ᠴᠠᠭᠠᠨ ᠢᠳᠡᠬᠡᠨ

ᠴᠠᠭᠠᠨ ᠢᠳᠡᠭᠡᠡ ᠭᠡᠵᠤ ᠳᠠᠪᠤᠨ ᠬᠤᠰᠢᠭᠤ ᠮᠠᠯ ᠤᠨ ᠰᠥ᠋ ᠰᠠᠭᠠᠯᠢ ᠪᠠᠷ ᠭᠢᠭ᠍ᠰᠡᠨ ᠢᠳᠡᠭᠡᠨ ᠢ ᠭᠡᠯᠡᠳᠡᠭ᠌᠃ ᠴᠠᠭᠠᠨ ᠢᠳᠡᠭᠡᠡ ᠪᠣᠯ ᠮᠤᠩᠭ᠋ᠤᠯ ᠦᠠᠳᠤᠰᠤᠳᠠᠨ ᠤ ᠠᠵᠤ ᠠᠮᠢᠳᠤᠷᠠᠯ ᠤᠨ ᠪᠠᠯᠭᠡ ᠳᠡᠮᠳᠡᠭ᠌᠂ ᠠᠷᠢᠭᠤᠨ ᠭᠦᠳᠡᠯᠮᠦᠷᠢ ᠶᠢᠨ ᠣᠷ᠎ᠠ ᠪᠦᠳᠦᠭᠡᠯ᠂ ᠴᠠᠢ᠌ᠯᠭᠠᠨ ᠰᠠᠨᠠᠭᠠᠨ ᠤ ᠡᠭᠢ ᠡᠭᠦᠰᠦᠯ᠂ ᠴᠢᠨᠠᠭᠰᠢᠳᠠ ᠶᠢᠨ ᠪᠣᠶ‍ᠠᠨ ᠤ ᠭᠡᠰᠢᠭ᠌ ᠳᠠᠯᠠᠯᠭ᠎ᠠ ᠪᠣᠯᠤᠭᠰᠠᠨ ᠠᠮᠳᠠ ᠳᠡᠭᠦᠯᠳᠡᠷ᠂ ᠰᠢᠮ᠎ᠠ ᠪᠦᠷᠢᠨ ᠢᠳᠡᠭᠡᠨ ᠪᠣᠯᠬᠤ ᠶ‍ᠤᠮᠰᠠᠨ ! ᠭᠡᠭᠦ ᠳᠡᠭᠡᠨ᠂ ᠮᠤᠩᠭ᠋ᠤᠯᠴᠤᠳ ᠮᠠᠨᠢ ᠡᠨᠡᠭᠦ ᠢᠳᠡᠭᠡᠨ ᠶᠢᠡᠨ ᠴᠠᠭᠠᠨ ᠢᠳᠡᠭᠡᠡ ᠭᠡᠮᠡᠨ ᠨᠠᠷᠠᠢ᠌ᠤᠠᠴᠠᠢ᠃

ᠴᠠᠭᠠᠨ ᠢᠳᠡᠭᠡᠡ ᠪᠣᠯ ᠮᠤᠩᠭ᠋ᠤᠯᠴᠤᠳ ᠤᠨ ᠢᠳᠡᠭᠡᠨ ᠤ ᠭᠤᠤᠯ ᠵᠣᠢ᠌ᠯ ᠪᠣᠯᠬᠤ ᠢᠳᠡᠭᠡᠨ ᠪᠤᠯᠤᠨ᠎ᠡ᠃ ᠮᠤᠩᠭ᠋ᠤᠯᠴᠤᠳ ᠮᠠᠯ ᠤᠨ ᠰᠥ᠋ ᠰᠠᠭᠠᠯᠢ ᠪᠠᠷ ᠣᠯᠠᠨ ᠵᠣᠢ᠌ᠯ ᠤᠨ ᠠᠮᠳᠠᠳᠤ ᠰᠠᠢ᠌ᠬᠠᠨ ᠢᠳᠡᠭᠡᠡ ᠣᠮᠳᠠᠭᠠᠨ ᠭᠢᠳᠡᠭ᠌᠃ ᠬᠤᠨᠢ᠂ ᠢᠮᠠᠭ᠎ᠠ᠂ ᠦᠨᠢᠶ‍ᠠᠨ ᠰᠥ᠋ ᠡᠴᠡ ᠦᠷᠤᠮ᠎ᠠ᠂ ᠵᠥᠭᠡᠭᠡᠢ᠂ ᠰᠢᠷ᠎ᠠ ᠳᠤᠰᠤ᠂ ᠴᠥᠴᠦᠭᠡᠢ ᠢᠯᠭᠠᠷᠠᠭᠤᠯᠵᠤ ᠪᠣᠯᠪᠠᠰᠤᠷᠠᠭᠤᠯᠤᠨ ᠠᠪᠴᠤ᠂ ᠢᠳᠠᠰᠢ ᠣᠤᠭᠤᠰᠢ᠂ ᠴᠠᠢ ᠣᠮᠳᠠ ᠪᠠᠨ ᠪᠣᠯᠭᠠᠳᠠᠭ᠃ ᠵᠠᠷᠢᠮ ᠳᠡᠮᠡᠭᠡ ᠡᠯᠪᠠᠭ᠌ ᠭᠠᠵᠠᠷ ᠤᠨ ᠭᠢᠨ ᠳᠡᠮᠡᠭᠡᠨ ᠰᠥ᠋ ᠶᠢ ᠴᠤ ᠡᠳ᠋ᠯᠡᠵᠤ ᠵᠠᠷᠤᠳᠠᠭ᠃ ᠳᠡᠮᠡᠭᠡᠨ ᠰᠥ᠋ ᠪᠠᠷ ᠦᠷᠤᠮ᠎ᠠ ᠭᠢᠵᠤ ᠰᠢᠷ᠎ᠠ ᠳᠤᠰᠤ ᠪᠣᠯᠪᠠᠰᠤᠷᠠᠭᠤᠯᠤᠨ ᠭᠠᠷᠭᠠᠵᠤ ᠢᠳᠠᠵᠤ ᠵᠠᠷᠤᠳᠠᠭ᠃

ᠬᠤᠨᠢ᠂ ᠢᠮᠠᠭ᠎ᠠ᠂ ᠦᠨᠢᠶ‍ᠠᠨ ᠰᠥ᠋ ᠶᠢ ᠢᠰᠭᠡᠵᠤ ᠠᠢ᠌ᠷᠠᠭ᠂ ᠳᠠᠷᠠᠭ ᠭᠢᠳᠡᠭ᠌᠃ ᠠᠢ᠌ᠷᠠᠭ ᠢ ᠪᠣᠴᠠᠯᠭᠠᠵᠤ ᠠᠭᠠᠷᠴᠠ ᠪᠠᠯᠡᠦᠡᠭᠡᠨ ᠠᠭᠠᠷᠤᠤᠯ᠂ ᠬᠤᠷᠤᠳ ᠭᠢᠳᠡᠭ᠌᠃ ᠬᠤᠷᠤᠳ ᠢ ᠰᠥ᠋ ᠵᠢᠨ ᠬᠤᠷᠤᠳ ᠪᠠ ᠠᠭᠠᠷᠴᠠᠨ ᠬᠤᠷᠤᠳ ᠭᠡᠵᠤ ᠬᠤᠶ‍ᠠᠷ ᠠᠩᠭᠢᠯᠠᠨ᠎ᠠ᠃ ᠴᠤᠯᠤ ᠰᠥ᠋ ᠪᠡᠷ ᠢᠯᠭᠠᠷᠠᠭᠤᠯᠵᠤ ᠭᠢᠭ᠍ᠰᠡᠨ ᠬᠤᠷᠤᠳ ᠢ ᠰᠥ᠋ ᠵᠢᠨ ᠬᠤᠷᠤᠳ ᠭᠡᠵᠤ ᠂ ᠰᠥ᠋ ᠶᠢ ᠢᠰᠭᠡᠵᠤ ᠠᠢ᠌ᠷᠠᠭ ᠪᠣᠯᠭᠠᠭᠠᠤᠨ ᠂ ᠳᠠᠭᠢᠨ ᠠᠢ᠌ᠷᠠᠭ ᠢ ᠪᠣᠴᠠᠯᠭᠠᠵᠤ ᠠᠭᠠᠷᠴᠠ ᠪᠣᠯᠭᠠᠵᠤ ᠢᠯᠭᠠᠷᠠᠭᠤᠯᠤᠨ ᠭᠢᠭ᠍ᠰᠡᠨ ᠬᠤᠷᠤᠳ ᠢ ᠠᠭᠠᠷᠴᠠᠨ ᠬᠤᠷᠤᠳ ᠭᠡᠳᠡᠭ᠌᠃ ᠰᠥ᠋ ᠵᠢᠨ ᠬᠤᠷᠤᠳ ᠪᠣᠯ ᠠᠮᠳᠠᠯᠢᠭ᠂ ᠠᠭᠠᠷᠴᠠᠨ ᠬᠤᠷᠤᠳ ᠪᠣᠯ ᠭᠦᠴᠢᠯᠯᠢᠭ᠌ ᠬᠤᠷᠤᠳ ᠪᠣᠯᠤᠨ᠎ᠡ᠃

ᠠᠢ᠌ᠷᠠᠭ ᠢ ᠨᠠᠷᠠᠵᠤ ᠠᠷᠢᠭᠢ ᠢᠯᠭᠠᠷᠠᠭᠤᠯᠤᠨ ᠭᠠᠷᠭᠠᠳᠠᠭ ᠃ ᠪᠠᠰᠠ ᠰᠥ᠋ ᠶᠢ ᠡᠭᠡᠳᠡᠭᠦᠯᠵᠤ ᠡᠭᠡᠳᠡᠮ᠂ ᠪᠢᠰᠢᠯᠠᠭ᠂ ᠡᠭᠡᠵᠡᠭᠡᠢ᠂ ᠱᠥᠭᠦᠮᠡᠯ ᠵᠡᠷᠭᠡ ᠶᠢ ᠭᠢᠳᠡᠭ᠌᠃
ᠠᠢ᠌ᠷᠠᠭ ᠳᠠᠷᠠᠭ ᠢ ᠠᠰ ᠶᠢᠡᠷ ᠨᠢ ᠣᠤᠭᠤᠪᠠᠯ ᠣᠮᠳᠠ ᠳᠡᠵᠢᠭᠡᠯ ᠪᠣᠯᠳᠠᠭ ᠮᠥᠷᠳᠡᠭᠡᠨ ᠬᠤᠤᠷ ᠢ ᠳᠠᠢ᠌ᠯᠤᠨ ᠢᠳᠠᠰᠢ ᠶᠢ ᠳᠡᠭ᠍ᠰᠢᠦᠡᠭᠡᠵᠤ᠂ ᠪᠠᠶ᠎ᠠ ᠮᠠᠬᠠᠪᠣᠤᠨ ᠢ ᠴᠢᠭᠢᠷᠠᠭᠵᠢᠭᠤᠯᠤᠨ ᠡᠪᠠᠦᠡᠴᠢᠨ ᠡᠮᠭᠡᠭ᠌ ᠢ ᠠᠷᠢᠯᠭᠠᠳᠠᠭ᠃ ᠦᠷᠤᠮ᠎ᠠ᠂ ᠵᠥᠭᠡᠭᠡᠢ᠂ ᠰᠢᠷ᠎ᠠ ᠳᠤᠰᠤ᠂ ᠴᠥᠴᠦᠭᠡᠢ᠂ ᠡᠭᠡᠳᠡᠮ᠂ ᠪᠢᠰᠢᠯᠠᠭ᠂ ᠡᠭᠡᠵᠡᠭᠡᠢ᠂ ᠠᠭᠠᠷᠴᠠ᠂ ᠬᠤᠷᠤᠳ᠂ ᠠᠭᠠᠷᠤᠤᠯ᠂ ᠱᠥᠭᠦᠮᠡᠯ ᠵᠡᠷᠭᠡ ᠨᠢ ᠴᠤ ᠦᠯ ᠰᠢᠮ᠎ᠠ ᠡᠯᠪᠠᠭ᠌ ᠪᠦᠭᠡᠤᠨ ᠳᠤᠰ ᠳᠤᠰ ᠲᠠᠭᠠᠨ ᠦᠪᠠᠷ ᠦᠪᠠᠷ ᠤᠨ ᠣᠢ᠌ᠯᠠᠳᠤᠯ ᠭᠡᠷᠡᠭ᠍ᠴᠡᠭᠡ ᠲᠡᠶ ᠪᠠᠢ᠌ᠳᠠᠭ᠃ ᠡᠭᠦᠨ ᠳᠤ᠂ ᠰᠢᠷ᠎ᠠ ᠳᠤᠰᠤᠨ ᠤ ᠣᠢ᠌ᠯᠠᠳᠤᠯ ᠭᠡᠷᠡᠭᠯᠡᠭᠡ ᠬᠠᠮᠤᠭ ᠡᠴᠡ ᠶ‍ᠡᠭᠡ᠃ ᠰᠢᠷ᠎ᠠ ᠳᠤᠰᠤ ᠨᠢ ᠢᠳᠠᠵᠤ ᠪᠣᠯᠬᠤ ᠮᠥᠷᠳᠡᠭᠡᠨ ᠡᠮᠨᠡᠯᠭᠡ ᠳᠤᠮᠨᠠᠯᠭ᠎ᠠ ᠳᠤ ᠴᠤ ᠥᠷᠭᠡᠨ ᠶᠢᠡᠷ ᠭᠡᠷᠡᠭᠯᠡᠭ᠍ᠳᠡᠳᠡᠭ᠌᠃ ᠭᠦᠮᠤᠨ ᠥᠷᠭᠦᠯᠵᠢ ᠰᠢᠷ᠎ᠠ ᠳᠤᠰᠤ ᠢᠳᠡᠭᠡᠤᠨ ᠪᠠᠢ᠌ᠪᠠᠯ᠂ ᠦᠰᠤ ᠭᠡᠵᠢᠭᠡ ᠰᠢᠮᠠᠵᠢᠵᠤ᠂ ᠵᠢᠰᠤ ᠴᠢᠷᠠᠢ ᠥᠩᠭᠡᠵᠢᠵᠤ᠂ ᠴᠤᠭ ᠵᠢᠯᠢ ᠰᠡᠷᠭᠦᠵᠤ᠂ ᠴᠢᠳᠠᠯ ᠭᠦᠴᠤᠨ ᠨᠡᠮᠡᠭ᠍ᠳᠡᠳᠡᠭ᠌᠃ ᠭᠦᠯᠳᠡᠵᠤ ᠰᠢᠷᠬᠠᠳᠠᠭᠰᠠᠨ ᠪᠣᠶ‍ᠤ ᠴᠠᠰᠤ ᠪᠣᠷᠤᠭᠠᠨ ᠳᠤ ᠳᠠᠭᠠᠷᠠᠵᠤ ᠪᠠᠭᠡᠷᠡᠭ᠍ᠰᠡᠨ ᠂ ᠭᠦᠯ ᠭᠠᠷ ᠪᠠᠷᠳᠠᠵᠤ ᠭᠦᠴᠤ ᠳᠠᠮᠢᠷ ᠳᠤᠷᠣᠢ᠌ᠳᠠᠭᠰᠠᠨ ᠭᠦᠮᠤᠨ ᠰᠢᠷ᠎ᠠ ᠳᠤᠰᠤ ᠣᠤᠭᠤᠬᠤ ᠪᠣᠶ‍ᠤ ᠢᠳᠠᠪᠠᠯ ᠂ ᠡᠳᠡᠭᠡᠷᠡᠵᠤ ᠳᠡᠩᠭᠡᠷᠡᠭᠦ ᠨᠢ ᠳᠤᠩ ᠳᠦᠷᠭᠡᠨ ᠪᠠᠢ᠌ᠳᠠᠭ᠃ ᠠᠭᠠᠷᠤᠤᠯ ᠂ ᠱᠥᠭᠦᠮᠡᠯ ᠪᠣᠶ‍ᠤ ᠠᠭᠠᠷᠴᠠᠨ ᠬᠤᠷᠤᠳ ᠨᠢ ᠢᠰᠭᠦᠯᠡᠩ ᠭᠦᠴᠢᠯᠯᠢᠭ᠌ ᠪᠠᠢ᠌ᠳᠠᠭ ᠳᠤᠯᠠ᠂ ᠬᠤᠭᠤᠯᠠ ᠪᠣᠳᠠᠭ᠎ᠠ ᠶᠢ ᠰᠢᠩᠭᠡᠭᠡᠵᠤ ᠬᠤᠳᠤᠭᠠᠳᠤ ᠭᠡᠳᠡᠰᠤ ᠶᠢ ᠴᠢᠭᠢᠷᠠᠭᠵᠢᠭᠤᠯᠬᠤ ᠳᠤ ᠬᠠᠮᠤᠭ ᠡᠴᠡ ᠳᠤᠰᠠᠳᠠᠢ ᠢᠳᠡᠭᠡᠨ ᠪᠣᠯᠬᠤ ᠶ‍ᠤᠮ ᠃ ᠭᠦᠮᠤᠨ ᠭᠡᠷᠪᠡ ᠭᠡᠵᠢᠶ‍ᠡᠳᠡ ᠠᠭᠠᠷᠤᠤᠯ ᠂ ᠱᠥᠭᠦᠮᠡᠯ ᠪᠣᠶ‍ᠤ ᠠᠭᠠᠷᠴᠠᠨ ᠬᠤᠷᠤᠳ ᠢ ᠢᠳᠡᠭᠡᠤᠨ ᠪᠠᠢ᠌ᠪᠠᠯ ᠂ ᠰᠤᠩᠭᠢᠨ᠎ᠠ ᠂ ᠰᠠᠷᠢᠮᠰᠤᠭ ᠂ ᠵᠶ‍ᠠᠡᠭ ᠶ‍ᠢᠤ ᠂ ᠽᠤᠤ ᠮᠠᠳᠤ ᠶᠢᠨ ᠬᠤᠭᠤᠯᠠ ᠪᠣᠳᠠᠭ᠎ᠠ ᠶᠢ ᠰᠢᠩᠭᠡᠭᠡᠵᠤ ᠬᠤᠳᠤᠭᠠᠳᠤ ᠭᠡᠳᠡᠰᠤ ᠶᠢ ᠰᠠᠢ᠌ᠵᠢᠷᠠᠭᠤᠯᠬᠤ ᠳᠤ ᠳᠤᠰᠠᠯᠠᠬᠤ ᠶ‍ᠠᠮᠠᠷ ᠴᠤ ᠢᠳᠡᠭᠡᠨ ᠢ ᠢᠳᠡᠭ᠍ᠰᠡᠨ ᠤ ᠭᠡᠷᠡᠭ᠌ ᠶ‍ᠠᠷᠤ ᠨᠢ ᠠᠯᠠᠭ᠎ᠠ ᠶ‍ᠤᠮ ︕

ᠭᠡᠭᠦᠤ ᠶᠢᠨ ᠰᠥ᠋ ᠶᠢ ᠢᠰᠭᠡᠵᠤ ᠠᠢ᠌ᠷᠠᠭ ᠴᠡᠭᠡ ᠪᠣᠯᠭᠠᠨ ᠣᠤᠭᠤᠳᠠᠭ᠃ ᠭᠡᠭᠦᠤ ᠶᠢᠨ ᠰᠥ᠋ ᠶᠢ ᠪᠠᠰᠠ ᠳᠦᠭᠦᠭᠡᠢ ᠪᠠᠷ ᠨᠢ ᠰᠢᠭᠤᠳ ᠣᠤᠭᠤᠵᠤ ᠪᠣᠯᠳᠠᠭ᠃ ᠭᠡᠭᠦᠤ ᠶᠢᠨ ᠰᠥ᠋ ᠶᠢᠨ ᠰᠢᠮ᠎ᠠ ᠳᠡᠵᠢᠭᠡᠯ ᠨᠢ ᠪᠣᠰᠤᠳ ᠠᠯᠢ ᠴᠤ ᠰᠥ᠋ ᠡᠴᠡ ᠪᠠᠨ ᠡᠯᠪᠠᠭ᠌ ᠥᠳᠭᠡᠨ ᠪᠠᠢ᠌ᠳᠠᠭ ᠃ ᠴᠡᠭᠡ ᠨᠢ ᠰᠡᠷᠢᠭᠦᠨ ᠰᠠᠢ᠌ᠬᠠᠨ ᠣᠮᠳᠠᠭᠠᠨ ᠪᠣᠯᠬᠤ ᠪᠠᠷ ᠪᠠᠷᠠᠬᠤ ᠦᠭᠡᠶ ᠰᠢᠮ᠎ᠠ ᠳᠡᠵᠢᠭᠡᠯ ᠶᠢᠡᠷ ᠡᠯᠪᠠᠭ᠌᠂ ᠰᠢᠠᠵᠢ ᠴᠢᠨᠠᠷ ᠶᠢᠡᠷ ᠰᠠᠢ᠌ᠨ ᠳᠡᠭᠡᠳᠤ ᠵᠡᠷᠭᠡ ᠶᠢᠨ ᠢᠳᠡᠭᠡᠨ ( ᠣᠮᠳᠠᠭᠠᠨ ) ᠪᠣᠯᠬᠤ ᠶ‍ᠤᠮ ᠃ ᠴᠡᠭᠡ ᠨᠢ ᠡᠯᠳᠡᠪ ᠵᠣᠢ᠌ᠯ ᠤᠨ ᠣᠵᠢᠭ ( ᠵᠠᠰᠠᠬᠤ ᠳᠤ ᠭᠦᠴᠢᠷ ᠳᠦᠪᠠᠭ᠍ᠳᠡᠢ ) ᠡᠪᠠᠦᠡᠴᠢᠨ ᠢ ᠵᠠᠰᠠᠳᠠᠭ ᠃ ᠣᠴᠠᠭᠠᠢ᠌ᠯᠠᠨ ᠵᠢᠷᠦᠭᠡ᠂ ᠴᠢᠰᠤᠨ ᠤ ᠡᠪᠠᠦᠡᠴᠢᠨ ᠪᠣᠶ‍ᠤ ᠠᠭᠤᠰᠭᠢ᠂ ᠬᠤᠳᠤᠭᠠᠳᠤ ᠭᠡᠳᠡᠰᠤᠨ ᠤ ᠡᠪᠠᠦᠡᠴᠢᠨ᠂ ᠬᠠᠨᠢᠶ‍ᠠᠳᠤ᠂ ᠰᠢᠷ᠎ᠠ ᠣᠰᠤᠨ ᠤ ᠡᠪᠠᠦᠡᠴᠢᠨ ᠂ ᠭᠦᠯ ᠨᠢᠷᠤᠭᠤᠨ ᠤ ᠡᠪᠠᠦᠡᠴᠢᠨ ᠵᠡᠷᠭᠡ ᠶᠢ ᠵᠠᠰᠠᠬᠤ ᠳᠤ ᠰᠠᠢ᠌ᠨ ᠃ ᠬᠤᠤᠷ ᠳᠠᠢ᠌ᠯᠠᠬᠤ ᠂ ᠬᠤᠭᠰᠢᠵᠤ ᠪᠣᠭᠰᠢᠭᠰᠠᠨ ᠡᠪᠠᠦᠡᠴᠢᠨ ᠢ ᠵᠠᠰᠠᠬᠤ ᠳᠤ ᠣᠠᠴᠠ ᠳᠤᠭᠢᠷᠠᠮᠵᠢᠳᠠᠢ᠂ ᠭᠦᠶ‍ᠦᠯᠭᠡ ( ᠵᠠᠰᠠᠯᠭ᠎ᠠ ) ᠰᠠᠢ᠌ᠳᠠᠢ᠂ ᠣᠢ᠌ᠯᠠᠳᠤᠯ ᠶᠢᠡᠷ ᠳᠣᠢ᠌ᠯ ᠤᠨ ᠳᠦᠷᠭᠡᠨ ᠪᠠᠢ᠌ᠳᠠᠭ᠃ ᠳᠡᠭᠡᠭᠦ ᠳᠡᠭᠡᠨ ᠮᠤᠩᠭ᠋ᠤᠯ ᠡᠮᠨᠡᠯᠭᠡ ᠳᠤ ᠭᠡᠵᠢᠶ‍ᠡᠳᠡ ᠪᠠᠨ ᠴᠡᠭᠡ ᠶᠢ ᠭᠦᠴᠢᠷ ᠳᠦᠪᠠᠭ᠍ᠳᠡᠢ ᠡᠪᠠᠦᠡᠴᠢᠨ ᠢ ᠵᠠᠰᠠᠬᠤ ᠭᠤᠤᠯ ᠭᠠᠷ ᠠᠪᠣᠯᠭ᠎ᠠ ᠪᠣᠯᠭᠠᠳᠠᠭ ᠪᠦᠭᠡᠤᠨ ᠢᠳᠡᠭᠡᠨ ᠵᠠᠰᠠᠯᠭ᠎ᠠ ᠭᠢᠨ᠎ᠡ ᠭᠡᠵᠤ ᠣᠳᠠᠭᠠᠨ ᠵᠢᠯ ᠡᠮ ᠣᠤᠭᠤᠭᠰᠠᠨ ᠭᠦᠮᠤᠨ ᠪᠣᠶ‍ᠤ ᠡᠮᠨᠡᠯᠭᠡ ᠵᠠᠰᠠᠯᠭ᠎ᠠ ᠳᠠᠮᠠᠢ ᠠᠪᠬᠤ ᠦᠭᠡᠶ ᠪᠣᠯᠤᠭᠰᠠᠨ ᠡᠪᠠᠦᠡᠴᠢᠳᠡᠨ ᠳᠤ ᠴᠡᠭᠡ ᠣᠤᠭᠤᠯᠭᠠᠵᠤ ᠴᠢᠡᠭᠭ᠎ᠠ ᠨᠢᠮᠪᠠᠢ ᠰᠤᠪᠢᠯᠭ᠎ᠠ ᠰᠤᠷᠢᠯᠭ᠎ᠠ ( ᠵᠠᠰᠠᠯᠭ᠎ᠠ) ᠭᠢᠳᠡᠭ᠌ ᠪᠠᠢ᠌ᠭ᠎ᠠ ᠪᠢᠯᠠ︕

ᠮᠠᠯ ᠤᠨ ᠰᠥ᠋ ᠵᠢᠨ ᠠᠰᠢᠭ ᠰᠢᠮ᠎ᠠ ᠠᠷᠪᠢᠨ ᠳᠤᠯᠠ ᠮᠤᠩᠭ᠋ᠤᠯᠴᠤᠳ ᠰᠥ᠋ ᠶᠢ ᠳᠣᠢ᠌ᠯ ᠶᠢᠡᠷ ᠡᠷᠭᠢᠮᠯᠡᠨ ᠳᠡᠭᠡᠳᠦᠯᠡᠳᠡᠭ᠌᠃ ᠳᠡᠭᠡᠳᠤ ᠳᠡᠭ᠍ᠷᠢ ᠪᠣᠶ‍ᠤ ᠭᠠᠵᠠᠷ ᠯᠤᠤᠰ ᠢ ᠳᠡᠭᠡᠳᠦᠯᠡᠨ ᠭᠦᠡᠳᠦᠦᠡᠭᠡᠵᠤ ᠢᠳᠡᠭᠡᠨ ᠤ ᠳᠡᠭᠡᠳᠤ ᠊᠊᠊᠊᠊᠊ ᠰᠥ᠋ ᠰᠠᠭᠠᠯᠢ ᠪᠣᠶ‍ᠤ ᠠᠭᠠᠷᠴᠠ ᠬᠤᠷᠤᠳ ᠶᠢᠡᠨ ᠡᠷᠭᠦᠳᠡᠭ᠌᠃ ᠳᠡᠯᠭᠡᠷ ᠦᠯᠵᠠᠢ᠌ᠳᠤ ᠠᠵᠢᠯᠯᠠᠭ᠎ᠠ ᠣᠢ᠌ᠯᠠ ᠶᠢ ᠡᠷᠭᠢᠯᠡᠨ ᠶ‍ᠠᠪᠣᠭᠳᠠᠭᠤᠯᠬᠤ ᠳᠠᠭᠠᠨ᠂ ᠳᠠᠮᠪᠠᠷᠢ ᠪᠠᠯᠭᠡ ᠶᠢ ᠪᠣᠳᠤᠵᠤ ᠮᠦᠠᠴᠤ ᠢᠳᠡᠭᠡᠨ ᠤ ᠳᠡᠭᠡᠳᠤ ᠊᠊᠊᠊᠊᠊ ᠰᠥ᠋ ᠰᠠᠭᠠᠯᠢ ᠂ ᠠᠭᠠᠷᠴᠠ ᠬᠤᠷᠤᠳ ᠶᠢᠡᠨ ᠡᠷᠭᠦᠵᠤ ᠪᠠᠷᠢᠵᠤ᠂ ᠳᠡᠭᠡᠳᠦᠯᠡᠵᠤ ᠰᠠᠴᠤᠳᠠᠭ᠃

ᠮᠤᠩᠭ᠋ᠤᠯᠴᠤᠳ ᠰᠥ᠋ ᠰᠠᠭᠠᠯᠢ ᠶᠢ ᠳᠤᠷ᠎ᠠ ᠪᠠᠷ ( ᠭᠠᠵᠠᠷ ) ᠠᠰᠬᠠᠵᠤ ᠴᠢᠤᠠᠬᠤᠬᠤ ᠶᠢ ᠣᠠᠴᠠ ᠴᠡᠭᠡᠷᠯᠡᠳᠡᠭ᠌᠃ ᠪᠠᠰᠠ ᠰᠥ᠋ ᠳᠤ ᠬᠤᠷᠤᠭᠤ ᠳᠦᠷᠦᠭᠦ᠂ ᠣᠰᠤ ᠭᠢᠭᠦ᠂ ᠪᠣᠵᠠᠷ ᠪᠣᠷᠳᠠᠭ ᠶ‍ᠠᠭᠤᠮ᠎ᠠ ᠳᠤᠰᠬᠠᠬᠤ᠂ ᠴᠠᠭᠠᠨ ᠢᠳᠡᠭᠡᠨ ᠤ ᠵᠣᠢ᠌ᠯᠠᠰ ᠢ ᠬᠠᠮᠢᠶ᠎ᠠ ᠨᠠᠮᠢᠶ᠎ᠠ ᠦᠭᠡᠶ ᠭᠡᠭᠡᠵᠤ ᠬᠠᠶ‍ᠠᠬᠤ ᠵᠡᠷᠭᠡ ᠶᠢ ᠡᠷᠡᠰ ᠴᠡᠭᠡᠷᠯᠡᠳᠡᠭ᠌᠃

ᠮᠤᠩᠭ᠋ᠤᠯᠴᠤᠳ ᠰᠥ᠋ ᠰᠠᠭᠠᠯᠢ ᠶᠢ ᠭᠠᠵᠠᠷ ᠠᠰᠬᠠᠵᠤ ᠴᠢᠤᠠᠬᠤᠬᠤ᠂ ᠰᠥ᠋ ᠳᠤ ᠬᠤᠷᠤᠭᠤ ᠳᠦᠷᠦᠭᠦ ᠂ ᠣᠰᠤ ᠭᠢᠭᠦ᠂ ᠴᠠᠭᠠᠨ ᠢᠳᠡᠭᠡᠨ ᠤ ᠵᠣᠢ᠌ᠯᠠᠰ ᠢ ᠬᠠᠮᠢᠶ᠎ᠠ ᠨᠠᠮᠢᠶ᠎ᠠ ᠦᠭᠡᠶ ᠭᠡᠭᠡᠵᠤ ᠬᠠᠶ‍ᠠᠬᠤ ᠵᠡᠷᠭᠡ ᠶᠢ ᠪᠠᠯᠭᠡ ᠳᠠᠮᠪᠠᠷᠠᠯ ᠦᠭᠡᠶ᠂ ᠮᠠᠭᠤ ᠶ‍ᠤᠷᠸ᠎ᠠ ᠲᠡᠶ ᠠᠵᠢᠯᠯᠠᠭ᠎ᠠ ᠭᠢᠳᠠᠯ ᠭᠡᠵᠤ ᠥᠵᠡᠳᠡᠭ᠌᠃《 ᠪᠣᠶ‍ᠠᠨ ᠶᠢᠡᠨ ᠪᠠᠷᠠᠨ᠎ᠠ ᠂ ᠪᠠᠢ᠌ᠳᠠᠭ ᠶᠢᠡᠨ ᠭᠦᠮᠦᠷᠡᠨ᠎ᠡ ᠂ ᠪᠠᠢ᠌ᠭᠰᠠᠨ ᠶᠢᠡᠨ ᠬᠤᠭᠤᠰᠤᠯᠠᠨ᠎ᠠ 》 ᠂ 《 ᠪᠣᠷᠬᠠᠨ ᠳᠡᠭ᠍ᠷᠢ ᠪᠣᠷᠤᠭᠤ ᠪᠠᠷ ᠬᠠᠷᠠᠨ᠎ᠠ ᠂ ᠡᠳ᠋ ᠤᠨ ᠭᠡᠰᠢᠭ᠌ ᠳᠤᠠᠳᠠᠷᠠᠨ᠎ᠠ ᠂ ᠡᠳ᠋ᠯᠡᠵᠤ ᠭᠡᠷᠡᠭᠯᠡᠭᠦ ( ᠶ‍ᠠᠭᠤᠮ᠎ᠠ ) ᠨᠢᠮᠭᠡᠷᠡᠨ᠎ᠡ》 ᠭᠡᠵᠤ ᠴᠤ ᠥᠵᠡᠳᠡᠭ᠌ ᠃ ᠡᠨᠡ ᠨᠢ 《ᠴᠠᠭᠠᠨ ᠢᠳᠡᠭᠡ ᠪᠣᠯ ᠢᠳᠡᠭᠡᠨ ᠤ ᠳᠡᠭᠡᠳᠤ ᠶ‍ᠤᠮ᠂ ᠢᠳᠡᠭᠡᠨ ᠤ ᠳᠡᠭᠡᠳᠤ ᠴᠠᠭᠠᠨ ᠢᠳᠡᠭᠡ ᠪᠠᠨ ᠡᠷᠭᠢᠮᠨᠡᠵᠤ ᠨᠠᠠᠳᠢᠩᠨᠠᠵᠤ ᠶ‍ᠠᠪᠣ》ᠭᠡᠰᠡᠨ ᠨᠢᠭᠡᠨ ᠶ‍ᠤᠰᠤᠨ ᠤ ᠰᠤᠷᠭᠠᠯ ᠪᠣᠯᠬᠤ ᠶ‍ᠤᠮ ︕

ᠴᠠᠭᠠᠨ ᠢᠳᠡᠬᠡᠨ ᠪᠣᠯ ᠢᠳᠠᠵᠤ ᠣᠤᠭᠤᠬᠤ ᠳᠤ ᠪᠠᠯᠠᠨ ᠳᠦᠭᠦᠮ ᠢᠳᠡᠭᠡᠨ ᠪᠣᠯᠬᠤ ᠪᠦᠭᠡᠤᠨ ᠬᠠᠳᠠᠭᠠᠯᠠᠵᠤ ᠬᠤᠷᠢᠶ‍ᠠᠬᠤ᠂ ᠠᠪᠴᠤ ᠶ‍ᠠᠪᠣᠵᠤ ᠰᠠᠭᠤᠬᠤ ᠳᠤ ᠴᠤ ᠳᠦᠭᠦᠮ ᠭᠢᠯᠪᠠᠷ ᠢᠳᠡᠭᠡᠨ ᠪᠤᠯᠤᠨ᠎ᠡ︕ ᠭᠡᠳᠤᠨ ᠰᠠᠷ᠎ᠠ᠂ ᠬᠠᠭᠠᠰ ᠵᠢᠯ ᠶᠢᠡᠷ ᠬᠠᠳᠠᠭᠠᠯᠠᠵᠤ ᠬᠤᠷᠢᠶ‍ᠠᠬᠤ ᠳᠤ᠂ ᠶ‍ᠠᠷᠤᠨᠢ ᠭᠡᠮᠳᠡᠵᠤ ᠡᠪᠳᠡᠷᠡᠳᠡᠭ ᠦᠭᠡᠶ᠃

ᠮᠤᠩᠭ᠋ᠤᠯᠴᠤᠳ ᠰᠥ᠋ ᠰᠠᠭᠠᠯᠢ ᠰᠠᠪᠠᠯᠠᠬᠤ ᠰᠠᠪᠠ ᠰᠠᠭᠤᠯᠭ᠎ᠠ᠂ ᠭᠡᠷᠡᠭ᠍ᠰᠡᠯ ᠤᠨ ᠠᠷᠢᠭᠤᠨ ᠴᠠᠪᠠᠷ ᠪᠠᠢ᠌ᠬᠤ ᠶᠢ ᠣᠠᠴᠠ ᠠᠩᠬᠠᠷᠳᠠᠭ᠃ ᠪᠣᠵᠠᠷ ᠪᠣᠷᠳᠠᠭ ᠪᠣᠶ‍ᠤ ᠪᠣᠰᠤᠳ ᠤᠨ ᠭᠡᠷᠡᠭᠯᠡᠵᠤ ᠥᠩᠭᠡᠷᠡᠭ᠍ᠰᠡᠨ ᠰᠠᠪᠠ ᠭᠡᠷᠡᠭ᠍ᠰᠡᠯ ᠳᠤ ᠰᠥ᠋ ᠰᠠᠭᠠᠯᠢ ᠪᠠᠨ ᠰᠠᠪᠠᠯᠠᠳᠠᠭ ᠦᠭᠡᠶ᠃ ᠰᠥ᠋ ᠰᠠᠭᠠᠯᠢ ᠰᠠᠪᠠᠯᠠᠬᠤ ᠰᠠᠪᠠ ᠭᠡᠷᠡᠭ᠍ᠰᠡᠯ ᠤᠨ ᠳᠦᠷᠤᠯ ᠵᠣᠢ᠌ᠯ ᠂ ᠶ‍ᠠᠰᠤ ᠴᠢᠨᠠᠷ ᠢ ᠴᠤ ᠣᠠᠴᠠᠯᠠᠨ ᠠᠩᠬᠠᠷᠳᠠᠭ᠃ ᠣᠯᠠᠩᠭᠢ ᠳᠠᠭᠠᠨ ᠮᠤᠳᠤᠨ ᠰᠠᠪᠠ ᠰᠠᠭᠤᠯᠭ᠎ᠠ ᠳᠤ ᠰᠥ᠋ ᠰᠠᠭᠠᠵᠤ᠂ ᠰᠠᠪᠠᠯᠠᠵᠤ ᠬᠠᠳᠠᠭᠠᠯᠠᠳᠠᠭ᠃ ᠮᠤᠳᠤᠨ ᠰᠠᠪᠠ ᠰᠠᠭᠤᠯᠭ᠎ᠠ ᠨᠢ ᠴᠤᠯᠤ ᠪᠠᠢ᠌ᠭᠠᠯᠢᠯᠢᠬ ᠭᠢᠴᠠ ᠪᠦᠳᠦᠴᠡ ᠲᠡᠶ ᠪᠦᠭᠡᠤᠨ ᠪᠦᠭᠡᠯᠢᠭ᠌᠂ ᠰᠥ᠋ ᠰᠠᠭᠠᠯᠢ ᠰᠠᠪᠠᠯᠠᠭᠠᠤᠨ ᠳᠠᠯᠪᠢᠴᠢᠬᠠᠬᠤ ᠳᠤ᠂ ᠳᠠᠢ᠌ᠮᠤ ᠠᠮᠠᠷᠬᠠᠨ ᠢᠰᠴᠤ ᠬᠤᠪᠢᠯᠠᠳᠠᠭ ᠦᠭᠡᠶ᠃ ᠪᠣᠯᠪᠠᠰᠤᠷᠠᠭᠤᠯᠵᠤ ᠢᠳᠡᠭᠡᠰᠢᠭᠦᠯᠵᠤ ᠭᠠᠷᠭᠠᠭᠰᠠᠨ ᠠᠭᠠᠷᠴᠠ᠂ ᠬᠤᠷᠤᠳ᠂ ᠠᠭᠠᠷᠤᠤᠯ᠂ ᠪᠢᠰᠢᠯᠠᠭ ᠳᠡᠷᠢᠭᠦᠳᠡᠨ ᠶᠢᠡᠨ ᠴᠤ ᠠᠡᠭᠬ᠎ᠠ ᠡᠭᠢᠯᠡᠨ ᠬᠠᠳᠠᠭᠠᠵᠤ ᠥᠪᠦᠷᠰᠢᠭᠦᠯᠭᠦ ᠳᠡᠭᠡᠨ᠂ ᠴᠤᠯᠤ ᠮᠤᠳᠤᠨ ᠭᠢᠴᠠ ᠲᠡᠶ ᠬᠠᠪᠳᠠᠰᠤ ᠪᠣᠶ‍ᠤ ᠢᠯᠳᠠᠰᠤᠨ ᠳᠡᠭᠡᠷ᠎ᠡ ᠳᠡᠯᠭᠡᠵᠤ ᠬᠠᠳᠠᠭᠠᠵᠤ ᠬᠠᠭᠰᠠᠭᠠᠳᠠᠭ ᠃ ᠬᠠᠳᠠᠭᠠᠵᠤ ᠬᠠᠭᠰᠠᠭᠠᠵᠤ ᠭᠠᠷᠭᠠᠭᠰᠠᠨ ( ᠴᠠᠭᠠᠨ ᠢᠳᠡᠭᠡᠨ ᠊ᠤ ) ᠵᠣᠢ᠌ᠯᠠᠰ ᠶᠢᠡᠨ ᠴᠤ ᠴᠠᠪᠠᠷ ᠳᠤᠭᠢᠯᠠᠭ ᠪᠦᠰ ᠣᠭᠤᠳᠠ ( ᠰᠠᠪᠠ ) ᠪᠣᠶ‍ᠤ ᠠᠷᠠᠰᠤᠨ ᠳᠤᠯᠤᠮ ᠵᠢᠴᠢ ᠴᠢᠭᠢᠭ᠌ ᠨᠣᠢ᠌ᠳᠠᠨ ᠳᠤ ᠳᠠᠰᠪᠣᠷᠢ ᠳᠠᠭᠠᠭᠠᠴᠠᠳᠠᠢ ᠮᠤᠳᠤᠨ ᠰᠠᠪᠠ ᠭᠡᠷᠡᠭ᠍ᠰᠡᠯ ᠳᠤ ᠬᠤᠷᠢᠶ‍ᠠᠵᠤ ᠬᠠᠳᠠᠭᠠᠯᠠᠵᠤ ᠳᠠᠯᠪᠢᠳᠠᠭ᠃ ᠣᠳᠤ ᠶᠢᠨ ᠠᠳᠠᠯᠢ ᠰᠦᠯᠢᠶ‍ᠤᠤ ᠰᠠᠪᠠ ( ᠣᠭᠤᠳᠠ ) ᠳᠤ ᠰᠠᠪᠠᠯᠠᠵᠤ ᠬᠠᠳᠠᠭᠠᠯᠠᠬᠤ ᠪᠣᠶ‍ᠤ ᠴᠠᠭᠠᠰᠤᠨ ᠣᠭᠤᠳᠠᠨ ᠳᠤ ᠰᠠᠪᠠᠯᠠᠵᠤ ᠪᠠᠭᠯᠠᠵᠤ ᠬᠠᠳᠠᠭᠠᠯᠠᠳᠠᠭ ᠦᠭᠡᠶ᠃ ᠣᠴᠢᠷ ᠨᠢ ᠂ ᠰᠦᠯᠢᠶ‍ᠤᠤ ᠰᠠᠪᠠ (ᠣᠭᠤᠳᠠ) ᠳᠤ ᠰᠠᠪᠠᠯᠠᠵᠤ ᠬᠠᠳᠠᠭᠠᠯᠠᠬᠤ ᠪᠣᠶ‍ᠤ ᠴᠠᠭᠠᠰᠤᠨ ᠣᠭᠤᠳᠠ ᠳᠤ ᠭᠢᠵᠤ ᠴᠠᠭᠠᠰᠤᠨ ᠳᠤ ᠪᠠᠭᠯᠠᠵᠤ ᠰᠠᠪᠠᠯᠠᠵᠤ ᠬᠠᠳᠠᠭᠠᠯᠠᠬᠤ ᠨᠢ ᠠᠷᠢᠭᠤᠨ ᠴᠠᠪᠠᠷ ᠪᠣᠰᠤ᠂ ᠭᠦᠮᠤᠨ ᠤ ᠡᠷᠡᠭᠦᠯ ᠮᠠᠠᠳᠤ ᠳᠤ ᠠᠰᠢᠭ ᠦᠭᠡᠶ᠂ ᠰᠠᠪᠠᠯᠠᠵᠤ ᠭᠢᠭ᠍ᠰᠡᠨ ᠴᠠᠭᠠᠨ ᠢᠳᠡᠭᠡᠡ ᠣᠷᠳᠤ ᠬᠤᠭᠤᠴᠠᠭ᠎ᠠ ᠬᠠᠳᠠᠭᠠᠯᠠᠭᠳᠠᠵᠤ ᠳᠡᠢ᠌ᠯᠭᠦ ᠦᠭᠡᠶ᠂ ᠭᠢᠯᠪᠠᠷᠬᠠᠨ ᠢᠰᠴᠤ ᠬᠤᠪᠢᠯᠠᠵᠤ ᠢᠯᠵᠢᠷᠠᠵᠤ ᠡᠪᠳᠡᠷᠡᠵᠤ ᠴᠢᠨᠠᠷ ᠬᠤᠪᠢᠷᠠᠳᠠᠭ᠃ ᠡᠭᠦᠨ ᠢ ᠮᠠᠨ ᠤ ᠮᠤᠩᠭ᠋ᠤᠯᠴᠤᠳ ᠠᠯᠢ ᠡᠷᠳᠡ ᠡᠴᠡ ᠮᠡᠳᠡᠳᠡᠭ᠌ ᠁

ᠢᠳᠡᠭᠡᠨ ᠤ ᠳᠡᠭᠡᠳᠤ ᠊᠊᠊᠊᠊᠊᠊᠊᠊᠊᠊᠊ ᠴᠠᠭᠠᠨ ᠢᠳᠡᠭᠡ ᠪᠠᠨ ᠪᠢᠳᠠ ᠡᠷᠭᠢᠮᠨᠡᠵᠤ ᠨᠠᠠᠳᠢᠩᠨᠠᠵᠤ ᠶ‍ᠠᠪᠣᠵᠠᠭᠠᠶ᠎ᠠ ︕ ᠢᠳᠡᠭᠡᠰᠢᠭᠦᠯᠵᠤ ᠪᠣᠯᠪᠠᠰᠤᠷᠠᠭᠤᠯᠵᠤ ᠰᠤᠷᠴᠠᠭᠠᠶ᠎ᠠ︕ ᠡᠳ᠋ᠯᠡᠵᠤ ᠭᠡᠷᠡᠭᠯᠡᠵᠤ ᠵᠠᠷᠤᠵᠠᠭᠠᠶ᠎ᠠ ︕ ᠡᠯᠪᠠᠭ᠍ᠵᠢᠭᠦᠯᠵᠤ ᠪᠠᠶ‍ᠠᠯᠢᠭᠵᠢᠭᠤᠯᠵᠤ ᠶ‍ᠠᠪᠣᠵᠠᠭᠠᠶ᠎ᠠ ︕


ᠵᠤᠭᠢᠶ‍ᠠᠭᠴᠢ ᠶᠢᠨ ᠬᠠᠶ‍ᠢᠭ᠄  ᠬᠦᠬᠡᠬᠤᠳᠡ ᠶᠢᠨ ᠭᠢᠩᠭ᠋ᠠᠨ ᠵᠠᠮ ᠤᠨ ᠦᠠᠳᠤᠰᠤᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠠᠪ
ᠬᠠᠷᠢᠶ᠎ᠠ᠄ ᠵᠠᠩ ᠤᠢ᠌ᠯᠠ
ᠳᠠᠷᠤᠮ᠄ 6385
ᠴᠠᠭ᠄ 2011 ᠤᠨ ᠤ 04 ᠰᠠᠷ᠎ᠠ ᠶᠢᠨ 17