ᠵᠢᠷᠦᠬᠡᠨ ᠳᠤ ᠵᠤᠷᠠᠢ᠌ᠭᠰᠠᠨ ᠵᠦᠷᠢᠭ᠌

ᠡᠨᠡ ᠳᠡᠯᠡᠭᠡᠢ ᠳᠤ ᠠᠩᠬ᠎ᠠ ᠢᠷᠡᠭᠦ ᠳᠤ ᠪᠠᠨ ᠪᠢ ᠠᠷᠴᠠ ᠶᠢᠨ ᠦᠨᠦᠷ ᠲᠡᠶ ᠰᠢᠩᠭᠡᠨ ᠮᠠᠨᠠᠨ ᠭᠦᠰᠢᠭᠡᠯᠡᠵᠤ ᠭᠡᠭᠡᠷ᠎ᠡ ᠶᠢᠨ ᠭᠦᠢᠯᠡᠰᠤ᠂ ᠮᠠᠩᠬᠠᠨ ᠬᠤᠰᠤ᠂ ᠬᠠᠢ᠌ᠯᠠᠰᠤᠨ ᠮᠤᠳᠤ᠂ ᠶᠠᠰᠢᠯ᠂ ᠬᠤᠯᠳᠠᠭᠤᠤᠷ᠁ ᠨᠠᠢ᠌ᠳᠠᠮ ᠢᠭᠴᠤᠷᠠᠨ᠂ ᠠᠭᠢ᠂ ᠰᠢᠷᠠᠯᠵᠢ᠂ ᠵᠡᠭᠡᠷᠭᠡᠨ᠎ᠡ᠂ ᠮᠠᠩᠭᠢᠷ᠁ ᠦᠪᠴᠢ ᠪᠦᠷᠭᠦᠭ᠍ᠰᠡᠨ ᠣᠩᠨᠢᠭᠤᠳ ᠤᠨ ᠠᠷᠴᠠᠨ ᠪᠠᠷᠭᠡ ᠶᠢᠨ ᠮᠠᠩᠬᠠᠨ ᠤ ᠵᠥᠭᠡᠯᠡᠨ ᠴᠠᠭᠠᠨ ᠰᠢᠷᠤᠢ ᠳᠡᠭᠡᠷ᠎ᠡ ᠳᠤᠰᠤᠭᠳᠠᠨ ᠭᠡᠪᠳᠡᠵᠤ ᠣᠨᠠᠵᠤ ᠪᠣᠰᠤᠨ ᠦᠰᠴᠦ ᠳᠤᠷᠨᠢᠭᠰᠠᠨ ᠶᠤᠮ᠃ ᠶᠠᠭ ᠳᠠᠢ᠌ᠮᠤ ᠡᠴᠡ ᠠᠷᠰᠢ ᠰᠠᠭᠢᠭᠤᠯᠰᠤᠨ ᠤ ᠣᠷᠤᠨ ᠰᠢᠭ ᠪᠠᠢ᠌ᠭᠰᠠᠨ ᠠᠷᠴᠠᠨ ᠪᠠᠷᠭᠡ ᠶᠢᠨ ᠣᠤᠯ ᠳᠦᠷᠭᠦ ᠡᠪᠳᠡᠭ᠍ᠳᠡᠵᠤ ᠪᠠᠢ᠌ᠭᠰᠠᠨ ᠬᠠᠷᠠᠰᠠᠯᠳᠤ ᠡᠳᠦᠷ ᠬᠤᠨᠤᠭ ᠤᠳ ᠢ ᠭᠡᠯᠭᠢᠨ ᠳᠤᠭᠠᠯᠠᠵᠤ ᠭᠡᠦᠭᠡᠤᠨ ᠪᠠᠭ᠎ᠠ ᠨᠠᠰᠤ ᠪᠠᠨ ᠳᠠᠠᠳᠠ ᠦᠨᠢ ᠡᠭᠦᠷᠢᠳᠡ ᠥᠯᠦᠭᠡᠢ᠌ᠳᠡᠵᠤ ᠥᠯᠡᠳᠡᠭᠡᠭ᠍ᠰᠡᠨ ᠶᠤᠮ ᠡ᠃ ᠳᠠᠠᠳᠠ ᠮᠢᠨᠤ ᠡᠵᠢ ᠶᠢᠨ ᠪᠠᠶ᠎ᠠ ᠡᠴᠡ ᠳᠠᠰᠤᠷᠠᠨ ᠰᠠᠯᠵᠤ ᠡᠷᠭᠢᠭᠡᠤᠨ ᠡᠭᠡ ᠳᠡᠯᠡᠭᠡᠢ ᠲᠡᠶ ᠬᠤᠯᠪᠤᠨ ᠣᠶᠠᠭᠳᠠᠭᠰᠠᠨ ᠭᠦᠢ ᠮᠢᠨᠢ ᠪᠣᠢ᠃ ᠳᠠᠠᠳᠠ ᠮᠢᠨᠤ ᠭᠦᠮᠤᠨ ᠤ ᠳᠤᠭᠠᠨ ᠳᠤ ᠪᠦᠷᠢᠦᠡᠭᠡᠭ᠍ᠳᠡᠵᠤ ᠨᠠᠷ᠎ᠠ ᠪᠠᠨ ᠳᠠᠭᠤᠳᠠᠭᠤᠯᠵᠤ ᠡᠭᠢᠯᠡᠭᠦ ᠦᠶ᠎ᠡ ᠶᠢᠨ ᠠᠩᠬ᠎ᠠ ᠭᠢᠷᠭᠠᠵᠤ ᠵᠠᠰᠠᠭᠰᠠᠨ ᠥᠷᠪᠦᠭᠡ ᠭᠡᠵᠢᠭᠡ ᠮᠢᠨᠢ ᠪᠣᠢ᠃ ᠳᠠᠠᠳᠠ ᠮᠢᠨᠤ ᠣᠬᠠᠭᠠᠨ ᠰᠠᠨᠠᠭ᠎ᠠ ᠣᠷᠭᠤᠵᠤ ᠡᠭᠢᠯᠡᠭᠦ ᠳᠤ ᠣᠨᠠᠵᠤ ᠰᠤᠯᠢᠭᠳᠠᠭᠰᠠᠨ ᠣᠭᠤᠷᠠᠭ ᠰᠦᠨ ᠤ ᠦᠨᠦᠷ ᠲᠡᠶ ᠬᠤᠷᠠᠭᠠᠨ ᠴᠠᠭᠠᠨ ᠰᠢᠳᠤ ᠮᠢᠨᠢ ᠪᠣᠢ᠃ ᠳᠠᠠᠳᠠ ᠮᠢᠨᠤ ᠠᠷᠠᠢ᠌ᠬᠠᠨ ᠭᠡᠵᠤ ᠵᠤᠭᠰᠤᠵᠤ ᠠᠯᠬᠤᠬᠤ ᠳᠤ ᠪᠠᠨ ᠭᠢᠰᠭᠢᠭ᠍ᠰᠡᠨ ᠠᠩᠬᠠᠨ ᠤ ᠭᠦᠯ ᠤᠨ ᠮᠦᠷ᠂ ᠠᠭᠢᠭᠠᠤᠨ ᠠᠯᠳᠠᠨ ᠳᠡᠯᠡᠭᠡᠢ ᠳᠤ ᠠᠩᠬ᠎ᠠ ᠣᠳᠠᠭ᠎ᠠ ᠡᠯᠢᠭᠡ ᠪᠠᠷ ᠵᠠᠨ ᠣᠢ᠌ᠴᠢᠵᠤ ᠡᠷᠭᠢᠭᠡᠤᠨ ᠪᠣᠰᠬᠤ ᠳᠤ ᠪᠠᠨ ᠡᠷᠭᠡ ᠦᠭᠡᠶ ᠳᠤᠯᠵᠤ ᠳᠦᠰᠢᠭ᠍ᠰᠡᠨ ᠠᠯᠠᠭᠠᠨ ᠤ ᠮᠢᠨᠢ ᠣᠷᠤᠮ ᠪᠣᠢ᠃ ᠳᠠᠠᠳᠠ ᠶᠠᠭᠤ ᠨᠢᠭᠡᠨ ᠳᠤ ᠭᠤᠮᠤᠳᠠᠬᠤ ᠳᠤ ᠪᠠᠨ ᠣᠭᠢᠯᠠᠭᠰᠠᠨ ᠨᠢᠯᠪᠣᠰᠤ ᠪᠠᠰᠠ ᠶᠠᠭᠤ ᠨᠢᠭᠡᠨ ᠳᠤ ᠪᠠᠶᠠᠷᠯᠠᠬᠤ ᠳᠤ ᠪᠠᠨ ᠳᠠᠭᠤᠯᠠᠭᠰᠠᠨ ᠳᠠᠭᠤᠤ ᠮᠢᠨᠢ ᠪᠣᠢ᠁

ᠠᠷᠪᠠᠨ ᠨᠠᠰᠤ ᠲᠡᠶ ᠵᠢᠯ ᠤᠨ ᠳᠠᠷᠠ ᠨᠠᠮᠤᠷ ᠤᠨ ᠠᠵᠠ ᠶᠢᠨ ᠳᠡᠭ᠍ᠷᠢ ᠴᠡᠩᠭᠡᠷᠯᠡᠭ᠍ᠰᠡᠨ ᠨᠢᠭᠡᠨ ᠡᠳᠦᠷ ᠠᠷᠴᠠ ᠶᠢᠨ ᠪᠠᠷᠭᠡ ᠶᠢᠨ ᠮᠠᠩᠬᠠᠨ ᠳ᠋ᠠᠭᠢ ᠬᠤᠶᠠᠳᠠᠭᠢ ᠣᠳᠤᠷ ᠤᠨ ᠵᠢᠭᠠᠬᠤ ᠴᠢᠭ᠂ ᠪᠠᠭᠠᠯᠢᠳᠠᠢ ᠭᠡᠳᠡᠭ᠌ ᠨᠠᠷ᠎ᠠ ᠲᠡᠶ ᠭᠠᠵᠠᠷ ᠰᠠᠭᠤᠵᠤ ᠪᠠᠢ᠌ᠭᠰᠠᠨ ᠰᠠᠮᠫᠢᠯ ᠭᠡᠳᠡᠭ᠌ ᠭᠦᠮᠤᠨ ᠤ 《ᠴᠢᠭᠢᠨ ᠭᠡᠷ》 ᠲᠤ ᠪᠠᠢ᠌ᠭᠤᠯᠤᠭᠳᠠᠭᠠᠤᠨ ᠪᠢ ᠠᠪᠣ ᠶᠢᠨ ᠶᠢᠡᠨ ᠭᠠᠷ ᠡᠴᠡ ᠨᠢ ᠪᠢᠰᠢ ᠭᠡᠳᠤᠨ ᠦᠶ᠎ᠡ ᠪᠠᠷ ᠶᠢᠡᠨ ᠪᠢᠴᠢᠭ᠌ ᠰᠤᠶᠤᠯ ᠦᠭᠡᠶ ᠶᠠᠪᠣᠵᠤ ᠢᠷᠡᠭ᠍ᠰᠡᠨ ᠳᠠᠷᠠ ᠵᠠᠮ ᠢ ᠳᠡᠭᠦᠰᠭᠡᠵᠤ ᠦᠷ᠎ᠡ ᠭᠡᠦᠭᠡᠤᠨ ᠶᠢᠡᠨ ᠵᠠᠪᠠᠯ ᠪᠢᠴᠢᠭ᠌ ᠰᠤᠶᠤᠯ ᠥᠵᠡᠭ᠍ᠰᠡᠨ ᠨᠢᠳᠤ ᠲᠡᠶ ᠭᠦᠮᠤᠨ ᠪᠣᠯᠭᠠᠨ᠎ᠠ ᠭᠡᠰᠡᠨ ᠶᠡᠭᠡ ᠭᠦᠰᠡᠯ ᠳᠤ ᠨᠢ ᠭᠦᠳᠦᠯᠦᠭ᠍ᠳᠡᠵᠤ 《ᠠᠷᠠᠤᠨ ᠤᠨ ᠰᠤᠷᠭᠠᠭᠤᠯᠢ ᠶᠢᠨ ᠠᠯᠳᠠᠨ ᠪᠣᠱᠤᠭ᠎ᠠ》 ᠵᠢ ᠠᠩᠬ᠎ᠠ ᠣᠳᠠᠭ᠎ᠠ ᠠᠯᠬᠤᠨ ᠣᠷᠤᠭᠰᠠᠨ ᠪᠢᠯᠠ᠃ ᠳᠠᠷᠠ ᠡᠳᠦᠷ ᠡᠴᠡ ᠡᠭᠢᠯᠡᠵᠤ ᠮᠠᠨ ᠤ ᠰᠠᠭᠤᠵᠤ ᠪᠠᠢ᠌ᠭᠰᠠᠨ ᠴᠤᠬᠤᠷ ᠤᠨ ᠬᠤᠳᠤᠭᠤᠷ ᠭᠡᠭᠦ ᠣᠳᠤᠷ ᠡᠴᠡ ᠪᠠᠷᠠᠭᠤᠠᠰᠢ ᠪᠠᠭᠠᠯᠢᠳᠠᠢ 《ᠪᠠᠭ᠎ᠠ ᠰᠤᠷᠭᠠᠭᠤᠯᠢ》 ᠭᠦᠷᠳᠡᠯ᠎ᠡ ᠨᠢ᠋ᠮᠠᠨ ᠭᠠᠵᠠᠷ᠂ ᠳᠠᠭᠢᠨ 《ᠪᠠᠭᠠᠯᠢᠳᠠᠢ ᠪᠠᠭ᠎ᠠ ᠰᠤᠷᠭᠠᠭᠤᠯᠢ》 ᠡᠴᠡ ᠵᠡᠭᠦᠡᠰᠢ ᠴᠤᠬᠤᠷ ᠤᠨ ᠬᠤᠳᠤᠭᠤᠷ ᠭᠦᠷᠳᠡᠯ᠎ᠡ ᠨᠢ᠋ᠮᠠᠨ ᠭᠠᠵᠠᠷ᠂ ᠠᠷᠴᠠ ᠶᠢᠨ ᠪᠠᠷᠭᠡ ᠶᠢᠨ ᠭᠡᠪᠳᠡᠭᠡ ᠪᠣᠰᠤᠭ᠎ᠠ ᠮᠠᠩᠬ᠎ᠠ ᠶᠢ ᠭᠦᠡᠳᠡᠯᠡᠨ ᠳᠤᠭᠤᠯᠤᠭᠰᠠᠨ ᠨᠠᠷᠢᠬᠠᠨ ᠵᠥᠷᠢᠭ᠌ ᠵᠤᠷᠠᠢ᠌ᠵᠤ ᠡᠭᠢᠯᠭ᠍ᠰᠡᠨ ᠶᠤᠮ᠃ ᠳᠦᠷᠪᠡᠨ ᠵᠢᠯ ᠤᠨ ᠳᠤᠷᠰᠢ ᠠᠪᠣ ᠶᠢᠨ ᠮᠢᠨᠢ ᠭᠦᠰᠡᠯ᠂ ᠮᠢᠨᠤ ᠭᠦᠯ ᠶᠢᠡᠷ ᠵᠤᠷᠠᠢ᠌ᠭᠰᠠᠨ ᠳᠠᠷᠠ ᠵᠥᠷᠢᠭ᠌ ᠨᠠᠮ᠎ᠠ ᠶᠢ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠳᠤ ᠣᠷᠤᠳᠠᠯ᠎ᠠ ᠣᠷᠤ ᠮᠦᠷ ᠨᠢ ᠳᠤᠳᠤᠷᠠᠭᠰᠠᠭᠠᠷ ᠪᠠᠢ᠌ᠭᠰᠠᠨ ᠶᠤᠮ᠃

ᠡᠨᠡ ᠵᠤᠨ ᠨᠤᠳᠤᠭ ᠲᠤ ᠪᠠᠨ ᠬᠠᠷᠢᠭᠠᠤᠨ ᠣᠭᠤᠷᠠᠭ ᠤᠨ ᠦᠨᠦᠷ ᠲᠡᠶ ᠣᠨᠠᠭᠰᠠᠨ ᠪᠠᠭᠤᠴᠠ ᠶᠢᠨ ᠰᠢᠷᠤᠢ᠂ ᠣᠬᠠᠭᠠᠨ ᠤ ᠣᠴᠢᠭ ᠪᠠᠢ᠌ᠭᠰᠠᠨ ᠳᠠᠷᠠ ᠵᠥᠷᠢᠭ᠌᠂ ᠠᠷᠰᠢ ᠶᠢᠨ ᠣᠷᠤᠨ ᠰᠢᠭ ᠪᠠᠢ᠌ᠭᠰᠠᠨ ᠠᠷᠴᠠ ᠶᠢᠨ ᠪᠠᠷᠭᠡ ᠪᠠᠨ ᠡᠷᠭᠢᠨ ᠦᠵᠡᠵᠤ ᠠᠭᠤᠰᠭᠢ ᠵᠢᠷᠦᠭᠡ ᠪᠠᠨ ᠠᠷᠢᠭᠤᠤᠠᠬᠠᠨ ᠣᠶᠤᠨ ᠪᠢᠯᠢᠭ᠌ ᠶᠢᠡᠨ ᠬᠤᠷᠴᠠᠯᠠᠬᠤ ᠰᠠᠨ ᠭᠡᠵᠤ ᠪᠣᠳᠤᠭᠰᠠᠨ ᠶᠤᠮ᠃ ᠬᠠᠷᠠᠮᠰᠠᠯᠳᠠᠢ᠁

ᠠᠷᠴᠠ ᠶᠢᠨ ᠪᠠᠷᠭᠡ ᠮᠢᠨᠢ ᠶᠤᠰᠤᠳᠠᠢ ᠮᠠᠩᠬ᠎ᠠ ᠪᠣᠯᠵᠠᠢ᠃ ᠭᠦᠪᠠᠭᠡᠨ ᠡᠴᠡ ᠪᠠᠨ ᠲᠦᠪ ᠲᠤ ᠪᠠᠨ ᠭᠦᠷᠳᠡᠯ᠎ᠡ᠂ ᠲᠦᠪ ᠡᠴᠡ ᠪᠠᠨ ᠭᠦᠪᠠᠭᠡᠨ ᠳᠤ ᠪᠠᠨ ᠭᠦᠷᠳᠡᠯ᠎ᠡ ᠨᠢᠴᠦᠭᠦᠨ ᠴᠠᠭᠠᠨ ᠮᠠᠩᠬ᠎ᠠ ᠪᠣᠯᠪᠠ᠃ ᠡᠷᠭᠢ ᠳᠠᠯᠠᠩ ᠶᠢᠡᠷ ᠣᠨᠠᠵᠤ ᠬᠠᠳᠠᠭᠰᠠᠨ᠂ ᠡ᠊ᠨᠳᠡ ᠳᠠᠠᠳᠠ ᠣᠳᠠᠰᠤᠨ ᠠᠮᠢ ᠲᠡᠶ ᠯᠠ ᠪᠠᠢ᠌ᠭ᠎ᠠ ᠭᠡᠳᠦᠭᠡᠨ ᠬᠠᠢ᠌ᠯᠠᠰᠤᠨ ᠮᠤᠳᠤ ᠳᠠᠮᠤ ᠶᠢᠨ ᠵᠠᠮ ᠳᠤ ᠳᠠᠭᠠᠷᠠᠯᠳᠤᠭᠰᠠᠨ ᠣᠨᠠᠨ ᠮᠥᠷᠭᠦᠯᠴᠢᠳ ᠪᠣᠶᠤ ᠵᠤᠭᠰᠤᠭ᠎ᠠ ᠪᠠᠷ ᠶᠢᠡᠨ ᠵᠠᠯᠪᠢᠷᠠᠨ ᠪᠠᠢ᠌ᠭ᠎ᠠ ᠶᠠᠳᠠᠭᠰᠠᠨ ᠴᠥᠭᠦᠭ᠍ᠰᠡᠨ ᠶᠠᠩᠵᠤ ᠶᠢᠨ ᠰᠥᠰᠦᠭ᠍ᠳᠡᠳ ᠰᠢᠭ᠌ ᠪᠣᠯᠤᠭᠠᠤᠨ ᠪᠠᠢ᠌ᠪᠠ᠃ ᠮᠠᠩᠬᠠᠨ ᠣᠷᠤᠢ ᠶᠢ ᠳᠦᠭᠦᠷᠳᠡᠯ᠎ᠡ ᠰᠠᠭᠤᠴᠢᠬᠠᠳᠠᠭ ᠪᠠᠢ᠌ᠭᠰᠠᠨ ᠡᠯᠢᠶ᠎ᠡ ᠰᠢᠪᠠᠭᠤ ᠨᠢᠭᠡ ᠴᠤ ᠪᠠᠢ᠌ᠬᠤ ᠦᠭᠡᠶ᠂ ᠡᠪᠦᠳᠦᠭ᠌ ᠳᠤᠤᠷ᠎ᠠ ᠡᠴᠡ ᠪᠣᠰᠴᠤ ᠳᠠᠶᠠᠭ ᠶᠢᠡᠷ ᠰᠠᠪᠠᠴᠢᠬᠠᠳᠠᠭ ᠪᠠᠢ᠌ᠭᠰᠠᠨ ᠥᠨᠡᠭᠡ ᠳᠠᠤᠯᠠᠢ ᠨᠢᠭᠡ ᠴᠤ ᠪᠠᠢ᠌ᠬᠤ ᠦᠭᠡᠶ᠂ ᠰᠥᠷᠦᠭ᠌ ᠮᠠᠯ ᠣᠷᠤᠭᠠᠤᠨ ᠬᠠᠷᠠᠭᠳᠠᠳᠠᠭ ᠦᠭᠡᠶ ᠭᠦᠯᠢᠶᠡᠯᠭᠡᠳᠡᠭ᠌ ᠪᠠᠢ᠌ᠭᠰᠠᠨ ᠪᠣᠷᠤ ᠪᠣᠷᠭᠠᠰᠤ ᠪᠣᠳᠠ ᠰᠥᠭᠡᠭ᠌ ᠨᠢᠭᠡ ᠴᠤ ᠪᠠᠢ᠌ᠬᠤ ᠦᠭᠡᠶ᠂ ᠵᠢᠯ ᠤᠨ ᠳᠦᠷᠪᠡᠨ ᠣᠯᠠᠷᠢᠯ ᠳᠤ ᠭᠦᠭᠡᠷᠡᠵᠤ ᠨᠤᠭᠤᠭᠠᠷᠠᠭᠠᠤᠨ ᠪᠠᠢ᠌ᠳᠠᠭ ᠠᠷᠴᠠ ᠵᠡᠭᠡᠷᠭᠡᠨ᠎ᠡ ᠪᠠᠢ᠌ᠳᠤᠭᠠᠢ ᠠᠮᠢ ᠪᠦᠭᠡ ᠲᠡᠶ ᠠᠭᠢ ᠰᠢᠷᠠᠯᠵᠢ᠂ ᠬᠠᠷᠭᠠᠨ᠎ᠠ ᠶᠢᠨ ᠪᠣᠳᠠ ᠭᠦᠷᠳᠡᠯ᠎ᠡ ᠬᠠᠮᠢᠭ᠎ᠠ ᠶᠠᠪᠣᠴᠢᠬᠠᠪᠠ ᠭᠡᠮᠡᠷ ᠬᠠᠷᠠᠭᠳᠠᠵᠤ ᠰᠠᠨᠠᠭᠳᠠᠮᠠᠷ ᠶᠠᠭᠤᠮ᠎ᠠ ᠣᠷᠤ ᠳᠠᠰᠤ ᠥᠭᠡᠢ ᠪᠣᠯᠵᠠᠢ᠃ ᠨᠢᠯᠬ᠎ᠠ ᠶᠢᠨ ᠳᠠᠭᠤᠤ ᠪᠠᠨ ᠬᠠᠳᠠᠵᠤ ᠨᠠᠰᠤ ᠣᠬᠠᠭᠠᠨ ᠢ ᠮᠢᠨᠢ ᠢᠪᠡᠭᠡᠭ᠍ᠰᠡᠨ ᠣᠨᠠᠭᠰᠠᠨ ᠪᠠᠭᠤᠴᠠ ᠶᠢᠨ ᠣᠷᠤᠮ ᠣᠬᠤᠵᠤ ᠪᠠᠢ᠌ᠭ᠎ᠠ ᠪᠣᠯᠠᠭᠠᠤᠨ ᠬᠠᠶᠠᠴᠢᠬᠠᠭᠰᠠᠨ ᠴᠤ ᠶᠤᠮ ᠦᠦ ᠭᠡᠮᠡᠷ ᠣᠷᠤ ᠳᠠᠰᠤ ᠪᠠᠯᠠᠷᠠᠵᠠᠢ᠃ ᠠᠪᠣ ᠶᠢᠨ ᠮᠢᠨᠢ ᠭᠦᠰᠡᠯ ᠲᠡᠶ ᠵᠠᠯᠭᠠᠵᠤ ᠠᠭᠢᠭᠠᠤᠨ ᠠᠯᠳᠠᠨ ᠳᠡᠯᠡᠭᠡᠢ ᠶᠢᠨ ᠠᠭᠤᠵᠢᠮ ᠵᠠᠢ ᠳᠤ ᠠᠯᠬᠤᠨ ᠭᠠᠷᠬᠤ ᠶᠢᠨ ᠠᠩᠬᠠᠨ ᠤ ᠪᠣᠱᠤᠭ᠎ᠠ᠂ ᠠᠶᠠᠨ ᠤ ᠳᠦᠷᠦᠭᠡ ᠪᠣᠯᠤᠭᠰᠠᠨ ᠳᠠᠷᠠ ᠨᠠᠷᠢᠬᠠᠨ ᠵᠥᠷᠢᠭ᠌ ᠢ ᠮᠢᠨᠢ ᠬᠤᠰᠤᠭᠠᠤᠨ ᠠᠪᠣᠭᠠᠤᠨ ᠶᠠᠪᠣᠴᠢᠬᠠᠭᠰᠠᠨ ᠶᠤᠮ ᠦᠦ᠂ ᠬᠤᠴᠢᠭᠠᠤᠨ ᠳᠠᠷᠤᠭᠠᠤᠨ ᠬᠠᠶᠠᠴᠢᠭᠭᠰᠠᠨ ᠶᠤᠮ ᠦᠦ ᠪᠣᠤ ᠮᠠᠳᠠ᠃ ᠬᠠᠮᠢᠭᠠᠭᠤᠷ ᠪᠠᠢ᠌ᠪᠠ ᠭᠡᠳᠡᠭ᠌ ᠢ ᠨᠢ ᠴᠤ ᠬᠠᠷᠠᠭ᠎ᠠ ᠨᠢᠳᠤ ᠪᠠᠷ ᠪᠠᠷᠤᠭᠯᠠᠵᠤ ᠳᠤᠳᠤᠯᠠᠬᠤ ᠶᠢᠨ ᠠᠷᠭ᠎ᠠ ᠳᠠᠭ ᠦᠭᠡᠶ ᠪᠣᠯᠵᠠᠢ᠁

ᠮᠥᠷᠭᠦᠵᠤ ᠰᠥᠭᠦᠦᠡᠴᠤ ᠪᠠᠢ᠌ᠮᠠᠷ ᠣᠨᠠᠵᠤ ᠣᠩᠭ᠋ᠤᠯᠢᠭᠠᠤᠨ ᠬᠠᠳᠠᠵᠤ ᠬᠤᠪᠠᠬᠠᠢ᠌ᠷᠠᠵᠤ ᠪᠠᠢ᠌ᠭ᠎ᠠ ᠬᠠᠢ᠌ᠯᠠᠰᠤᠨ ᠮᠤᠳᠤ ᠶᠢ ᠳᠡᠮᠳᠡᠷᠢᠭᠦ ᠳᠤ ᠬᠤᠶᠠᠷ ᠨᠢᠳᠤᠨ ᠡᠴᠡ ᠬᠠᠯᠠᠭᠤᠨ ᠨᠢᠯᠪᠣᠰᠤ ᠦᠪᠡᠷ ᠤᠨ ᠡᠷᠭᠡ ᠦᠭᠡᠶ ᠣᠷᠤᠰᠤᠨ ᠪᠠᠭᠤᠨ᠎ᠠ᠃ ᠬᠠᠷᠠᠮᠰᠠᠯᠳᠠᠢ ᠨᠢ ᠭᠠᠭᠴᠠ ᠮᠢᠨᠤ ᠨᠢᠯᠪᠣᠰᠤ ᠨᠢᠭᠡ ᠰᠢᠷᠭᠡᠭ᠌ ᠡᠪᠠᠰᠤ ᠶᠢ ᠨᠢ ᠴᠤ ᠣᠮᠳᠠᠯᠠᠵᠤ ᠡᠳᠡᠭᠡᠭᠡᠵᠤ ᠳᠡᠢ᠌ᠯᠭᠦ ᠦᠭᠡᠶ︕ ᠬᠠᠷᠠᠮᠰᠠᠯᠳᠠᠢ ᠨᠢ ᠭᠠᠭᠴᠠ ᠮᠢᠨᠤ ᠭᠠᠷ ᠨᠢᠭᠡ ᠭᠦᠷᠵᠡᠨ ᠤ ᠰᠢᠷᠬ᠎ᠠ ᠶᠢ ᠨᠢ ᠴᠤ ᠢᠯᠢᠵᠤ ᠠᠨᠠᠭᠠᠵᠤ ᠴᠢᠳᠠᠬᠤ ᠦᠭᠡᠶ︕

ᠪᠢ ᠮᠠᠠᠳᠤ ᠶᠢᠨ ᠣᠷᠤᠢ ᠳᠡᠭᠡᠷ᠎ᠡ ᠭᠠᠷᠴᠤ ᠠᠮᠠᠷᠠᠪᠠ᠃ ᠨᠠᠮ᠎ᠠ ᠶᠢ ᠪᠠᠭ᠎ᠠ ᠳᠤ ᠬᠤᠯᠠ ᠣᠢ᠌ᠷ᠎ᠠ ᠶᠢᠨ ᠮᠠᠯᠴᠢᠳ ᠥᠷᠭᠦᠯᠵᠢ ᠡ᠊ᠨᠳᠡ ᠳᠠᠪᠣ ᠭᠤᠷᠪᠠ ᠪᠠᠷ ᠨᠠᠢ᠌ᠯᠠᠵᠤ ᠰᠠᠭᠤᠭᠠᠤᠨ ᠨᠠᠪᠴᠢᠨ ᠳᠠᠮᠠᠭᠢ ᠪᠠᠨ ᠳᠠᠳᠠᠨ ᠵᠤᠭᠤᠭ ᠳᠡᠯᠭᠡᠵᠤ ᠪᠠᠢ᠌ᠳᠠᠭ ᠠᠷᠴᠠᠨ ᠪᠠᠷᠭᠡ ᠶᠢᠨ ᠬᠠᠮᠤᠭ ᠦᠨᠳᠦᠷ ᠮᠠᠩᠬ᠎ᠠ ᠪᠠᠢ᠌ᠭᠰᠠᠨ ᠶᠤᠮ᠃ ᠮᠠᠯᠴᠢᠳ ᠡ᠊ᠨᠳᠡ ᠠᠭᠤᠯᠵᠠᠵᠤ ᠠᠮᠤᠷ ᠮᠠᠠᠳᠤ ᠪᠠᠨ ᠠᠰᠠᠭᠤᠯᠴᠠᠨ ᠠᠳᠤᠭᠤ ᠮᠠᠯ ᠶᠢᠡᠨ ᠰᠤᠷᠠᠭᠯᠠᠵᠤ ᠠᠯᠤᠰ ᠣᠢ᠌ᠷ᠎ᠠ ᠶᠢᠨ ᠰᠤᠷᠠᠭ ᠰᠤᠯᠢᠯᠴᠠᠳᠠᠭ ᠪᠠᠢ᠌ᠭᠰᠠᠨ ᠡᠴᠡ 《ᠮᠠᠠᠳᠤ ᠶᠢᠨ ᠣᠷᠤᠢ》 ᠭᠡᠰᠡᠨ ᠨᠠᠷ᠎ᠠ ᠲᠡᠶ ᠪᠣᠯᠤᠭᠰᠠᠨ ᠪᠠᠢ᠌ᠬᠤ ᠳ᠋ᠠ︕ ᠭᠡᠳᠡᠯ᠎ᠡ ᠳᠠᠷᠠ ᠡᠳᠦᠷ ᠡ᠊ᠨᠳᠡ ᠨᠠᠮ᠎ᠠ ᠡᠴᠡ ᠮᠠᠠᠳᠤ ᠠᠰᠠᠭᠤᠭᠰᠠᠨ ᠭᠦᠮᠤᠨ ᠪᠠᠢ᠌ᠬᠤ ᠦᠭᠡᠶ᠂ ᠨᠠᠮ᠎ᠠ ᠳᠤ ᠴᠤ ᠮᠠᠠᠳᠤ ᠠᠰᠠᠭᠤᠬᠤ ᠭᠦᠮᠤᠨ ᠳᠠᠭᠠᠷᠠᠭᠰᠠᠨ ᠦᠭᠡᠶ᠃ ᠪᠢ ᠠᠳᠤᠭᠤ ᠮᠠᠯ ᠶᠢᠡᠨ ᠠᠯᠳᠠᠭᠰᠠᠨ ᠡᠷᠢᠯᠴᠢᠨ ᠰᠤᠷᠠᠯᠴᠢᠨ ᠭᠦᠮᠤᠨ ᠰᠢᠭ᠌ ᠳᠦᠷᠪᠡᠨ ᠵᠥᠭ᠌ ᠨᠢ᠋ᠮᠠᠨ ᠵᠤᠪᠭᠢᠰ ᠲᠤ ᠦᠯᠦᠨ ᠨᠢᠳᠤ ᠪᠠᠯᠴᠢᠭᠡᠨ ᠰᠠᠭᠤᠬᠤ ᠳᠤ ᠠᠷᠴᠠ ᠶᠢᠨ ᠪᠠᠷᠭᠡ ᠮᠢᠨᠢ 《ᠮᠠᠩᠬ᠎ᠠ》 ᠯᠠ ᠭᠡᠰᠡᠨ ᠭᠠᠭᠴᠠ ᠥᠭᠡ ᠪᠣᠯᠵᠤ᠂ ᠳᠡᠭᠦᠨ ᠡᠴᠡ ᠴᠠᠭᠠᠰᠢᠭᠢ ᠠᠭᠤᠳᠠᠮ ᠳᠡᠨᠢᠭᠡᠷ ᠮᠤᠩᠭ᠋ᠤᠯ ᠨᠤᠳᠤᠭ ᠮᠢᠨᠢ ᠪᠠᠷ᠎ᠠ ᠨᠢ ᠶᠠᠷᠤ ᠬᠠᠷᠠᠭᠳᠠᠭᠰᠠ ᠦᠭᠡᠶ᠃ ᠭᠦᠭᠡ ᠳᠡᠭ᠍ᠷᠢ ᠶᠢᠨ ᠳᠠᠩᠨᠠᠢ ᠳᠤ ᠬᠠᠭᠤᠴᠢᠨ ᠢᠰᠡᠭᠡᠢ ᠶᠢᠨ ᠳᠠᠰᠤᠷᠬᠠᠢ ᠰᠢᠭ ᠡᠰᠡᠭᠦᠯ᠎ᠡ ᠭᠦᠳᠦᠰᠤ ᠥᠭᠡᠳᠡᠰᠤ ᠴᠤ ᠭᠡᠮᠡᠷ ᠭᠡᠰᠡᠭ᠌ ᠭᠡᠰᠡᠭ᠌ ᠡᠭᠦᠯᠡ ᠭᠡᠷᠡᠭ᠌ ᠡᠴᠡ ᠭᠠᠷᠤᠭᠰᠠᠨ ᠪᠠᠢ᠌ᠷᠢ ᠲᠡᠶ ᠭᠡᠨᠡᠭ᠌ ᠴᠤ ᠦᠭᠡᠶ ᠨᠡᠭᠦᠨ᠎ᠡ᠃ ᠳᠡᠭ᠍ᠷᠢ ᠠᠪᠣ ᠣᠯᠠᠮ ᠯᠠ ᠠᠪᠣ ᠪᠣᠯᠴᠢᠬᠠᠭᠰᠠᠨ ᠴᠢᠷᠠᠢ ᠲᠡᠶ ᠲᠦᠩᠰᠣᠢ᠌ᠨ ᠵᠤᠢᠯᠴᠢ᠌ᠨ᠎ᠡ᠃

《ᠮᠠᠠᠳᠤ ᠨᠢ ᠦᠭᠡᠶ》 ᠮᠠᠠᠳᠤ ᠶᠢᠨ ᠣᠷᠤᠢ ᠳᠡᠭᠡᠷ᠎ᠡ ᠭᠠᠭᠴᠠᠭᠠᠷ ᠭᠠᠷᠴᠤ ᠰᠠᠭᠤᠬᠤ ᠳᠤ ᠭᠡᠨᠡᠳᠲᠡ ᠮᠢᠨᠤ ᠳᠠᠷᠢᠭᠢᠨ ᠳᠤ 《ᠪᠢ ᠴᠢᠨᠢ ᠡᠨᠡ ᠨᠤᠳᠤᠭ ᠤᠨ ᠡᠵᠡᠨ ᠨᠢ ᠶᠤᠮ ᠦᠦ︖ ᠵᠤᠴᠢᠨ ᠨᠢ ᠶᠤᠮ ᠦᠦ︖》 ᠭᠡᠰᠡᠨ ᠠᠰᠠᠭᠤᠯᠳᠠ ᠬᠠᠷᠪᠤᠨ ᠣᠴᠢᠯᠠᠪᠠ᠃ ᠡᠨᠡ ᠭᠦ ᠭᠡᠨᠡᠳᠲᠡ ᠶᠢᠨ ᠠᠰᠠᠭᠤᠯᠳᠠ ᠨᠢ ᠨᠠᠮ᠎ᠠ ᠶᠢ ᠳᠠᠭᠢᠭᠠᠤᠨ ᠠᠩᠬᠠᠨ ᠤ ᠳᠠᠷᠠ ᠭᠦ 《ᠠᠪᠣ ᠶᠢᠨ ᠮᠢᠨᠢ ᠭᠦᠰᠡᠯ ᠲᠡᠶ ᠵᠠᠯᠭᠠᠵᠤ ᠠᠭᠢᠭᠠᠤᠨ ᠠᠯᠳᠠᠨ ᠳᠡᠯᠡᠭᠡᠢ ᠶᠢᠨ ᠠᠭᠤᠵᠢᠮ ᠵᠠᠢ ᠳᠤ ᠠᠯᠬᠤᠨ ᠭᠠᠷᠬᠤ ᠶᠢᠨ ᠠᠩᠬᠠᠨ ᠤ ᠪᠣᠱᠤᠭ᠎ᠠ᠂ ᠠᠶᠠᠨ ᠤ ᠳᠦᠷᠦᠭᠡ ᠪᠣᠯᠤᠭᠰᠠᠨ》 ᠳᠠᠷᠠ ᠨᠠᠷᠢᠬᠠᠨ ᠵᠥᠷᠢᠭ᠌ ᠢ ᠰᠠᠨᠠᠭᠠᠨ ᠳᠤ ᠣᠷᠤᠭᠤᠯᠤᠯ᠎ᠠ᠃ ᠪᠢ ᠳᠠᠭᠢᠭᠠᠤᠨ ᠠᠷᠴᠠ ᠶᠢᠨ ᠪᠠᠷᠭᠡ ᠶᠢᠨ ᠮᠠᠩᠬ᠎ᠠ ᠪᠠᠨ ᠣᠮᠠᠷᠠᠰᠢ ᠠᠵᠢᠭᠯᠠᠯ᠎ᠠ᠃ ᠳᠠᠷᠠ ᠨᠠᠷᠢᠬᠠᠨ ᠵᠥᠷᠢᠭ᠌ ᠬᠠᠮᠢᠭᠠᠭᠤᠷ ᠪᠠᠢ᠌ᠭᠰᠠᠨ ᠢ ᠡᠷᠢᠯ᠎ᠡ᠁ ᠡᠴᠦᠰ ᠲᠤ ᠪᠠᠨ ᠪᠢ ᠡᠷᠢᠭᠡᠤᠨ ᠣᠯᠤᠯ᠎ᠠ᠂ ᠳᠠᠷᠠ ᠨᠠᠷᠢᠬᠠᠨ ᠵᠥᠷᠢᠭ᠌ ᠠᠷᠴᠠ ᠶᠢᠨ ᠪᠠᠷᠭᠡ ᠶᠢᠨ ᠮᠠᠩᠬᠠᠨ ᠳᠤ ᠨᠢᠭᠡ᠊ᠨᠳᠡ ᠣᠷᠤ ᠦᠭᠡᠶ ᠪᠠᠯᠠᠷᠠᠭᠰᠠᠨ ᠪᠣᠯᠪᠠᠴᠤ ᠮᠢᠨᠤ ᠵᠢᠷᠦᠭᠡᠨ ᠡᠴᠡ ᠪᠠᠯᠠᠷᠠᠭ᠎ᠠ ᠦᠭᠡᠶ᠃ ᠪᠢ ᠶᠠᠭ ᠳᠠᠷᠠ ᠨᠠᠷᠢᠬᠠᠨ ᠵᠥᠷᠢᠭ᠌ ᠶᠢᠡᠷ ᠣᠷᠠᠨ ᠵᠤᠬᠢᠶᠠᠯ ᠤᠨ ᠠᠭᠤᠳᠠᠮ ᠬᠠᠷᠭᠤᠢ ᠶᠢ ᠡᠯᠭᠦᠵᠤ ᠡᠭᠢᠯᠡᠭ᠍ᠡᠤᠨ ᠣᠷᠠᠯᠢᠭ ᠤᠨ ᠰᠠᠭᠢᠭᠤᠰᠤ ᠶᠠᠩᠵᠢᠠᠯᡁᠠᠮᠤ ᠪᠣᠷᠬᠠᠨ ᠤ ᠠᠳᠢᠰ ᠢ ᠭᠦᠷᠳᠡᠭ᠍ᠰᠡᠨ ᠶᠤᠮ᠃ ᠪᠢ ᠶᠠᠭ ᠳᠠᠷᠠ ᠨᠠᠷᠢᠬᠠᠨ ᠵᠥᠷᠢᠭ᠌ ᠶᠢᠡᠷ ᠡᠷᠳᠡᠮ ᠰᠢᠯᠵᠢᠯᠡᠭᠡᠨ ᠤ ᠡᠴᠢᠨ᠎ᠡ ᠳᠠᠯᠳᠠ ᠶ‍ᠢᠷᠳᠢᠠᠴᠤ ᠳᠤ ᠭᠦᠷᠴᠤ ᠡᠷᠢᠶ᠎ᠡ ᠴᠡᠭᠡᠷ ᠦᠭᠡᠶ ᠴᠣᠢ᠌ᠷ᠎ᠠ ᠬᠠᠶᠠᠯᠴᠠᠵᠤ ᠴᠢᠳᠠᠭᠰᠠᠨ ᠶᠤᠮ᠃

ᠪᠢ ᠡᠨᠡ ᠡᠳᠦᠷ ᠮᠢᠨᠤ ᠵᠢᠷᠦᠭᠡᠨ ᠳᠤ ᠵᠤᠷᠠᠢ᠌ᠨ ᠮᠥᠩᠭᠡᠷᠡᠭ᠍ᠰᠡᠨ ᠳᠠᠷᠠ ᠨᠠᠷᠢᠬᠠᠨ ᠵᠥᠷᠢᠭ᠌ ᠶᠢᠡᠷ ᠶᠢᠡᠨ ᠪᠣᠴᠠᠨ ᠢᠷᠡᠭ᠍ᠰᠡᠨ ᠪᠦᠭᠡᠤᠨ ᠬᠣᠢ᠌ᠰᠢᠳᠠ ᠮᠦᠨ ᠯᠠ ᠡᠨᠡ ᠨᠠᠷᠢᠬᠠᠨ ᠵᠥᠷᠢᠭ᠌ ᠶᠢᠡᠷ ᠶᠢᠡᠨ ᠠᠯᠤᠰ ᠢ ᠵᠤᠷᠢᠨ ᠭᠦᠷᠴᠤ ᠳᠠᠭᠢᠭᠠᠤᠨ ᠭᠦᠷᠦᠭ᠍ᠰᠡᠨ ᠭᠠᠵᠠᠷ ᠡᠴᠡ ᠪᠠᠨ ᠮᠦᠨ ᠯᠠ ᠡᠨᠡ ᠨᠠᠷᠢᠬᠠᠨ ᠵᠥᠷᠢᠭ᠌ ᠶᠢᠡᠷ ᠶᠢᠡᠨ ᠪᠣᠴᠠᠨ ᠢᠷᠡᠭᠦ ᠪᠣᠯᠤᠨ᠎ᠠ᠃

ᠪᠢ ᠳᠠᠷᠠ ᠡᠳᠦᠷ ᠮᠠᠠᠳᠤ ᠶᠢᠨ ᠣᠷᠤᠢ ᠳᠡᠭᠡᠷ᠎ᠡ ᠡᠴᠡ ᠭᠡᠳᠦᠢ ᠳᠤ ᠪᠠᠭᠤᠵᠤ ᠭᠡᠳᠦᠢ ᠳᠤ ᠬᠠᠷᠢᠭᠰᠠᠨ ᠶᠢᠡᠨ ᠮᠡᠳᠡᠭ᠍ᠰᠡᠨ ᠦᠭᠡᠶ᠃ ᠬᠠᠷᠢᠨ ᠳᠠᠷᠠ ᠡᠳᠦᠷ ᠡᠴᠡ ᠬᠣᠢ᠌ᠰᠢ ᠪᠢ ᠣᠳᠤ ᠪᠣᠯᠳᠠᠯ᠎ᠠ ᠵᠢᠷᠦᠭᠡᠨ ᠳᠤ ᠵᠤᠷᠠᠢ᠌ᠭᠰᠠᠭᠠᠷ ᠪᠠᠢ᠌ᠭ᠎ᠠ ᠳᠠᠷᠠ ᠨᠠᠷᠢᠬᠠᠨ ᠵᠥᠷᠢᠭ᠌ ᠶᠢᠡᠷ ᠶᠢᠡᠨ ᠠᠷᠴᠠᠨ ᠪᠠᠷᠭᠡ ᠶᠢᠨ ᠮᠠᠩᠬᠠᠨ ᠳᠤ ᠪᠠᠨ ᠳᠤᠭᠠᠯᠠᠰᠢ ᠦᠭᠡᠶ ᠣᠯᠠᠨ ᠣᠳᠠᠭ᠎ᠠ ᠪᠣᠴᠠᠳᠠᠭ ᠪᠣᠯᠤᠭᠰᠠᠨ ᠶᠤᠮ᠃

ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ᠂ ᠣᠩᠨᠢᠭᠤᠳ


ᠵᠤᠬᠢᠶᠠᠭᠴᠢ᠄ ᠬᠦᠬᠡᠪᠢᠷ
ᠬᠠᠷᠢᠶ᠎ᠠ᠄ ᠨᠠᠢᠷᠠᠭᠤᠯᠤᠯ
ᠳᠠᠷᠤᠮ᠄ 3663
ᠴᠠᠭ᠄ 2009 ᠤᠨ ᠤ 12 ᠰᠠᠷ᠎ᠠ ᠶᠢᠨ 25