠷᠪᠠ᠃ ᠡᠵᠢ ᠨᠥᠮᠦᠭᠡᠨ ᠶᠢᠡᠷ ᠠᠪᠳᠠᠷ᠎ᠠ ᠪᠠᠨ ᠨᠡᠭᠡᠭᠡᠭᠦ ᠵᠠᠭᠤᠷ᠎ᠠ ᠄

᠊᠊᠊᠊᠊ ᠭᠡᠨ ⁈ ᠭᠡᠵᠤ ᠪᠠᠴᠢᠮᠳᠠᠨ ᠠᠰᠠᠭᠤᠪᠠ᠃

᠊᠊᠊᠊᠊ ᠥᠭᠡᠷ᠎ᠡ ᠭᠡᠨ ᠪᠠᠢ᠌ᠬᠤ ᠶᠤᠮ ⁈ ᠠᠢ᠌ᠯ ᠢ ᠳᠣᠢ᠌ᠤᠠᠴᠤ ᠬᠠᠶᠠᠭᠰᠠᠨ ᠮᠠᠭᠤ ᠵᠤᠯᠪᠢᠩ ᠰᠢᠳᠠ ᠭᠡᠵᠤ ᠭᠡᠯᠡᠭᠡᠳ ᠡᠵᠢ ᠶᠢᠨ ᠭᠠᠷᠳᠠᠭᠤᠯᠤᠭᠰᠠᠨ ᠵᠤᠭᠤᠰ ᠢ ᠠᠪᠣᠩᠭ᠋ᠤᠳᠠ ᠭᠠᠷᠴᠤ ᠶᠠᠪᠣᠯ᠎ᠠ᠃ ᠪᠢ ᠴᠤ ᠰᠠᠠᠳᠤᠷᠬᠤ ᠶᠢᠨ ᠵᠡᠷᠭᠡ ᠪᠠᠷ ᠡᠵᠢ ᠶᠢᠨ ᠶᠢᠡᠨ ᠭᠠᠭᠴᠠᠭᠠᠷ ᠪᠠᠢ᠌ᠬᠤ ᠶᠢ ᠴᠤ ᠬᠠᠢ᠌ᠬᠤᠷᠤᠯ ᠦᠭᠡᠶ ᠬᠠᠯᠳᠤ ᠬᠤᠪᠴᠠᠯᠠᠮᠠᠭᠴᠠ ᠳᠠᠯᠠᠢ ᠠᠪᠣ ᠶᠢᠨ ᠭᠡᠷ ᠵᠥᠭ᠌ ᠭᠦᠶ‍ᠦᠪᠡ᠃

ᠳᠠᠯᠠᠢ ᠠᠪᠣ ᠶᠢᠨ ᠳᠤ ᠭᠦᠷᠪᠠᠯ ᠭᠦᠷᠢᠶᠡᠨ ᠳᠤᠮᠳᠠ ᠨᠢ ᠣᠯᠠᠨ ᠭᠦᠮᠤᠨ ᠪᠦᠭᠡᠮᠨᠡᠷᠡᠯᠳᠦᠵᠤ ᠪᠠᠢ᠌ᠯ᠎ᠠ᠃ ᠪᠢ ᠭᠦᠮᠦᠰ ᠤᠨ ᠳᠤᠮᠳᠠᠭᠤᠷ ᠰᠢᠷᠭᠤᠯᠤᠨ ᠣᠷᠤᠵᠤ ᠳᠠᠯᠠᠢ ᠠᠪᠣ ᠶᠢ ᠭᠡᠳᠦᠢ ᠡᠷᠢᠭᠡᠳ ᠣᠯᠵᠤ ᠬᠠᠷᠠᠭᠰᠠᠨ ᠦᠭᠡᠶ ᠬᠠᠷᠢᠨ 《ᠡᠮᠨᠡᠯᠭᠡ ᠳᠤ ᠠᠪᠣᠭᠠᠤᠨ ᠶᠠᠪᠣᠭᠰᠠᠨ》 ᠴᠢᠮᠡᠭᠡ ᠶᠢ ᠰᠤᠨᠤᠰᠪᠠ ᠁

ᠭᠡᠳᠤᠨ ᠡᠳᠦᠷ ᠤᠨ ᠳᠠᠷᠠᠭ᠎ᠠ ᠡᠷᠡᠭᠦᠯ ᠪᠦᠳᠤᠨ ᠪᠠᠢ᠌ᠭᠰᠠᠨ ᠳᠠᠯᠠᠢ ᠠᠪᠣ ᠮᠢᠨᠢ ᠬᠠᠢ᠌ᠵᠠᠭ ᠪᠣᠯᠵᠤ ᠢᠷᠡᠭᠦ ᠳᠤ ᠨᠢᠭᠡᠳᠦᠯ ᠡᠴᠡ ᠲᠦᠪᠳᠠᠨ ᠢ ᠳᠠᠭᠤᠳᠠᠵᠤ ᠠᠪᠠᠴᠢᠯ᠎ᠠ᠃ ᠪᠢ ᠳᠠᠯᠠᠢ ᠠᠪᠣ ᠶᠢ ᠡᠷᠭᠢᠵᠤ ᠥᠵᠡᠭᠦ ᠪᠠᠷ ᠣᠴᠢᠭᠠᠤᠨ ᠶᠠᠮᠠᠷ ᠣᠴᠢᠷ ᠡᠴᠡ ᠲᠦᠪᠳᠠᠨ ᠳᠤ ᠴᠠᠪᠴᠢᠭᠳᠠᠭᠰᠠᠨ ᠳᠤᠬᠠᠢ ᠠᠰᠠᠭᠤᠪᠠᠯ ᠳᠠᠷᠠ ᠮᠢᠨᠤ ᠡᠨᠡᠭᠦ ᠦᠨᠳᠦᠷ ᠳᠤᠮᠳᠠᠳᠤ ᠪᠠᠨ ᠳᠡᠭᠦᠰᠭᠡᠮᠡᠷ ᠪᠠᠢ᠌ᠭ᠎ᠠ 《ᠨᠤᠳᠤᠭ ᠤᠨ ᠡᠷᠳᠡᠮᠳᠡᠨ》 ᠢ ᠣᠳᠠᠳᠠᠯ᠎ᠠ ᠰᠢᠷᠳᠠᠵᠤ ᠬᠠᠨᠤᠮᠵᠢᠳᠠᠢ᠌ᠬᠠᠨ ᠢᠨᠢᠶᠡᠭᠡᠳ ᠣᠷᠮᠠᠳᠠᠢ ᠶᠠᠷᠢᠵᠤ ᠭᠠᠷᠤᠯ᠎ᠠ᠃

ᠳᠠᠷᠠ ᠡᠳᠦᠷ᠂ ᠳᠠᠯᠠᠢ ᠠᠪᠣ ᠶᠢᠨ ᠣᠤᠭᠠᠨ ᠭᠦᠤ ᠮᠠᠢ᠌ᠯᠠᠰᠤ ᠳᠠᠭᠠᠨ ᠪᠠᠷᠢ ᠭᠡᠯᠡᠯᠴᠡᠵᠤ ᠳᠤᠭᠢᠷᠠᠭᠰᠠᠨ ᠪᠠᠶᠠᠷ ᠪᠣᠯᠵᠤ᠂ ᠠᠢ᠌ᠯ ᠠᠢ᠌ᠮᠠᠭ ᠤᠨ ᠭᠢᠨ ᠴᠤᠭᠯᠠᠷᠠᠵᠤ ᠨᠤᠳᠤᠭ ᠤᠨ ᠵᠠᠩᠰᠢᠯ ᠶᠢᠡᠷ ᠶᠢᠡᠨ ᠠᠷᠢᠭᠢᠳᠠᠵᠤ ᠨᠠᠢ᠌ᠷᠯᠠᠯᠳᠤᠪᠠ᠃ ᠭᠡᠵᠢᠶᠡᠳᠡ ᠠᠷᠢᠭᠢ ᠠᠮᠰᠠᠳᠠᠭ ᠦᠭᠡᠶ ᠳᠠᠯᠠᠢ ᠠᠪᠣ ᠴᠤ ᠪᠠᠶᠠᠷᠯᠠᠬᠤ ᠳᠠᠭᠠᠨ ᠭᠡᠳᠤᠨ ᠬᠤᠠᠳᠠᠭ᠎ᠠ ᠪᠠᠯᠭᠤᠭᠰᠠᠨ ᠴᠢᠨᠢ ᠪᠠᠢ᠌ᠵᠢ ᠦᠦ ᠳ᠋ᠠ ⁈ ᠶᠠᠳᠠᠷᠠᠯ ᠵᠦᠳᠡᠷᠡᠯ ᠳᠠᠪᠬᠤᠴᠠᠭᠰᠠᠨ ᠲᠡᠶ ᠭᠡᠷ ᠳᠤᠳᠤᠷᠠᠭᠢ ᠶᠠᠭᠤ ᠪᠦᠭᠦᠨ ᠪᠠᠯᠠᠷᠳᠠᠨ ᠰᠠᠵᠢᠯᠠᠬᠤ ᠰᠢᠭ ᠪᠣᠯᠵᠤ ᠬᠠᠴᠢᠨ ᠡᠪ ᠦᠭᠡᠶ ᠰᠠᠨᠠᠭᠳᠠᠬᠤ ᠪᠠᠷ ᠨᠥᠭᠦᠭᠡ ᠳᠠᠰᠤᠯᠭᠠᠨ ᠳᠠᠭᠠᠨ ᠬᠤᠷᠳᠤᠬᠠᠨ ᠣᠷᠤᠵᠤ ᠬᠠᠵᠠᠭᠤᠯᠠᠭᠠᠤᠨ ᠮᠡᠳᠡᠭ᠍ᠰᠡᠨ ᠴᠤ ᠦᠭᠡᠶ ᠬᠠᠮᠠᠷ ᠳᠠᠳᠠᠵᠤ ᠣᠷᠭᠢᠵᠠᠢ᠃ ᠁

ᠨᠢᠭᠡ ᠮᠡᠳᠡᠭᠦ ᠳᠤ ᠮᠠᠢ᠌ᠯᠠᠰᠤ ᠨᠢ ᠣᠷᠤ ᠳᠡᠪᠢᠰᠭᠡᠷ ᠢ ᠨᠢ ᠵᠠᠰᠠᠵᠤ ᠦᠭ‍ᠭᠦᠭᠡᠳ ᠰᠡᠷᠢᠭᠡᠭ᠍ᠰᠡᠨ ᠪᠠᠢ᠌ᠯ᠎ᠠ᠃ ᠪᠠᠭ᠎ᠠ ᠭᠦᠤ ᠣᠳᠠ ᠨᠢ ᠴᠤ ᠠᠪᠣ ᠶᠢᠨ ᠶᠢᠡᠨ ᠭᠠᠷ ᠡᠴᠡ ᠵᠢᠭᠤᠷᠠᠨ ᠣᠠᠳᠠᠬᠤ ᠶᠢ ᠱᠠᠭᠠᠷᠳᠠᠨ᠎ᠠ᠃ ᠣᠳᠠ ᠠᠷᠪᠠᠨ ᠭᠤᠷᠪᠠ ᠭᠦᠷᠴᠢᠭᠡᠭᠡᠳ ᠴᠤ ᠳᠠᠯᠠᠢ ᠠᠪᠣ ᠶᠢᠨ ᠡᠪᠦᠷ ᠲᠤ ᠣᠠᠳᠠᠳᠠᠭ ᠶᠤᠮ᠃

ᠳᠠᠯᠠᠢ ᠠᠪᠣ ᠬᠠᠩᠵᠤᠨ ᠡᠴᠡ ᠪᠠᠨ ᠪᠠᠭᠤᠭᠠᠤᠨ ᠳᠡᠭᠦᠵᠢᠩ ᠰᠢᠳᠠᠮ ᠶᠢᠡᠨ ᠰᠣᠢ᠌ᠷᠠᠵᠤ ᠪᠠᠢ᠌ᠯ᠎ᠠ᠃ ᠡᠨᠡ ᠨᠢ ᠮᠤᠳᠤ ᠪᠠᠨ ᠳᠤᠭᠤᠷᠢᠵᠤ ᠥᠵᠡᠭᠦ ᠪᠠᠷ ᠪᠠᠢ᠌ᠭ᠎ᠠ ᠭᠡᠳᠡᠭ᠌ ᠢ ᠭᠡᠷ ᠤᠨ ᠭᠢᠨᠢ ᠭᠦᠮᠦᠰ ᠪᠦᠷ ᠮᠠᠳᠠᠨ᠎ᠠ᠃

ᠳᠠᠯᠠᠢ ᠠᠪᠣ ᠭᠡᠵᠤ ᠰᠦᠨᠢ ᠪᠦᠷᠢ ᠮᠤᠳᠤ ᠪᠠᠨ ᠨᠢᠭᠡ ᠳᠤᠭᠤᠷᠢᠵᠤ ᠢᠷᠡᠭᠦ ᠦᠭᠡᠶ ᠪᠣᠯ ᠣᠠᠳᠠᠵᠤ ᠣᠷᠤᠳᠠᠭ ᠦᠭᠡᠶ ᠪᠠᠢ᠌ᠵᠠᠢ ︕

᠊᠊᠊᠊ ᠠᠪᠣ ᠡ ︕ ᠡᠨᠡ ᠰᠦᠨᠢ ᠶᠢᠨ ᠬᠠᠷᠠᠩᠭ᠋ᠤᠢ ᠭᠡᠵᠢ ᠡ ⁈ ᠭᠡᠵᠤ ᠣᠳᠠ ᠠᠪᠣ ᠶᠢᠨ ᠶᠢᠡᠨ ᠭᠠᠷ ᠡᠴᠡ ᠵᠢᠭᠤᠷᠠᠨ ᠭᠦᠶ‍ᠦᠭᠡ ᠪᠠᠷ ᠳᠠᠭᠠᠨ᠎ᠠ᠃ ᠬᠠᠷ᠎ᠠ ᠨᠤᠬᠠᠢ ᠨᠢ ᠴᠤ ᠰᠡᠮᠡᠭᠡᠷ ᠳᠠᠭᠠᠵᠤ ᠱᠤᠭᠰᠢᠨ᠎ᠠ᠃

᠊᠊᠊᠊ ᠡᠢ᠌ᠮᠤ ᠬᠠᠷᠠᠩᠭ᠋ᠤᠢ ᠰᠦᠨᠢ ᠰᠠ‍‌ᠶᠢ ᠮᠤᠳᠤ ᠰᠣᠢ᠌ᠤᠠᠴᠤ ᠮᠠᠳᠠᠨ᠎ᠠ ᠰᠢᠤ ︕ ᠭᠦᠤ ᠮᠢᠨᠢ ᠭᠡᠳ ᠳᠠᠯᠠᠢ ᠠᠪᠣ ᠠᠯᠬᠤᠮ ᠶᠢᠡᠨ ᠣᠯᠠᠮ ᠳᠦᠷᠭᠡᠳᠭᠡᠪᠡ᠃

ᠭᠡᠨᠡᠳᠲᠡ ᠳᠡᠷᠳᠡᠭᠡ ᠠᠷᠪᠠᠭᠠᠤᠨ ᠠᠯᠬᠤᠮ ᠤᠨ ᠴᠠᠭᠠᠨ᠎ᠠ ᠡᠴᠡ ᠮᠤᠳᠤ ᠴᠠᠪᠴᠢᠬᠤ ᠳᠠᠭᠤᠨ ᠰᠠᠯᠭᠢᠨ ᠤ ᠱᠤᠤᠭᠢᠬᠤ ᠳᠠᠭᠤᠨ ᠢ ᠳᠠᠷᠤᠵᠤ ᠳᠠᠯᠠᠢ ᠠᠪᠣ ᠶᠢᠨ ᠴᠢᠭᠢᠨ ᠰᠤᠨᠤᠷ ᠳᠤ ᠰᠢᠷᠦᠭᠦᠭᠡᠨ ᠲᠦᠩᠭᠢᠨᠠᠯ᠎ᠠ᠃

ᠳᠠᠯᠠᠢ ᠠᠪᠣ ᠬᠠᠷ᠎ᠠ ᠨᠤᠬᠠᠢ ᠪᠠᠨ ᠳᠤᠭᠢᠵᠤ ᠴᠢᠮᠡᠭᠡ ᠭᠠᠷᠭᠠᠯ ᠦᠭᠡᠶ ᠭᠡᠳᠡᠵᠤ ᠭᠦᠷᠪᠡ᠃ ᠴᠤᠬᠤᠮ ᠭᠡᠨ ᠪᠣᠯᠬᠤ ᠶᠢ ᠮᠠᠳᠠᠶ᠎ᠠ ᠭᠡᠵᠤ ᠭᠡᠭᠦᠳᠡᠭ᠌ ᠴᠡᠭᠡᠵᠢᠨ ᠤ ᠠᠭᠤᠷ ᠭᠢᠯᠢᠩ ᠶᠢᠡᠨ ᠳᠠᠷᠤᠵᠤ ᠬᠠᠷᠠᠵᠤ ᠪᠠᠢ᠌ᠳᠠᠯ᠎ᠠ ᠬᠠᠷ᠎ᠠ ᠨᠤᠬᠠᠢ ᠨᠢ ᠳᠡᠰᠭᠦ ᠪᠠᠨ ᠪᠣᠯᠢᠵᠤ ᠣᠭᠵᠤᠮ ᠬᠠᠷᠠᠢ᠌ᠯᠠᠨ ᠭᠡᠨᠡᠳᠳᠡᠭᠡᠨ ᠳᠠᠭᠠᠷᠢᠪᠠ᠃ ᠪᠠᠷᠠᠭᠠᠨ ᠰᠡᠭᠦᠳᠡᠷ ᠰᠤᠴᠢᠯᠭᠠᠨ ᠳᠠᠭᠠᠨ ᠳᠤᠩᠭ᠋ᠤᠷᠤᠨ ᠣᠨᠠᠵᠤ ᠨᠤᠴᠢᠨ ᠢᠷᠡᠭᠦ ᠬᠠᠷ᠎ᠠ ᠵᠥᠭ᠌ ᠰᠥᠭᠡ ᠪᠠᠨ ᠬᠤᠷᠣᠢ᠌ᠯᠠᠵᠤ ᠪᠠᠢ᠌ᠭᠰᠠᠨ ᠶᠢᠡᠨ ᠰᠢᠳᠤ ᠵᠠᠭᠤᠨ ᠰᠢᠳᠠᠨ ᠶᠠᠪᠣᠭᠤᠯᠪᠠ᠃

ᠰᠥᠭᠡ᠂ ᠨᠤᠬᠠᠢ ᠶᠢ ᠣᠨᠤᠭᠰᠠᠨ ᠦᠭᠡᠶ᠂ ᠭᠠᠵᠠᠷ ᠳᠡᠭᠡᠷ᠎ᠡ ᠴᠤ ᠳᠤᠰᠤᠭᠰᠠᠨ ᠦᠭᠡᠶ᠃ ᠨᠢᠭᠦᠯ ᠳᠠᠭᠠᠷᠢᠭᠰᠠᠨ ᠦᠨᠦᠭᠢ ᠰᠥᠭᠡ ᠴᠢᠪ ᠭᠡᠮᠡᠨ ᠳᠠᠯᠠᠢ ᠠᠪᠣ ᠶᠢᠨ ᠵᠡᠭᠦᠨ ᠭᠦᠯ ᠢ ᠣᠨᠤᠪᠠ ︕ ᠳᠠᠯᠠᠢ ᠠᠪᠣ ᠶᠠᠭᠤ ᠴᠤ ᠬᠠᠢ᠌ᠬᠤᠷᠤᠯ ᠦᠭᠡᠶ ᠪᠠᠷ ᠦᠨᠦᠭᠢ ᠪᠠᠷᠠᠭᠠᠨ ᠰᠡᠭᠦᠳᠡᠷ ᠤᠨ ᠳᠡᠭᠡᠷ᠎ᠡ ᠡᠴᠡ ᠨᠦᠷᠢᠨ ᠣᠨᠠᠯ᠎ᠠ᠃

᠊᠊᠊᠊ ᠠᠢ ᠊᠊᠊᠊ ᠶᠠ ︕ ᠪᠠᠯᠠᠳᠠᠵᠤ ᠰᠠᠠᠳᠤᠷᠤᠭᠰᠠᠨ ᠡᠨᠡᠭᠦ ᠳᠠᠭᠤᠨ ᠲᠦᠪᠳᠠᠨ ᠤ ᠪᠣᠯᠬᠤ ᠶᠢ ᠳᠠᠨᠢᠭᠰᠠᠨ ᠡᠴᠡ ᠪᠢᠰᠢ ᠳᠠᠯᠠᠢ ᠠᠪᠣ ᠴᠠᠰᠢ ᠶᠠᠭᠤ ᠴᠤ ᠮᠡᠳᠡᠭᠦ ᠪᠠᠨ ᠪᠠᠢ᠌ᠯ᠎ᠠ ︕

ᠡᠳᠦᠷ ᠤᠨ ᠠᠷᠢᠭᠢᠨ ᠰᠢᠷᠡᠭᠡᠨ ᠳᠡᠭᠡᠷ᠎ᠡ ᠳᠠᠷᠤᠭ᠎ᠠ ᠭᠦᠮᠤᠨ ᠤ ᠯᠠᠷᠵᠢᠶ᠎ᠠ᠂ ᠨᠤᠶᠠᠨ ᠭᠦᠮᠤᠨ ᠤ ᠶᠠᠷᠢᠶ᠎ᠠ ᠲᠡᠶ ᠰᠠᠭᠤᠵᠤ ᠪᠠᠢ᠌ᠭᠰᠠᠨ ᠲᠦᠪᠳᠠᠨ ᠳᠠᠯᠠᠢ ᠠᠪᠣ ᠶᠢᠨ ᠰᠤᠭᠳᠤᠭᠰᠠᠨ ᠵᠢᠴᠢ ᠬᠠᠷᠠᠩᠭ᠋ᠤᠢ ᠰᠦᠨᠢ᠂ ᠬᠠᠷ᠎ᠠ ᠰᠠᠯᠭᠢᠨ ᠢ ᠳᠠᠯᠢᠮᠳᠠᠭᠤᠯᠤᠨ ᠡᠢ᠌ᠮᠤ ᠪᠦᠳᠦᠯ ᠦᠭᠡᠶ ᠶᠠᠪᠣᠳᠠᠯ ᠦᠢᠯᠡᠳᠬᠦ ᠶᠢ ᠭᠡᠨ ᠮᠠᠳᠠᠵᠢᠮ ⁈

ᠪᠢᠴᠢᠬᠠᠨ ᠣᠳᠠ ᠳᠠᠭᠤ ᠳᠠᠯᠪᠢᠭᠰᠠᠭᠠᠷ ᠭᠡᠷ ᠲᠡᠭᠡᠨ ᠭᠦᠷᠴᠤ ᠣᠴᠢᠷ ᠢ ᠭᠡᠯᠡᠭᠦ ᠳᠤ ᠰᠤᠨᠤᠰᠤᠭᠰᠠᠨ ᠪᠦᠭᠦᠨ ᠠᠮᠢ ᠳᠠᠯᠪᠢᠨ ᠭᠦᠶ‍ᠦᠯᠳᠤᠨ ᠢᠷᠠᠪᠠ᠃ ᠳᠠᠯᠠᠢ ᠠᠪᠣ ᠶᠢᠨ ᠭᠦᠯ ᠡᠴᠡ ᠣᠷᠤᠰᠤᠭᠰᠠᠨ ᠴᠢᠰᠤ ᠳᠠᠷᠠ ᠭᠡᠰᠡᠭ᠌ ᠭᠠᠵᠠᠷ ᠢ ᠳᠡᠪᠳᠦᠭᠡᠵᠡᠢ᠃

ᠲ᠋ᠠᠪᠣ

ᠪᠢ ᠡᠩ ᠦᠭᠡᠶ ᠦᠷᠭᠡᠨ ᠪᠣᠳᠤᠯᠭᠠᠰᠢᠷᠠᠯ ᠤᠨ ᠳᠠᠯᠠᠢ ᠡᠴᠡ ᠭᠦᠪᠠᠭᠡᠳᠡᠨ ᠰᠠᠯᠬᠤ ᠭᠢᠷᠢ ᠠᠪᠣ ᠡᠵᠢ ᠪᠠ ᠳᠡᠭᠦᠦᠨᠡᠷ ᠮᠢᠨᠢ ᠪᠦᠷ ᠨᠠᠮᠢ᠋ᠢ ᠬᠠᠷᠠᠭᠠᠤᠨ ᠮᠠᠯᠠᠷᠠᠵᠤ ᠪᠠᠢ᠌ᠯ᠎ᠠ᠃ ᠳᠠᠯᠠᠢ ᠠᠪᠣ ᠶᠢᠨ ᠵᠠᠢ᠌ᠯᠠᠭᠰᠠᠨ ᠭᠤᠷᠪᠠᠨ ᠵᠠᠭᠤ ᠭᠠᠷᠤᠢ ᠮᠤ ᠮᠤᠳᠤ ᠠᠢ᠌ᠯ ᠤᠨ ᠪᠠᠷᠠᠭᠤᠨ ᠵᠠᠬ᠎ᠠ ᠪᠠᠷ ᠰᠠᠯᠭᠢᠨ ᠤ ᠡᠷᠴᠢᠨ ᠳᠤ ᠰᠦᠷᠯᠢᠭ‍ᠭᠡᠨ ᠱᠤᠤᠭᠢᠳᠠᠭ ᠢ ᠮᠠᠳᠠᠨ᠎ᠠ᠃ ᠳᠠᠭᠠᠴᠢᠯᠠᠯᠠᠳᠠ ᠶᠢᠨ ᠳᠦᠷᠢᠮ ᠢ ᠭᠡᠷᠡᠭ᠍ᠵᠢᠭᠦᠯᠦᠭ᠍ᠰᠡᠨ ᠤ ᠳᠠᠷᠠᠭ᠎ᠠ ᠵᠢᠯ ᠳᠠᠷᠠᠭᠠᠯᠠᠨ ᠰᠢᠨ᠎ᠠ ᠮᠤᠳᠤ ᠵᠠᠢ᠌ᠯᠠᠵᠤ 《ᠣᠢ ᠮᠤᠳᠤᠨ ᠤ ᠳᠤᠰᠬᠠᠢ ᠡᠷᠦᠭᠡ》 ᠪᠣᠯᠤᠭᠠᠤᠨ ᠠᠢ᠌ᠯ ᠣᠯᠠᠨ ᠳᠠᠭᠠᠨ 《ᠣᠢ ᠶᠢᠨ ᠪᠣᠷᠬᠠᠨ》 ᠭᠡᠵᠤ ᠴᠤᠯᠯᠠᠭᠳᠠᠨ ᠳᠠᠳᠠᠨᠤᠰ ᠤᠨ ᠶᠠᠷᠢᠯᠴᠠᠭᠠᠨ ᠤ ᠳᠡᠭᠡᠵᠢ ᠪᠣᠯᠤᠭᠰᠠᠨ᠃ ᠡᠯᠡᠰᠤ ᠡᠯᠪᠠᠭ᠍ᠵᠢᠭ᠍ᠰᠡᠨ ᠨᠤᠳᠤᠭ ᠤᠨ ᠡᠯᠢᠭᠡᠨ ᠳᠤ ᠨᠤᠭᠤᠭᠠᠨ ᠳᠠᠪᠠᠯᠭᠠᠨ ᠪᠣᠰᠬᠠᠭᠰᠠᠨ ᠳᠠᠷᠠ ᠮᠠᠨᠢ ᠶᠡᠭᠡ ᠪᠠᠭ᠎ᠠ ᠣᠯᠠᠨ ᠣᠯᠠᠨ ᠳᠠᠷᠤᠭ᠎ᠠ ᠶᠢᠨ ᠠᠭᠤᠯᠵᠠᠯᠳᠠ ᠶᠢ ᠭᠦᠯᠢᠶᠡᠨ ᠬᠤᠰᠢᠭᠤ᠂ ᠠᠢ᠌ᠮᠠᠭ᠂ ᠣᠷᠤᠨ᠂ ᠣᠯᠤᠰ ᠲᠤ ᠵᠢᠱᠢᠶᠠᠴᠢ ᠴᠤᠯᠠ ᠲᠡᠶ ᠶᠠᠪᠣᠭᠰᠠᠨ ᠯᠠ ᠭᠦᠮᠤᠨ ᠡ ︕

ᠠᠪᠣ ᠮᠢᠨᠢ ᠮᠢᠨᠤ ᠰᠡᠳᠭᠢᠯ ᠳᠤᠭᠳᠤᠯᠤᠨ ᠨᠢᠯᠪᠣᠰᠤ ᠮᠡᠯᠮᠡᠷᠡᠭᠦᠯᠵᠤ ᠪᠠᠢ᠌ᠬᠤ ᠶᠢ ᠬᠠᠷᠠᠭᠠᠤᠨ ᠶᠠᠭᠤ ᠪᠣᠳᠤᠭᠰᠠᠨ ᠢ ᠪᠣᠤ ᠮᠠᠳᠠ ︖ ᠨᠠᠳᠠ ᠣᠷᠤᠭᠤ ᠮᠠᠯᠠᠷᠠᠨ ᠰᠢᠷᠳᠡᠭ᠍ᠰᠡᠭᠡᠷ ᠄

᠊᠊᠊᠊ ᠳᠠᠷᠠ ᠡᠳᠦᠷ᠂ ᠡᠪᠡᠳᠴᠢᠨ ᠨᠢ ᠭᠡᠨᠡᠳᠲᠡ ᠢᠯᠠᠷᠢ ᠰᠢᠭ᠌ ᠪᠣᠯᠤᠭᠰᠠᠨ 《ᠣᠢ ᠶᠢᠨ ᠪᠣᠷᠬᠠᠨ》᠂ ᠬᠡᠦᠬᠡᠳ ᠶᠢᠡᠨ ᠳᠠᠷ᠎ᠠ ᠶᠢᠨ ᠶᠢᠡᠨ ᠡᠮᠦᠨ᠎ᠡ ᠵᠤᠭᠰᠤᠭᠠᠭᠠᠤᠨ ᠄ 《ᠡᠨᠡ ᠨᠤᠳᠤᠭ ᠠᠪᠣ ᠨᠢ ᠠᠮᠢᠳᠤᠷᠠᠵᠤ ᠶᠠᠪᠣᠬᠤ ᠳᠠᠭᠠᠨ ᠳᠠᠳᠤᠢ ᠨᠢᠭᠡ ᠮᠤᠳᠤ ᠣᠷᠭᠤᠭᠤᠯᠤᠭᠰᠠᠨ᠂ ᠳᠠᠨᠠᠷ ᠳᠦᠷᠤᠵᠤ ᠥᠰᠦᠭ᠍ᠰᠡᠨ ᠭᠠᠵᠠᠷ ᠰᠢᠷᠤᠢ ᠪᠠᠨ ᠬᠠᠮᠠᠭᠠᠯᠠᠶ᠎ᠠ ᠭᠡᠪᠠᠯ ᠳᠤᠳᠠᠭᠤ ᠣᠭᠳᠤᠯᠵᠤ ᠢᠯᠡᠭᠦᠭᠡᠨ ᠵᠠᠢ᠌ᠯᠠᠵᠤ ᠪᠠᠢ᠌ᠭᠠᠷᠠᠢ》 ᠭᠡᠵᠤ ᠰᠠᠨᠠᠭ᠎ᠠ ᠭᠦᠨ ᠶᠠᠷᠢᠵᠤ ᠭᠠᠷᠤᠭᠰᠠᠨ ᠭᠡᠵᠤ ᠶᠠᠷᠢᠪᠠ᠃

ᠵᠢᠷᠭᠤᠭ᠎ᠠ

ᠠᠪᠣ ᠶᠢᠨ ᠭᠡᠯᠡᠭᠦ ᠶᠢ ᠰᠤᠨᠤᠰᠤᠭᠠᠤᠨ ᠣᠭᠢᠯᠠᠵᠤ ᠭᠦᠢᠴᠡᠭ᠍ᠰᠡᠨ ᠪᠢ ᠮᠠᠷᠭᠠᠰᠢ ᠨᠢ ᠳᠠᠯᠠᠢ ᠠᠪᠣ ᠶᠢᠨ ᠮᠤᠳᠤ ᠪᠠᠷ ᠳᠤᠭᠤᠷᠢᠪᠠ᠃ ᠳᠠᠮ ᠨᠢᠷᠤᠭᠤ᠂ ᠨᠢᠷᠤᠭᠤ᠂ ᠣᠨᠢ ᠭᠢᠵᠤ ᠪᠣᠯᠬᠤ ᠪᠦᠳᠦᠭᠦᠨ ᠨᠠᠷᠢᠨ ᠣᠳᠠ ᠮᠤᠳᠤᠳ ᠠᠪ ᠠᠰᠬᠠᠨ ᠶᠢᠡᠷ ᠳᠡᠭ᠍ᠷᠢ ᠪᠠᠭᠠᠨᠠᠳᠠᠨ ᠰᠡᠭᠦᠢ᠌ᠭᠡᠳ ᠡᠯᠡᠰᠤᠨ ᠨᠤᠳᠤᠭ ᠤᠨ ᠡᠪᠦᠯ ᠤᠨ ᠰᠢᠭᠤᠷᠭᠠᠨ ᠢ ᠬᠠᠯᠬᠠᠯᠠᠨ ᠡᠳᠡᠭᠡᠳ ᠨᠥᠮᠦᠷᠢᠯᠢᠭ᠌ ᠠᠭᠤᠷ ᠠᠮᠢᠰᠬᠤᠯ ᠢ ᠠᠪᠴᠢᠷᠠᠨ᠎ᠠ᠃ ᠨᠢᠭᠡ ᠨᠢ ᠨᠥᠭᠦᠭᠡ ᠡᠴᠡ ᠪᠠᠨ ᠠᠯᠬᠤᠮ ᠭᠢᠷᠢ ᠵᠠᠢ᠌ᠳᠠᠢ ᠣᠷᠭᠤᠭᠰᠠᠨ ᠮᠤᠳᠤᠳ ᠤᠨ ᠵᠤᠷᠬ᠎ᠠ ᠲᠠᠭᠠᠨ ᠪᠠᠷᠠᠭᠤᠠᠰᠢ ᠶᠠᠪᠣᠭᠰᠠᠭᠠᠷ ᠪᠢ ᠮᠡᠳᠡᠭ᠍ᠰᠡᠨ ᠴᠤ ᠦᠭᠡᠶ ᠳᠠᠯᠠᠢ ᠠᠪᠣ ᠶᠢᠨ ᠪᠣᠩᠬᠤᠨ ᠢ ᠳᠤᠯᠵᠤ ᠢᠷᠠᠪᠠ ︕

ᠡᠨᠡᠭᠦ ᠵᠢᠵᠢᠭ᠍‍ᠬᠡᠨ ᠡᠯᠡᠰᠤᠨ ᠳᠤᠪᠣ ᠶᠢᠨ ᠡᠩᠭᠡᠷ ᠲᠤ ᠴᠤᠮᠪᠣᠢ᠌ᠨ ᠬᠠᠷᠠᠭᠳᠠᠬᠤ ᠵᠢᠵᠢᠭ᠌ ᠰᠢᠷᠤᠢ ᠶᠢᠨ ᠪᠣᠩᠬᠤᠨ ᠨᠠᠳᠠ ᠶᠠᠭ ᠳᠠᠯᠠᠢ ᠠᠪᠣ ᠳᠤᠪᠣ ᠶᠢᠨ ᠡᠩᠭᠡᠷ ᠲᠤ ᠭᠦᠯᠦᠰᠤ ᠪᠠᠨ ᠵᠥᠯᠭᠦᠨ ᠭᠦᠷᠵᠡ ᠪᠠᠨ ᠳᠤᠯᠵᠤ ᠵᠤᠭᠰᠤᠭᠠᠤᠨ ᠨᠠᠯᠣᠢ᠌ᠵᠤ ᠦᠷᠭᠦᠯᠵᠢᠯᠡᠭᠦ ᠡᠯᠡᠰᠤᠨ ᠭᠤᠪᠢ ᠵᠢᠴᠢ ᠳᠡᠭᠦᠨ ᠤ ᠳᠤᠮᠳᠠ ᠡᠷᠭᠦᠭ᠍ᠳᠡᠨ ᠪᠣᠰᠤᠭᠰᠠᠨ ᠨᠤᠮᠢᠨ ᠣᠢ ᠪᠠᠨ ᠡᠭᠡᠯᠵᠢᠯᠡᠨ ᠬᠠᠷᠠᠵᠤ ᠢᠨᠢᠶᠡᠳᠡᠭ᠌ ᠳᠦᠷᠭᠦ ᠰᠢᠭ᠌ ᠬᠠᠷᠠᠭᠳᠠᠨ᠎ᠠ᠃

ᠪᠢ ᠢᠷᠡᠭ᠍ᠰᠡᠨ ᠮᠦᠷ ᠊᠊᠊᠊᠊ ᠮᠠᠩᠬᠠᠨ ᠳᠡᠭᠡᠭᠦᠷ ᠪᠠᠯᠠᠷᠳᠠᠨ ᠣᠷᠤᠮᠳᠠᠭᠰᠠᠨ ᠮᠦᠷ ᠶᠢᠡᠷ ᠶᠢᠡᠨ ᠪᠣᠴᠠᠪᠠ᠃ ᠡᠨᠡ ᠦᠶ᠎ᠡ ᠮᠢᠨᠤ ᠡᠮᠦᠨ᠎ᠡ ᠵᠢᠭ᠍ᠳᠡᠷᠡᠵᠤ ᠬᠠᠷᠠᠭᠳᠠᠬᠤ ᠮᠤᠳᠤᠳ ᠰᠢᠭᠤᠷᠬᠤ ᠰᠠᠯᠭᠢᠨ ᠳᠤ ᠠᠵᠢᠭ ᠴᠤ ᠦᠭᠡᠶ ᠨᠠᠮᠬᠠᠨ ᠱᠤᠤᠭᠢᠵᠤ ᠪᠠᠢ᠌ᠯ᠎ᠠ᠃

ᠣᠤ᠂ ᠪᠢ ᠮᠠᠳᠠᠯ᠎ᠠ ︕ ᠡᠳᠡᠭᠡᠷ ᠠᠮᠢᠯᠠᠯ ᠤᠨ ᠭᠦᠴᠤᠨ ᠳᠡᠭᠦᠯᠳᠡᠷ ᠵᠢᠭ᠍ᠳᠡᠷᠡᠭᠦ ᠪᠦᠳᠦᠭᠦᠨ ᠨᠠᠷᠢᠨ ᠮᠤᠳᠤᠳ ᠨᠢ ᠠᠯᠢᠪᠠ ᠪᠠᠨ ᠡ᠊ᠨᠳᠡ ᠠᠭᠤᠰᠬᠠᠭᠰᠠᠨ ᠳᠠᠯᠠᠢ ᠠᠪᠣ ᠶᠢᠨ ᠣᠯᠠ ᠮᠦᠷ ᠊᠊᠊᠊ ᠭᠡᠵᠢᠶᠡᠳᠡ ᠪᠠᠯᠠᠷᠠᠰᠢ ᠦᠭᠡᠶ ᠨᠤᠳᠤᠭ ᠤᠨ ᠦᠷᠤᠴᠠᠨ ᠳᠤ ᠦᠯᠠᠳᠠᠨ ᠬᠤᠴᠤᠷᠤᠭᠰᠠᠨ ᠠᠮᠢᠳᠤ ᠪᠣᠰᠤᠭ᠎ᠠ ᠮᠦᠷ ᠶᠤᠮ ᠪᠠᠢ᠌ᠨ᠎ᠠ ︕

ᠳᠠᠯᠠᠢ ᠠᠪᠣ ᠶᠢᠨ ᠨᠤᠪ ᠨᠤᠭᠤᠭᠠᠬᠠᠨ ᠮᠦᠷ ᠡ ᠁



ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2308
ᠴᠠᠭ᠄ 2010 ᠤᠨ ᠤ 05 ᠰᠠᠷ᠎ᠠ ᠶᠢᠨ 03
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠳᠠᠯᠠᠢ ᠠᠪᠣ ᠶᠢᠨ ᠮᠦᠷ