ᠤᠶᠠᠩ‍ᠭ᠎ᠠ ᠶᠢᠨ ᠡᠷᠢᠯᠴᠢᠨ ᠤ ᠳᠤᠮᠤᠭ ᠤᠨ ᠳᠠᠯ᠎ᠠ

ᠮᠥᠮᠥ ᠶᠢᠨ ᠠᠷᠢᠭᠤᠨ ᠰᠥᠵᠦᠭ᠌ ᠰᠢᠩᠭᠡᠭ᠍ᠰᠡᠨ

ᠮᠥᠩᠭᠡ ᠶᠢᠨ ᠰᠢᠳᠦᠭᠡᠡᠳᠤ ᠡᠭᠡ ᠣᠷᠤᠨ ᠮᠢᠨᠢ ᠮᠤᠩᠭ᠋ᠤᠯ

ᠡᠷ᠎ᠡ ᠶᠢᠨ ᠵᠤᠯᠪᠣᠭᠠᠳᠤ ᠭᠡᠢ᠌ᠮᠦᠷᠢ ᠳᠠᠯᠠᠯᠤᠭᠰᠠᠨ

ᠡᠩᠭᠡ ᠶᠢᠨ ᠵᠢᠷᠭᠠᠯᠳᠤ ᠢᠰᠡᠭᠡᠢ ᠭᠡᠷ ᠮᠢᠨᠢ ᠮᠤᠩᠭ᠋ᠤᠯ

ᠠᠪᠣ ᠶᠢᠨ ᠰᠦᠷ ᠲᠡᠶ ᠠᠭᠤᠯᠠ ᠳᠤᠯᠤᠭᠠᠢ᠌ᠳ ᠨᠢ

ᠠᠯᠤᠰ ᠡᠴᠡ ᠵᠡᠷᠭᠡᠯᠡᠭᠡᠡᠳᠦᠳᠡᠭ᠌ ᠳᠤᠯᠠᠭᠠᠨ ᠰᠢᠷᠤᠢ ᠪᠣᠯ ᠨᠤᠳᠤᠭ

ᠡᠯᠢᠭᠡᠨ ᠬᠠᠯᠠᠭᠤᠨ ᠥᠯᠦᠭᠡᠢ ᠳᠡᠭᠡᠨ ᠪᠦᠭᠡᠴᠡᠢ᠌ᠯᠡᠵᠤ

ᠡᠩᠭᠦᠷᠡᠢ᠌ᠯᠡᠵᠤ ᠳᠤᠷᠨᠢᠭᠤᠯᠳᠠᠭ ᠳᠤᠷᠭᠠᠨ ᠭᠦᠷᠦᠰᠤ ᠪᠣᠯ ᠨᠤᠳᠤᠭ


ᠨᠡᠭᠦᠳᠡᠯ ᠤᠨ ᠰᠢᠪᠠᠭᠤᠳ ᠨᠢ ᠨᠠᠮᠤᠷ ᠲᠠᠭᠠᠨ ᠪᠣᠴᠠᠳᠠᠭ ᠴᠤ

ᠬᠠᠪᠣᠷ ᠤᠨ ᠴᠢᠮᠡᠭᠡ ᠪᠠᠷ ᠬᠠᠷᠢᠭᠠᠤᠨ ᠢᠷᠡᠳᠡᠭ᠌

ᠠᠷᠭᠤᠮᠠᠭ ᠭᠦᠯᠦᠭ᠌ ᠨᠢ ᠦᠣᠷᠰᠠᠵᠤ ᠬᠤᠯᠠᠳᠠᠳᠠᠭ ᠴᠤ

ᠠᠶᠠᠨ ᠤ ᠳᠠᠭᠤ ᠪᠠᠷ ᠳᠤᠪᠳᠤᠯᠵᠤ ᠤᠢ᠌ᠷᠠᠳᠤᠳᠠᠭ

ᠣᠷᠳᠤ ᠶᠢᠨ ᠳᠠᠭᠤᠨ ᠤ ᠢᠷᠠᠭᠤᠬᠠᠨ ᠡᠭᠡᠰᠢᠭ᠌ ᠳᠠᠢ

ᠤᠶᠠᠩ‍ᠭ᠎ᠠ ᠶᠢᠨ ᠡᠷᠢᠯᠴᠢᠨ ᠤ ᠳᠤᠮᠤᠭ ᠤᠨ ᠳᠠᠯ᠎ᠠ

ᠶ‍ᠢᠰᠤᠨ ᠭᠦᠰᠡᠯ ᠤᠨ ᠰᠠᠴᠤᠯᠢ ᠣᠠᠳᠤᠷᠠᠭᠤᠯᠵᠤ

ᠡᠮᠡᠭᠡᠯ ᠤᠨ ᠪᠦᠭᠦᠷᠭᠡᠨ ᠳᠡᠭᠡᠷ᠎ᠡ ᠡᠩᠰᠡᠷᠡᠵᠤ ᠨᠤᠴᠤᠨ᠎ᠠ


ᠳᠤᠭᠤᠷᠠᠢ ᠶᠢᠨ ᠳᠠᠮᠠᠭ᠎ᠠ ᠲᠡᠶ ᠥᠡᠳᠡᠭᠡᠨ ᠴᠢᠯᠠᠭᠤᠳ ᠨᠢ

ᠪᠣᠭᠤᠷᠤᠯ ᠭᠤᠪᠢ ᠪᠠᠨ ᠮᠠᠨᠠᠵᠤ ᠬᠤᠨᠤᠳᠠᠭ ᠳᠤᠮᠤᠭ ᠤᠨ ᠳᠠᠯ᠎ᠠ

ᠵᠥᠰᠡᠷᠡᠭᠡ ᠪᠣᠷᠤᠭ᠎ᠠ ᠲᠡᠶ ᠵᠡᠭᠦᠳᠤᠨ ᠭᠤᠪᠢ ᠳ᠋ᠠᠭᠠᠨ

ᠵᠢᠷᠦᠭᠡᠨ ᠴᠤᠭᠢᠯᠭ᠎ᠠ ᠪᠠᠷ ᠬᠠᠯᠠᠭᠤᠬᠠᠨ ᠯᠤᠭᠰᠢᠵᠤ

ᠨᠡᠭᠦᠳᠡᠯ ᠤᠨ ᠣᠷᠳᠤ ᠴᠤᠪᠣᠭᠠᠨ ᠳᠤ ᠴᠥᠷᠭᠦᠯᠡᠭ᠍ᠳᠡᠵᠤ

ᠨᠤᠳᠤᠭ ᠶᠢᠡᠨ ᠡᠵᠡᠭᠦᠢᠷᠡᠭᠦᠯᠵᠤ ᠬᠤᠤᠠᠳᠤᠭ ᠡᠴᠡ ᠪᠠᠨ ᠵᠠᠢ᠌ᠳᠠᠭᠰᠠᠨ

ᠨᠢᠯᠪᠣᠰᠤ ᠲᠡᠶ ᠠᠶᠠᠠᠴᠢᠨ ᠶᠢᠡᠨ ᠪᠠᠷᠠᠯᠠᠨ ᠬᠤᠴᠤᠷᠬᠤ ᠳ᠋ᠠᠭᠠᠨ

ᠨᠢᠳᠤᠨ ᠴᠡᠴᠡᠭᠡᠢ ᠳᠠᠯ᠎ᠠ ᠮᠢᠨᠢ ᠳᠤᠮᠤᠭ ᠪᠣᠯᠵᠤ ᠥᠨᠦᠴᠢᠷᠡᠭ᠍ᠰᠡᠨ ᠶᠤᠮ

ᠰᠠᠯᠭᠢ ᠨᠢ ᠭᠦᠷᠳᠡᠯ᠎ᠡ ᠰᠠᠭᠠᠯᠢ ᠶᠢᠨ ᠦᠨᠦᠷ ᠶᠢᠡᠷ ᠰᠠᠩᠭᠢᠨᠠᠵᠤ

ᠠᠯᠠᠭᠠᠨ ᠴᠢᠨᠡᠭᠡᠨ ᠰᠢᠷᠤᠢ ᠨᠢ ᠴᠤ ᠠᠭᠢ ᠶᠢᠨ ᠰᠤᠷᠭᠤᠭ ᠢ ᠠᠩᠭᠢᠯᠠᠭᠤᠯᠳᠠᠭ

ᠪᠣᠭᠤᠷᠤᠯ ᠳᠡᠦᠭᠡ ᠶᠢᠨ ᠭᠠᠯ ᠴᠠᠳᠢᠭ ᠢ ᠰᠢᠮᠡᠳᠭᠡᠭ᠍ᠰᠡᠨ

ᠪᠣᠷᠬᠠᠨ ᠳᠡᠭᠡᠳᠤ ᠶᠢᠨ ᠨᠠᠠᠳᠢᠨ ᠰᠤᠶᠤᠷᠬᠠᠯ ᠢ ᠰᠢᠪᠠᠷᠡᠭᠦᠯᠦᠭ᠍ᠰᠡᠨ

ᠴᠡᠯᠮᠡᠭ᠌ ᠭᠦᠭᠡ ᠳᠡᠭ᠍ᠷᠢ ᠪᠠᠨ ᠨᠥᠮᠦᠷᠢᠭ᠍ᠰᠡᠨ ᠳᠠᠯ᠎ᠠ ᠮᠢᠨᠢ

ᠴᠡᠩᠭᠡᠷ ᠴᠠᠭᠠᠨ ᠡᠭᠦᠯᠡ ᠪᠠᠨ ᠪᠠᠷᠠᠯᠠᠭᠰᠠᠨ ᠳᠠᠯ᠎ᠠ ᠮᠢᠨᠢ

ᠴᠡᠮᠴᠡᠭᠡᠷ ᠭᠤᠪᠠᠢ ᠴᠡᠴᠡᠭ᠌ ᠶᠢᠡᠨ ᠡᠪᠦᠷᠯᠡᠭ᠍ᠰᠡᠨ ᠳᠠᠯ᠎ᠠ ᠮᠢᠨᠢ

ᠴᠡᠪᠠᠷᠭᠡᠨ ᠳᠤᠩᠭ᠋ᠠᠯᠠᠭ ᠨᠠᠭᠤᠷ ᠶᠢᠡᠨ ᠡᠩᠭᠦᠷᠡᠢ᠌ᠯᠡᠭ᠍ᠰᠡᠨ ᠳᠠᠯ᠎ᠠ ᠮᠢᠨᠢ


ᠭᠦᠷᠦᠰᠦᠳᠤ ᠶᠢᠨ ᠵᠠᠢ ᠳᠤ ᠨᠡᠭᠦᠳᠡᠯ ᠬᠤᠷᠭᠤᠳᠠᠭᠤᠯᠵᠤ ᠳᠠᠯ᠎ᠠ ᠮᠢᠨᠢ ᠨᠡᠭᠦᠪᠡ

ᠭᠦᠮᠤᠨ ᠤ ᠡᠷᠭᠡ ᠪᠠᠷ ᠭᠦᠮᠦᠰ ᠮᠢᠨᠢ ᠨᠡᠭᠦᠵᠤ ᠳᠠᠯ᠎ᠠ ᠮᠢᠨᠢ ᠡᠵᠡᠭᠦᠢᠷᠡᠪᠡ

ᠭᠦᠤ ᠶᠢᠨ ᠰᠡᠳᠭᠢᠯ ᠳᠤ ᠤᠶᠠᠩ‍ᠭ᠎ᠠ ᠳᠦᠷᠦᠭᠦᠯᠵᠤ ᠳᠠᠯ᠎ᠠ ᠮᠢᠨᠢ ᠡᠮᠵᠡᠭᠯᠡᠪᠡ

ᠭᠦᠯᠦᠭ᠌ ᠤᠨ ᠳᠤᠭᠤᠰᠤ ᠳᠡᠦᠭᠡ ᠶᠢᠨ ᠬᠠᠭᠤᠳᠠᠰᠤᠨ ᠳᠤ ᠥᠰᠦᠭ᠌ ᠪᠣᠯᠵᠤ ᠦᠯᠠᠳᠠᠪᠠ

ᠤᠶᠠᠩ‍ᠭ᠎ᠠ ᠶᠢᠨ ᠡᠷᠢᠯᠴᠢᠨ ᠤ ᠳᠤᠮᠤᠭ ᠤᠨ ᠳᠠᠯ᠎ᠠ ᠭᠤᠨᠢᠵᠤ ᠣᠢ᠌ᠤᠠᠬᠠᠷᠯᠠᠪᠠ

ᠣᠷᠳᠤ ᠶᠢᠨ ᠳᠠᠭᠤᠨ ᠤ ᠣᠶᠠᠬᠠᠨ ᠡᠭᠡᠰᠢᠭ᠌ ᠶᠢᠡᠨ ᠰᠠᠨᠠᠵᠤ ᠮᠥᠷᠦᠭᠡᠳᠪᠡ

ᠣᠰᠤᠯ ᠡ᠊ᠨᠳᠡᠯ ᠤᠨ ᠭᠦᠨ ᠴᠥᠩᠭᠦᠯ ᠳᠤ ᠳᠠᠯ᠎ᠠ ᠮᠢᠨᠢ ᠳᠠᠨᠤᠴᠢᠯᠠᠪᠠ

ᠣᠵᠤᠭᠤᠷ ᠤᠨ ᠥᠯᠢᠭᠡᠷ ᠢ ᠭᠦᠦᠷᠨᠢᠵᠤ ᠪᠠᠢ᠌ᠬᠤ ᠰᠢᠭ ᠳᠠᠯ᠎ᠠ ᠮᠢᠨᠢ ᠪᠣᠭᠤᠷᠤᠯᠳᠤᠪᠠ

ᠣᠯᠠᠨ ᠵᠠᠭᠤᠨ ᠤ ᠰᠥᠵᠦᠭ᠌ ᠢᠳᠡᠭᠡᠯ ᠤᠨ ᠭᠡᠰᠢᠭ᠌ ᠪᠣᠶᠠᠨ ᠶᠢᠡᠷ

ᠣᠷᠬᠤᠳᠠᠢ ᠠᠳᠠᠯᠢ ᠭᠠᠭᠴᠠ ᠨᠤᠳᠤᠭ ᠶᠢᠡᠨ ᠬᠠᠮᠠᠭᠠᠯᠠᠵᠤ ᠶᠠᠪᠣᠶ᠎ᠠ

ᠣᠩᠭ᠋ᠤᠨ ᠭᠦᠰᠡᠯ ᠶᠢᠡᠨ ᠳᠡᠭᠡᠳᠦᠯᠡᠵᠤ ᠢᠷᠡᠭᠡᠳ ᠪᠢᠳᠠ ᠪᠦᠭᠦᠳᠡᠭᠡᠷ

ᠤᠶᠠᠩ‍ᠭ᠎ᠠ ᠶᠢᠨ ᠡᠷᠢᠯᠴᠢᠨ ᠤ ᠳᠤᠮᠤᠭ ᠤᠨ ᠳᠠᠯ᠎ᠠ ᠲᠡᠶ ᠬᠠᠮᠳᠤ ᠮᠥᠩᠭᠡᠷᠡᠶ᠎ᠡ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1296
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁