ᠠᠰᠬᠠᠳᠤ ᠶᠢᠨ ᠮᠠᠭᠳᠠᠭᠤ

ᠪᠠᠬᠠᠷᠤᠯᠳᠤ ᠰᠠᠢ᠌ᠬᠠᠨ ᠦᠵᠡᠮᠵᠢ ᠪᠠᠷ ᠶᠢᠡᠨ ᠨᠢᠳᠤ ᠰᠡᠳᠭᠢᠯ ᠢ ᠬᠤᠵᠢᠷᠯᠠᠳᠠᠭ

ᠪᠠᠶᠠᠯᠢᠭ ᠰᠠᠢ᠌ᠬᠠᠨ ᠭᠡᠰᠢᠭ᠍ᠳᠡᠨ ᠤ ᠠᠰᠬᠠᠳᠤ ᠶᠢᠨ ᠴᠢᠯᠠᠭᠤᠨ ᠰᠢᠭᠤᠢ

ᠪᠠᠭᠠᠳᠤᠷᠯᠢᠭ ᠶᠠᠰᠤᠳᠠᠨ ᠮᠤᠩᠭ᠋ᠤᠯᠴᠤᠳ ᠤᠨ ᠬᠠᠮᠠᠭᠠᠯᠠᠵᠤ ᠢᠷᠡᠭ᠍ᠰᠡᠨ ᠥᠯᠦᠭᠡᠢ

ᠪᠠᠶᠠᠨ ᠪᠠᠢ᠌ᠭᠠᠯᠢ ᠶᠢᠨ ᠰᠠᠢ᠌ᠬᠠᠨ ᠢ ᠳᠠᠶᠠᠭᠠᠷ ᠲᠤ ᠭᠠᠢ᠌ᠬᠠᠭᠤᠯᠤᠭᠰᠠᠨ ᠵᠢᠷᠤᠭ

ᠶᠠᠭᠠᠷᠠᠯ ᠦᠭᠡᠶ ᠵᠠᠬ᠎ᠠ ᠪᠠᠷ ᠨᠢ ᠰᠤᠨᠢᠷᠬᠠᠵᠤ ᠶᠠᠪᠣᠪᠠᠯ

ᠶᠠᠩᠵᠤ ᠶᠢᠨ ᠬᠠᠳᠠᠤᠨ ᠬᠠᠷᠠᠭᠠᠨ ᠳᠤ ᠴᠢᠨᠢ ᠳᠤᠳᠤᠷᠠᠬᠤ ᠶᠤᠮ

ᠬᠠᠯᠠᠰᠢᠷᠠᠯ ᠦᠭᠡᠶ ᠰᠠᠢ᠌ᠬᠠᠨ ᠠᠵᠢᠭᠯᠠᠵᠤ ᠶᠠᠪᠣᠪᠠᠯ

ᠬᠠᠴᠢᠨ ᠦᠵᠡᠮᠵᠢ ᠨᠢ ᠪᠠᠬᠠᠷᠤᠯ ᠢ ᠴᠢᠨᠢ ᠳᠠᠳᠠᠬᠤ ᠶᠤᠮ

ᠡᠷᠳᠡᠮ ᠰᠤᠶᠤᠯ ᠤᠨ ᠨᠢᠭᠤᠴᠠ ᠶᠢ ᠬᠠᠳᠠᠭᠠᠯᠠᠭᠰᠠᠨ ᠰᠤᠳᠤᠷ ᠤᠨ ᠣᠪᠣᠭ᠎ᠠ ᠰᠢᠭ ᠬᠠᠳᠠ ᠪᠣᠢ

ᠡᠷᠳᠡᠨᠢ ᠠᠯᠳᠠ ᠪᠠᠨ ᠨᠥᠭᠡᠴᠡᠯᠡᠨ ᠬᠠᠳᠠᠭᠠᠯᠠᠭᠰᠠᠨ ᠠᠪᠳᠠᠷ᠎ᠠ ᠬᠤᠷᠭᠤ ᠰᠢᠭ ᠬᠠᠳᠠ ᠪᠣᠢ

ᠬᠤᠯᠠ ᠶᠢᠨ ᠵᠤᠴᠢᠨ ᠶᠢᠡᠨ ᠣᠭᠳᠤᠨ ᠪᠠᠢ᠌ᠳᠠᠭ ᠮᠤᠷᠢᠨ ᠣᠶᠠᠭ᠎ᠠ ᠰᠢᠭ ᠬᠠᠳᠠ ᠪᠣᠢ

ᠬᠣᠢ᠌ᠮᠤᠷ ᠳᠤᠮᠳᠠ ᠪᠠᠨ ᠵᠤᠴᠢᠨ ᠶᠢᠡᠨ ᠭᠦᠡᠳᠦᠯᠡᠭᠦ ᠰᠢᠷᠡᠭᠡ ᠵᠠᠰᠠᠯᠭ᠎ᠠ ᠰᠢᠭ ᠬᠠᠳᠠ ᠪᠣᠢ

ᠰᠡᠭᠦᠯ ᠳᠠᠯ ᠶᠢᠡᠨ ᠪᠣᠰᠬᠠᠨ ᠨᠠᠳᠬᠤᠬᠤ ᠠᠳᠤᠭᠤᠨ ᠰᠥᠷᠦᠭ᠌ ᠰᠢᠭ᠌ ᠬᠠᠳᠠ ᠪᠣᠢ

ᠰᠠᠯᠭᠢ ᠰᠦᠷᠤᠨ ᠠᠯᠬᠤᠯᠠᠨ ᠪᠠᠢ᠌ᠬᠤ ᠠᠳᠠᠨ ᠳᠡᠮᠡᠭᠡ ᠰᠢᠭ᠌ ᠬᠠᠳᠠ ᠪᠣᠢ

ᠵᠤᠨ ᠤ ᠬᠠᠯᠠᠭᠤᠨ ᠳᠤ ᠪᠦᠭ᠍ᠰᠢᠨ ᠵᠤᠭᠰᠤᠭ᠎ᠠ ᠬᠤᠨᠢᠨ ᠰᠥᠷᠦᠭ᠌ ᠰᠢᠭ᠌ ᠬᠠᠳᠠ ᠪᠣᠢ

ᠵᠤ᠋ ᠨᠢᠷᠤᠭᠤ ᠨᠢ ᠳᠡᠭ᠍ᠰᠢᠭᠡᠨ ᠦᠨᠢᠶ᠎ᠡ ᠪᠢᠷᠠᠭᠤ ᠰᠢᠭ ᠬᠠᠳᠠ ᠪᠣᠢ

ᠳᠠᠯ᠎ᠠ ᠶᠢᠨ ᠭᠠᠷᠤᠯᠳᠠ ᠪᠠᠨ ᠰᠤᠯᠢᠯᠴᠠᠵᠤ ᠶᠠᠪᠣᠭ᠎ᠠ ᠠᠴᠢᠶᠠᠨ ᠤ ᠮᠠᠰᠢᠨ ᠰᠢᠭ ᠬᠠᠳᠠ ᠪᠣᠢ

ᠳᠠᠩᠰᠤᠭ ᠬᠤᠷᠢᠶᠠᠯᠳᠠ ᠪᠠᠨ ᠵᠥᠭᠡᠭᠡᠪᠦᠷᠢᠯᠡᠵᠤ ᠶᠠᠭᠠᠷᠠᠭ᠎ᠠ ᠭᠦᠯᠭᠡ ᠣᠩᠭ᠋ᠤᠴᠠ ᠰᠢᠭ ᠬᠠᠳᠠ ᠪᠣᠢ

ᠬᠡ ᠣᠭᠠᠯᠵᠠ ᠪᠠᠷ ᠰᠠᠢ᠌ᠯᠵᠤ ᠴᠢᠮᠡᠭ᠍ᠰᠡᠨ ᠭᠡᠷ ᠮᠠᠢ᠌ᠬᠠᠨ ᠰᠢᠭ ᠬᠠᠳᠠ ᠪᠣᠢ

ᠭᠡᠢ᠌ᠴᠢᠨ ᠶᠢᠡᠨ ᠠᠮᠤᠰᠭᠢᠭᠤᠯᠬᠤ ᠪᠠᠷ ᠪᠡᠯᠡᠳᠭᠡᠵᠤ ᠵᠠᠰᠠᠭᠰᠠᠨ ᠬᠠᠠᠵᠤ ᠣᠷᠤ ᠰᠢᠭ᠌ ᠬᠠᠳᠠ ᠪᠣᠢ

ᠰᠥᠪᠠᠭᠡ ᠳᠤᠯᠤᠨ ᠵᠤᠭᠰᠤᠭᠰᠠᠨ ᠪᠦᠭᠡᠴᠢᠨ ᠤ ᠰᠦᠷ ᠲᠡᠶ ᠬᠠᠳᠠ ᠪᠣᠢ

ᠰᠦᠨ ᠳᠦᠷᠦᠭᠡ ᠳᠤᠭᠣᠢ᠌ᠯᠠᠭᠰᠠᠨ ᠪᠠᠷᠢ ᠶᠢᠨ ᠨᠠᠮᠪᠠ ᠲᠡᠶ ᠬᠠᠳᠠ ᠪᠣᠢ

ᠭᠦᠯᠦᠭ᠌ ᠤᠨ ᠨᠢᠷᠤᠭᠤᠨ ᠳᠤ ᠰᠡᠭᠦᠢᠭᠦ ᠠᠳᠤᠭᠤᠴᠢᠨ ᠵᠠᠯᠠᠭᠤ ᠰᠢᠭ ᠬᠠᠳᠠ ᠪᠣᠢ

ᠭᠦᠳᠡᠭᠡ ᠳᠠᠯ᠎ᠠ ᠳᠠᠭᠠᠨ ᠪᠦᠵᠢᠭᠯᠡᠭᠦ ᠬᠤᠨᠢᠴᠢᠨ ᠭᠡᠦᠭᠡᠨ ᠰᠢᠭ᠌ ᠬᠠᠳᠠ ᠪᠣᠢ

ᠳᠦᠷᠪᠠᠳᠡᠭ᠍ᠴᠢ ᠭᠠᠯᠪᠠ ᠶᠢᠨ ᠮᠥᠰᠦᠳᠦᠯᠭᠡ ᠶᠢᠨ ᠦᠶ᠎ᠡ ᠳ᠋ᠠᠭᠢ

ᠳᠡᠯᠡᠭᠡᠢ ᠡᠭᠡ ᠶᠢᠨ ᠣᠷᠠᠯᠠᠯ ᠶᠤᠮᠰᠠᠨ ᠡ

ᠳᠠᠶᠠᠩ ᠳᠤ ᠠᠯᠳᠠᠷ ᠲᠡᠶ ᠮᠤᠩᠭ᠋ᠤᠯ ᠳᠠᠭᠠᠨ ᠬᠠᠢ᠌ᠷᠠᠯᠠᠭᠰᠠᠨ

ᠳᠡᠭ᠍ᠷᠢ ᠡᠴᠢᠭᠡ ᠶᠢᠨ ᠱᠠᠩᠨᠠᠯ ᠶᠤᠮᠰᠠᠨ ᠡ

ᠵᠢᠪᠬᠤᠭᠠᠳᠤ ᠰᠠᠢ᠌ᠬᠠᠨ ᠭᠡᠰᠢᠭ᠍ᠳᠡᠨ ᠤ ᠪᠠᠶᠠᠯᠢᠭ ᠳᠦᠷᠭᠦ ᠶᠢᠨ ᠭᠠᠢ᠌ᠬᠠᠭᠤᠯᠤᠯ ᠶᠤᠮᠰᠠᠨ ᠡ

ᠵᠤᠭᠠᠴᠠᠯ ᠤᠨ ᠣᠢ᠌ᠯᠠᠰ ᠢ ᠳᠡᠯᠡᠭᠡᠢ ᠳᠤ ᠬᠠᠠᠳᠤᠭᠤᠯᠬᠤ ᠠᠭᠳᠠ ᠶᠢᠨ ᠳᠤᠷᠭᠠᠨ ᠵᠢᠯᠤᠭᠤ ᠶᠤᠮᠰᠠᠨ ᠡ

ᠴᠢᠨᠡᠭᠡᠯᠢᠭ᠌ ᠵᠥᠭ᠌ ᠢᠳᠠ ᠨᠡᠮᠡᠭᠦᠯᠭᠦ ᠭᠦᠯᠦᠭ᠌ ᠤᠨ ᠠᠯᠳᠠᠨ ᠳᠦᠷᠦᠭᠡ ᠶᠤᠮᠰᠠᠨ ᠡ

ᠴᠢᠨᠠᠭᠰᠢ ᠪᠠᠨ ᠳᠠᠪᠰᠢᠬᠤ ᠪᠠᠷ ᠨᠠᠩ ᠰᠢᠷᠦᠭᠦᠯᠡᠭ᠍ᠰᠡᠨ ᠭᠦᠶ‍ᠦᠳᠡᠯ ᠬᠤᠷᠳᠤᠨ ᠵᠡᠭᠡᠷᠳᠡ ᠶᠤᠮᠰᠠᠨ ᠡ᠃


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1522
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ