ᠪᠠᠢ᠌ᠭᠠᠯᠢ ᠳᠠᠭᠠᠨ ᠪᠣᠶᠠᠠᠰᠠᠭ ᠪᠠᠢ᠌ᠶ᠎ᠠ

ᠰᠦ᠋ ᠪᠠᠷ ᠢᠪᠢᠯᠳᠡᠭ᠌ ᠪᠠᠢ᠌ᠭᠠᠯᠢ ᠪᠠᠨ

ᠰᠥᠭᠡ ᠪᠠᠷ ᠪᠣᠤ ᠴᠠᠪᠴᠢᠨ᠎ᠠ ᠭᠡᠳ ᠪᠠᠢ᠌ᠶ᠎ᠠ

ᠰᠥᠰᠦᠭᠯᠡᠨ ᠰᠢᠳᠦᠳᠡᠭ᠌ ᠣᠩᠭ᠋ᠤᠳ ᠵᠢᠠᠨ

ᠰᠡᠭᠦᠷᠡᠰᠦᠯᠡᠭᠦᠯᠵᠤ ᠪᠣᠤ ᠭᠤᠮᠤᠳᠠᠭᠠᠭᠠᠤᠨ ᠪᠠᠢ᠌ᠶ᠎ᠠ

ᠣᠷᠠᠨ ᠭᠡᠯᠡᠳᠡᠢ ᠰᠢᠪᠠᠭᠤᠳ ᠵᠢᠠᠨ

ᠣᠳᠤᠮ ᠢ ᠨᠢ ᠳᠠᠰᠤᠯᠤᠯ ᠦᠭᠡᠶ ᠬᠠᠢ᠌ᠷᠠᠯᠠᠵᠤ ᠪᠠᠢ᠌ᠶ᠎ᠠ

ᠣᠠᠴᠠᠯᠢᠭ ᠣᠯᠠᠩᠬᠠᠨ ᠠᠷᠢᠶᠠᠳᠠᠤᠨ ᠵᠢᠠᠨ

ᠣᠷᠴᠢᠯᠠᠩ ᠤᠨ ᠴᠢᠮᠡᠭ᠌ ᠭᠡᠵᠤ ᠨᠠᠠᠳᠢᠩᠨᠠᠵᠤ ᠪᠠᠢ᠌ᠶ᠎ᠠ

ᠦᠨᠳᠦᠰᠦ ᠨᠠᠮᠠᠭᠠᠳᠤ ᠣᠷᠭᠤᠮᠠᠯ ᠵᠢᠠᠨ

ᠦᠷᠤᠰᠢᠶᠠᠯ ᠬᠠᠢ᠌ᠷ᠎ᠠ ᠳᠠᠭᠠᠨ ᠪᠠᠭᠳᠠᠭᠠᠵᠤ ᠪᠠᠢ᠌ᠶ᠎ᠠ

ᠦᠪᠡᠷ ᠦᠪᠡᠷ ᠤᠨ ᠭᠢᠨᠢ ᠵᠢᠰᠤ ᠪᠠᠷ ᠨᠢ

ᠥᠯᠦᠭᠡᠢ ᠨᠤᠳᠤᠭ ᠶᠢᠡᠨ ᠴᠢᠮᠠᠵᠤ ᠪᠠᠢ᠌ᠶ᠎ᠠ

ᠣᠰᠤ ᠭᠤᠤᠯ ᠤᠨ ᠶᠢᠡᠨ ᠰᠤᠷᠪᠣᠯᠵᠢ ᠵᠢ

ᠣᠷᠳᠤᠮᠵᠢ ᠶᠢᠨ ᠡᠭᠦᠳᠡᠨ ᠡᠴᠠ ᠬᠠᠮᠠᠭᠠᠯᠠᠵᠤ ᠪᠠᠢ᠌ᠶ᠎ᠠ

ᠣᠰᠤ ᠪᠣᠯ ᠳᠡᠯᠡᠭᠡᠢ ᠡᠵᠢ ᠶᠢᠨ 《ᠴᠢᠰᠤ》 ᠶᠤᠮ ᠭᠡᠵᠤ

ᠣᠬᠠᠮᠰᠠᠷᠠᠵᠤ ᠪᠦᠭᠦᠳᠡᠭᠡᠷ ᠶᠢᠡᠨ ᠭᠠᠮᠨᠠᠵᠤ ᠪᠠᠢ᠌ᠶ᠎ᠠ


ᠭᠦᠷᠦᠰᠤᠨ ᠳᠤᠤᠷᠠᠭᠢ ᠪᠣᠯᠠᠭᠳᠠᠴᠠ ᠪᠠᠨ

ᠭᠦᠭᠡᠷᠦᠤ ᠪᠠᠷ ᠪᠣᠤ ᠠᠭᠤᠳᠠᠯᠠᠭᠠᠤᠨ ᠪᠠᠢ᠌ᠶ᠎ᠠ

ᠭᠡᠮᠵᠢᠶ᠎ᠡ ᠲᠡᠶ ᠯᠠ ᠬᠠᠳᠠᠭᠠᠯᠠᠭᠳᠠᠭ᠎ᠠ ᠡᠷᠳᠡᠨᠢᠰ ᠵᠢᠠᠨ

ᠬᠡᠦᠬᠡᠳ ᠬᠣᠢ᠌ᠴᠢᠰ ᠲᠠᠭᠠᠨ ᠥᠯᠡᠳᠡᠭᠡᠵᠤ ᠪᠠᠢ᠌ᠶ᠎ᠠ

ᠭᠦᠮᠤᠨ ᠨᠢ ᠪᠠᠢ᠌ᠭᠠᠯᠢ ᠪᠠᠨ ᠬᠠᠢ᠌ᠷᠠᠯᠠᠳᠠᠭ ᠯᠠ ᠪᠣᠯ

ᠭᠡᠰᠢᠭ᠌ ᠪᠣᠶᠠᠨ ᠢ ᠨᠢ ᠭᠦᠷᠳᠡᠭᠦ ᠯᠠ ᠶᠤᠮ

ᠬᠤᠪᠳᠤᠭ ᠰᠢᠨᠤᠬᠠᠢ ᠭᠡᠳᠦᠷᠡᠪᠠᠯ ᠦᠦ ︖

ᠬᠤᠷᠮᠤᠰᠳᠠ ᠶᠢᠨ ᠰᠢ᠌ᠳᠭᠡᠯ ᠳᠤ ᠣᠷᠢᠶᠠᠭᠳᠠᠨ᠎ᠠ ᠰᠢᠤ︕ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1348
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁