ᠤᠯᠪᠤᠭ

ᠨᠢᠭᠡ

ᠭᠦᠮᠤᠨ ᠠᠮᠢᠳᠠᠨ ᠤ ᠬᠠᠷᠠᠭᠠᠨ ᠳᠤ ᠠᠷᠠᠢ ᠪᠠᠭᠤᠮ᠎ᠠ ᠦᠭᠡᠶ ᠰᠢᠨᠡᠭᠡᠨ ᠪᠠᠢ᠌ᠭᠤᠯᠵᠤ ᠪᠠᠢ᠌ᠭ᠎ᠠ ᠵᠢᠵᠢᠭ᠍‍ᠭᠡᠨ ᠪᠠᠯᠭᠠᠰᠤ ᠶᠢᠨ ᠪᠠᠷᠠᠭᠤᠨ ᠬᠣᠢ᠌ᠳᠤ ᠳᠠᠯ᠎ᠠ ᠶᠢᠨ ᠥᠡᠳᠦᠷᠭᠡᠨ ᠰᠢᠭ᠌ ᠭᠠᠵᠠᠷ ᠪᠠᠢ᠌ᠷᠢ ᠪᠠᠨ ᠣᠯᠵᠤ ᠰᠡᠭᠦᠢ᠌ᠨ ᠪᠣᠰᠤᠭᠰᠠᠨ ᠳᠠᠷᠠ ᠭᠡᠳᠤᠨ ᠰᠤᠷᠭᠠᠭᠤᠯᠢ ᠶᠢᠨ ᠠᠰᠠᠷ ᠢ ᠳᠡᠭᠦᠨ ᠡᠴᠡ ᠨᠠᠩ ᠦᠨᠳᠦᠷ ᠰᠢᠭ᠌ ᠭᠠᠵᠠᠷ ᠲᠤ ᠭᠠᠷᠤᠭᠠᠤᠨ ᠠᠵᠢᠭᠯᠠᠪᠠᠯ ᠶᠠᠭ ᠯᠠ ᠪᠠᠢ᠌ᠴᠠᠭᠠᠯᠳᠠ ᠶᠢᠨ ᠠᠯᠪᠠ ᠪᠠᠨ ᠭᠦᠢᠴᠤᠨᠭᠡᠵᠤ ᠶᠠᠪᠣᠭ᠎ᠠ ᠳᠠᠷᠤᠭ᠎ᠠ ᠭᠦᠮᠤᠨ ᠰᠢᠭ᠌ ᠬᠠᠩᠬᠠᠭᠠᠷ ᠬᠠᠷᠠᠭᠳᠠᠨ᠎ᠠ᠃

ᠬᠤᠶᠠᠷ

ᠭᠢᠴᠢᠶᠡᠯᠯᠡᠭᠡ ᠶᠢᠨ ᠬᠤᠡᠭᠬ᠎ᠠ ᠡᠨᠡᠭᠦ ᠭᠦᠮᠤᠨ ᠠᠮᠢᠳᠠᠨ ᠶᠢᠡᠷ ᠴᠥᠭᠡᠨ ᠵᠢᠵᠢᠭ᠌ ᠪᠠᠯᠭᠠᠰᠤ ᠶᠢ ᠴᠠᠴᠠᠷᠠᠨ ᠳᠠᠭᠵᠢᠳᠠᠯ᠎ᠠ ᠵᠢᠩᠭᠢᠨᠠᠪᠠ᠃ ᠡᠨᠡ ᠡᠳᠦᠷ ᠤᠨ ᠬᠤᠡᠭᠬ᠎ᠠ ᠶᠠᠭ ᠯᠠ ᠬᠤᠳᠠᠴᠢ ᠨᠤᠬᠠᠢ ᠬᠤᠯᠠ ᠶᠢᠨ ᠵᠤᠴᠢᠨ ᠳᠤ ᠪᠣᠤᠷᠠᠵᠤ ᠪᠠᠢ᠌ᠭ᠎ᠠ ᠰᠢᠭ᠂ ᠶᠠᠭ ᠯᠠ ᠬᠤᠳᠠ ᠶᠢᠨ ᠳᠠᠷᠤᠭ᠎ᠠ ᠪᠠᠨ ᠣᠭᠳᠤᠵᠤ ᠪᠠᠢ᠌ᠭ᠎ᠠ ᠰᠤᠮᠤᠨ ᠤ ᠱᠦᠵᠢ ᠰᠢᠭ᠌ ᠣᠤᠯ ᠤᠨ ᠬᠢ ᠡᠴᠡ ᠪᠠᠨ ᠨᠠᠩ ᠭᠦᠴᠦᠳᠡᠢ ᠮᠥᠷᠳᠡᠭᠡᠨ ᠵᠢᠭ᠍ᠳᠡᠢ᠌ᠭᠡᠨ ᠵᠢᠩᠭᠢᠨᠡᠭ᠍ᠰᠡᠨ ᠢ ᠶᠠᠭᠠᠭᠢᠬᠤᠪ ᠁

ᠭᠤᠷᠪᠠ

ᠭᠢᠴᠢᠶᠠᠯ ᠤᠨ ᠭᠡᠷ ᠲᠤ ᠰᠤᠷᠤᠭᠴᠢᠤᠨ ᠤᠨ《ᠪᠠᠭᠰᠢ ᠰᠠᠢ᠌ᠨ ︕》ᠭᠡᠭᠦ ᠮᠠᠠᠳᠤ ᠶᠢᠨ ᠠᠶᠠᠯᠭᠤ ᠲᠡᠶ ᠮᠠᠷᠭᠠᠰᠢ ᠪᠠᠨ ᠵᠥᠩᠨᠡᠭ᠍ᠰᠡᠨ ᠢᠷᠠᠭᠤ ᠰᠠᠢ᠌ᠬᠠᠨ ᠴᠤᠭ ᠵᠢᠪᠬᠤᠭᠠᠳᠤ ᠮᠡᠡᠳᠦᠴᠢᠯᠡᠭᠡ ᠳᠤ ᠰᠠᠶ‍ᠢ ᠶᠢᠨ ᠰᠤᠨᠤᠰᠪᠣᠷᠢ ᠮᠠᠭᠤᠳᠠᠢ᠌ᠬᠠᠨ ᠵᠢᠩᠭᠢᠨᠡᠭ᠍ᠰᠡᠨ ᠬᠤᠩᠬᠤᠨ ᠤ ᠦᠯᠠᠳᠠᠪᠣᠷᠢ ᠴᠤᠤᠷᠢᠶ᠎ᠠ ᠣᠷᠤ ᠮᠦᠷ ᠦᠭᠡᠶ ᠣᠭᠢᠶᠠᠭᠳᠠᠨ ᠠᠷᠢᠯᠪᠠ᠃ ᠭᠢᠴᠢᠶᠠᠯ ᠤᠨ ᠳᠢᠩᠭᠢᠮ ᠣᠠᠴᠠᠭᠠᠢ ᠰᠠᠷᠠᠭᠤᠯ ᠳᠤᠩᠭ᠋ᠠᠯᠠᠭ ᠁

ᠪᠠᠷᠠᠭᠤᠨ ᠭᠡᠷᠡᠮ ᠳᠤ ᠡᠯᠭᠦᠭᠡᠰᠦᠳᠡᠢ ᠨᠤᠭᠤᠭᠠᠨ ᠥᠩᠭᠡᠳᠤ ᠰᠠᠮᠪᠠᠷ᠎ᠠ ᠶᠢᠨ ᠭᠤᠤᠯ ᠳᠤᠮᠳᠠ ᠪᠣᠷᠤ ᠥᠩᠭᠡ ᠶᠢᠨ ᠪᠠᠭᠰᠢ ᠶᠢᠨ ᠰᠢᠷᠡᠭᠡ ᠡᠰᠡᠷᠭᠦᠯᠡᠵᠤ᠂ ᠬᠤᠶᠠᠭᠤᠯᠠ ᠶᠢᠨ ᠳᠤᠮᠳᠠ ᠵᠤᠭᠰᠤᠭᠰᠠᠨ ᠣᠯᠠᠭᠠᠨ ᠭᠦᠷᠮ᠎ᠡ ᠲᠡᠶ ᠭᠤᠸᠠᠯᠢᠭ ᠵᠠᠯᠠᠭᠤ ᠪᠤᠰᠡᠭᠦᠢ ᠴᠢᠷᠠᠢ ᠳᠤ ᠪᠠᠨ ᠭᠤᠷᠪᠠᠨ ᠬᠤᠪᠢ ᠶᠢᠨ ᠢᠴᠢᠮᠡᠭᠡᠢ ᠪᠠᠢ᠌ᠳᠠᠯ ᠢ ᠨᠢᠭᠤᠵᠤ ᠪᠠᠢ᠌ᠬᠤ ᠡᠴᠡ ᠭᠠᠳᠠᠨ᠎ᠠ ᠪᠠᠭᠰᠢ ᠭᠦᠮᠤᠨ ᠤ ᠣᠪᠣᠷ ᠢ ᠳᠤᠯᠤᠭᠠᠨ ᠬᠤᠪᠢ ᠪᠠᠷ ᠴᠢᠷᠮᠠᠢ᠌ᠨ ᠢᠯᠡᠷᠡᠭᠦᠯᠵᠤ ᠪᠠᠢ᠌ᠬᠤ ᠨᠢ ᠳᠤᠳᠤᠬᠠᠨ᠃ ᠣᠤᠯ ᠨᠢ ᠳᠤᠰ ᠰᠤᠷᠭᠠᠭᠤᠯᠢ ᠳᠤ ᠪᠠᠭᠰᠢᠯᠠᠬᠤ ᠰᠠᠨᠠᠭ᠎ᠠ ᠲᠡᠶ ᠢᠷᠡᠭ᠍ᠰᠡᠨ ᠣᠶᠤᠳᠠᠨ ᠭᠡᠦᠭᠡᠨ ᠠᠵᠠᠢ᠃

ᠰᠤᠷᠤᠭᠴᠢᠤᠨ ᠶᠢᠡᠨ ᠨᠢᠭᠡ ᠰᠢᠷᠪᠢᠨ ᠬᠠᠷᠠᠵᠤ᠂ ᠣ ᠶᠢᠨ ᠪᠢᠷ ᠶᠢᠡᠨ ᠴᠢᠮᠭᠢᠨ ᠭᠡᠯᠳᠡᠯᠡᠵᠤ ᠰᠠᠮᠪᠠᠷ᠎ᠠ ᠵᠥᠭ᠌ ᠡᠷᠭᠢᠭ᠍ᠰᠡᠨ ᠢ ᠨᠢ ᠬᠠᠷᠠᠭᠠᠴᠢ ︕ ᠶᠠᠭ ᠯᠠ ᠬᠠᠢ᠌ᠳᠠᠩ ᠴᠡᠴᠡᠭ᠌ ᠬᠠᠪᠣᠷ ᠤᠨ ᠰᠠᠯᠭᠢ ᠪᠠᠷ ᠨᠠᠢ᠌ᠭᠤᠭᠠᠤᠨ ᠬᠠᠮᠠᠷ ᠲᠤ ᠦᠨᠦᠷ ᠨᠢ ᠪᠠᠭᠤᠭᠰᠠᠨ ᠰᠢᠭ ᠠᠶᠠᠳᠠᠢ᠌ᠬᠠᠨ ︕

ᠳᠦᠷᠪᠡ

ᠬᠣᠢ᠌ᠳᠤ ᠡᠭᠦᠳᠡ ᠪᠠᠷ ᠣᠷᠤᠵᠤ ᠢᠷᠡᠭᠡᠤᠨ ᠬᠠᠮᠤᠭ ᠠᠷᠤ ᠶᠢᠨ ᠰᠠᠭᠤᠳᠠᠯ ᠳᠤ ᠰᠠᠭᠤᠭᠰᠠᠨ ᠨᠢᠭᠡ ᠥᠡᠳᠦᠷᠭᠡᠨ ᠪᠠᠶ᠎ᠠ ᠲᠡᠶ ᠬᠠᠷ᠎ᠠ ᠪᠣᠷᠤ ᠴᠢᠷᠠᠢ ᠳᠡᠢ ᠵᠠᠯᠠᠭᠤ ᠶᠢ ᠬᠠᠵᠠᠭᠤ ᠶᠢᠨ ᠰᠠᠭᠤᠳᠠᠯ ᠳ᠋ᠠᠭᠢ ᠪᠣᠠᠳᠤᠭᠤᠷ ᠬᠠᠴᠠᠷᠳᠤ ᠭᠡᠦᠭᠡᠨ ᠪᠡ ᠭᠢᠴᠢᠶᠠᠯ ᠳᠠᠢ᠌ᠯᠪᠣᠷᠢᠯᠠᠵᠤ ᠪᠠᠢ᠌ᠭ᠎ᠠ ᠣᠯᠠᠭᠠᠨ ᠭᠦᠷᠮ᠎ᠡ ᠲᠡᠶ ᠪᠠᠭᠰᠢ ᠡᠴᠡ ᠥᠭᠡᠷ᠎ᠡ ᠭᠡᠨ ᠴᠤ ᠠᠡᠭᠵᠠᠭᠠᠷᠠᠭᠰᠠ ᠦᠭᠡᠶ᠃

ᠪᠣᠠᠳᠤᠭᠤᠷ ᠬᠠᠴᠠᠷᠳᠤ ᠭᠡᠦᠭᠡᠨ ᠳᠣᠢ᠌ᠯ ᠤᠨ ᠪᠣᠯᠪᠠᠰᠤᠨ ᠮᠥᠷᠳᠡᠭᠡᠨ ᠰᠢᠭᠤᠤᠠᠮᠠᠭ ᠶᠢᠡᠷ ᠦᠪᠡᠷ ᠤᠨ ᠣᠯᠪᠣᠭ ᠶᠢᠡᠨ᠄《ᠪᠠᠭᠰᠢ ᠡ ᠂ ᠡ᠊ᠡᠳᠡ ᠰᠠᠭᠤᠴᠢᠬ᠎ᠠ ︕》ᠭᠡᠰᠡᠨ ᠴᠢᠷᠠᠢ ᠲᠡᠶ ᠭᠠᠷᠳᠠᠭᠤᠯᠬᠤ ᠳᠤ ᠳᠠᠷᠠ ᠵᠠᠯᠠᠭᠤ ᠳᠤᠯᠤᠭᠠᠢ ᠪᠠᠨ ᠭᠦᠩᠭᠡᠭᠡᠨ ᠰᠢᠭ᠌ ᠳᠤᠭᠢᠰᠭᠢᠭᠠᠤᠨ ᠳᠠᠯᠠᠷᠬᠠᠵᠤ ᠪᠠᠢ᠌ᠭ᠎ᠠ ᠪᠠᠨ ᠢᠯᠤᠨᠭᠡᠭᠦ ᠳᠤ ᠪᠣᠠᠳᠤᠭᠤᠷ ᠬᠠᠴᠠᠷᠳᠤ ᠭᠡᠦᠭᠡᠨ ᠤ ᠴᠢᠷᠠᠢ ᠳᠤ ᠪᠠᠭᠰᠢ ᠳᠤ ᠪᠠᠨ ᠮᠠᠭᠳᠠᠭᠳᠠᠭᠰᠠᠨ ᠰᠤᠷᠤᠭᠴᠢ ᠭᠦᠮᠤᠨ ᠤ ᠭᠦᠭᠡᠷᠦᠭᠦᠨ ᠳᠦᠷᠢ ᠢᠯᠠᠷᠠᠵᠤ ᠪᠠᠢ᠌ᠪᠠ᠃

ᠳᠠᠷᠠ ᠵᠠᠯᠠᠭᠤ ᠶᠢᠨ ᠬᠠᠷᠠᠴᠠ ᠣᠯᠠᠭᠠᠨ ᠭᠦᠷᠮ᠎ᠡ ᠲᠡᠶ ᠪᠠᠭᠰᠢ ᠶᠢᠨ ᠳᠡᠭᠡᠷ᠎ᠡ ᠳᠤᠰᠴᠤ ᠪᠠᠢ᠌ᠬᠤ ᠡᠴᠡ ᠨᠢ ᠠᠵᠢᠪᠠᠯ ᠰᠢᠨᠤᠯ ᠪᠣᠯ ᠰᠢᠭᠤᠳ ᠪᠢᠰᠢ᠂ ᠰᠤᠭᠳᠤᠭᠤᠷᠠᠯ ᠭᠡᠪᠠᠯ ᠠᠷᠠᠢ ᠥᠩᠭᠡ ᠪᠣᠳᠤᠭ ᠶᠢᠡᠨ ᠠᠯᠳᠠᠮᠠᠷ᠂ ᠢᠨᠠᠭ ᠬᠠᠢ᠌ᠷ᠎ᠠ ᠶᠢᠨ ᠬᠠᠯᠠᠭᠤᠨ ᠬᠠᠷᠠᠴᠠ ᠭᠡᠪᠠᠯ ᠠᠯᠢᠮ᠎ᠠ ᠶᠢᠨ ᠴᠡᠴᠡᠭ᠌ ᠵᠢᠮᠢᠰᠯᠡᠭ᠍ᠰᠡᠨ ᠰᠢᠭ᠌ ᠵᠢᠷᠭᠠᠯᠳᠠᠢ᠌ᠬᠠᠨ᠃

ᠳᠠᠪᠣ

ᠭᠢᠴᠢᠶᠠᠯ ᠣᠷᠮ᠎ᠠ ᠭᠦᠭ᠍ᠵᠢᠶᠡᠨ ᠲᠡᠶ ᠶᠠᠪᠣᠭᠳᠠᠭᠠᠤᠨ ᠭᠤᠤᠯ ᠭᠦᠭ᠌ ᠳᠡᠭᠡᠷ᠎ᠡ ᠪᠠᠨ ᠪᠠᠢ᠌ᠵᠤ ᠪᠠᠢ᠌ᠳᠠᠯ᠎ᠠ ᠡᠭᠦᠳᠡ ᠪᠠᠷ ᠨᠢᠭᠡ ᠠᠷᠵᠠᠭᠠᠷ ᠴᠢᠷᠠᠢ ᠲᠡᠶ ᠫᠠᠭᠳᠠᠭᠠᠷ ᠪᠠᠶ᠎ᠠ ᠲᠡᠶ ᠭᠢᠵᠢᠶᠠᠯᠢ ᠨᠠᠰᠤᠨ ᠤ ᠭᠦᠮᠤᠨ ᠣᠷᠤᠵᠤ ᠢᠷᠠᠪᠠ᠃ ᠠᠯᠬᠤᠵᠤ ᠰᠠᠭᠤᠬᠤ ᠡᠴᠡ ᠨᠢ ᠦᠵᠡᠪᠠᠯ ᠳᠠᠷᠤᠭ᠎ᠠ ᠭᠦᠮᠤᠨ ᠤ ᠨᠠᠮᠪᠠ ᠰᠠᠭᠤᠭᠰᠠᠨ ᠨᠢ ᠢᠯᠡᠭᠡᠨ᠃ ᠳᠠᠷᠠ ᠭᠦᠮᠤᠨ ᠣᠷᠤᠵᠤ ᠢᠷᠡᠮᠡᠭᠴᠡ ᠭᠢᠴᠢᠶᠠᠯ ᠤᠨ ᠭᠡᠷ ᠪᠣᠯᠠᠰᠢᠨ ᠤ ᠭᠠᠵᠠᠷ ᠰᠢᠭ ᠵᠢᠭ᠍ᠳᠡᠢ ᠨᠠᠮ ᠵᠢᠮ ᠪᠣᠯᠵᠤ ᠰᠠᠶ‍ᠢ ᠶᠢᠨ ᠰᠠᠷᠠᠭᠤᠯ ᠳᠤᠩᠭ᠋ᠠᠯᠠᠭ ᠭᠦᠭ᠌ ᠠᠮᠢᠰᠬᠤᠯ ᠳᠠᠮᠠᠭᠢᠨ ᠣᠳᠤᠭ᠎ᠡ ᠳᠤ ᠬᠠᠬᠠᠭᠳᠠᠭᠰᠠᠨ ᠰᠢᠭ ᠪᠣᠯᠠᠩᠭᠢᠷᠳᠤᠪᠠ᠃

ᠳᠠᠷᠠ ᠭᠢᠵᠢᠶᠠᠯᠢ ᠨᠠᠰᠤᠨ ᠤ ᠳᠠᠷᠤᠭ᠎ᠠ ᠦᠨᠳᠦᠷ ᠵᠠᠯᠠᠭᠤ ᠶᠢᠨ ᠬᠠᠵᠠᠭᠤ ᠳᠤ ᠢᠷᠡᠭᠡᠤᠨ ᠰᠠᠭᠤᠬᠤ ᠶᠢ ᠵᠠᠪᠳᠤᠳᠠᠯ᠎ᠠ ᠵᠠᠯᠠᠭᠤ ᠴᠤᠴᠢᠮᠠᠭ ᠪᠣᠰᠴᠤ ᠦᠪᠡᠷ ᠤᠨ ᠣᠯᠪᠣᠭ ᠲᠡᠶ ᠰᠠᠭᠤᠳᠠᠯ ᠶᠢᠡᠨ ᠶᠡᠭᠦᠯᠡᠵᠤ ᠥᠭ᠍ᠪᠡ᠃ ᠳᠠᠷᠠ ᠳᠠᠷᠤᠭ᠎ᠠ ᠢᠩᠭᠢᠪᠠᠯ ᠳᠠᠭᠠᠷᠠᠬᠤ ᠶᠤᠮ ᠭᠡᠰᠡᠨ ᠰᠢᠭ᠌ ᠭᠡᠨᠡᠭ᠌ ᠴᠤ ᠦᠭᠡᠶ ᠰᠠᠭᠤᠬᠤ ᠶᠢ ᠨᠢ ᠬᠠᠷᠠ ︕ ᠬᠤᠷᠤᠰᠤᠯ ᠨᠤᠴᠤᠮᠠᠷ ᠁

ᠫᠠᠭᠳᠠᠭᠠᠷ ᠳᠠᠷᠤᠭ᠎ᠠ ᠭᠢᠴᠢᠶᠠᠯ ᠰᠤᠨᠤᠰᠬᠤ ᠪᠠᠷ ᠣᠷᠤᠵᠤ ᠢᠷᠡᠭ᠍ᠰᠡᠨ ᠦᠭᠡᠶ ᠬᠠᠷᠢᠨ ᠭᠦᠮᠤᠨ ᠢ ᠨᠢ ᠱᠤᠬᠤᠭᠤᠷᠬᠠᠬᠤ ᠪᠠᠷ ᠢᠷᠡᠭ᠍ᠰᠡᠨ ᠰᠢᠭ᠌ ᠰᠢᠨᠤᠯ ᠰᠤᠭᠳᠤᠭᠤᠷᠠᠯ ᠰᠡᠩᠭᠢᠨᠡᠭ᠍ᠰᠡᠨ ᠥᠮᠡᠭᠡᠢ ᠬᠠᠷᠠᠴᠠ ᠭᠦᠶ‍ᠦᠯᠭᠡᠵᠤ ᠪᠠᠢ᠌ᠭ᠎ᠠ ᠶᠢ ᠨᠢ ᠦᠵᠡ ︕ ᠪᠦᠭᠡᠯᠵᠢᠰᠤ ᠭᠦᠷᠦᠮᠡᠷ ᠁

ᠵᠢᠷᠭᠤᠭ᠎ᠠ

ᠪᠣᠠᠳᠤᠭᠤᠷ ᠬᠠᠴᠠᠷᠳᠤ ᠭᠡᠦᠭᠡᠨ ᠤ ᠨᠢᠳᠤ ᠡᠨᠡ ᠦᠶ᠎ᠡ ᠳᠤ ᠦᠨᠳᠦᠷ ᠵᠠᠯᠠᠭᠤ ᠪᠠ ᠫᠠᠭᠳᠠᠭᠠᠷ ᠳᠠᠷᠤᠭ᠎ᠠ ᠶᠢ ᠡᠭᠡᠯᠵᠢᠯᠡᠨ ᠬᠠᠷᠠᠵᠤ ᠨᠢᠭᠡ ᠶᠠᠭᠤᠮ᠎ᠠ ᠶᠠᠷᠠᠵᠤ ᠪᠠᠢ᠌ᠯ᠎ᠠ᠃

ᠳᠠᠷᠠ ᠬᠠᠷᠠᠴᠠ

ᠪᠣᠭᠤᠯ ᠭᠦᠮᠤᠨ ᠤ ᠪᠢᠯᠳᠠᠤᠴᠢ ᠳᠦᠷᠢ ᠲᠡᠶ ᠭᠦᠩᠭᠡᠮᠰᠦᠭ᠌ ᠭᠦᠳᠡᠯᠦᠭ᠍ᠰᠡᠨ ᠦᠨᠳᠦᠷ ᠵᠠᠯᠠᠭᠤ ᠶᠢ ᠵᠢᠮᠡᠯᠠᠵᠤ ᠪᠠᠢ᠌ᠯ᠎ᠠ᠂ ᠦᠷᠦᠪᠳᠠᠵᠤ ᠪᠠᠢ᠌ᠯ᠎ᠠ᠃

ᠳᠠᠷᠠ ᠬᠠᠷᠠᠴᠠ

ᠳᠠᠷᠤᠭ᠎ᠠ ᠭᠦᠮᠤᠨ ᠤ ᠯᠠᠷᠵᠠ ᠳᠠᠳᠠᠭᠰᠠᠨ ᠠᠷᠵᠠᠭᠠᠷ ᠴᠢᠷᠠᠢ ᠶᠢ ᠨᠢ ᠵᠢᠭ᠍ᠰᠢᠵᠤ ᠪᠠᠢ᠌ᠯ᠎ᠠ ᠁

ᠳᠠᠷᠠ ᠬᠠᠷᠠᠴᠠ

ᠳᠠᠷᠤᠭ᠎ᠠ ᠭᠦᠮᠤᠨ ᠪᠣᠯ ᠳᠠᠪᠠ ᠪᠠᠷ ᠶᠢᠡᠨ ᠠᠭᠠᠰᠢᠯᠠᠳᠠᠭ ᠶᠤᠮ ᠦᠦ ᠭᠡᠰᠡᠨ ᠰᠢᠭ᠌ ᠭᠢᠯᠢᠩ ᠵᠠᠩᠭᠢᠤᠠᠴᠤ ᠪᠠᠢ᠌ᠯ᠎ᠠ ᠁ ᠬᠤᠷᠤᠰᠤᠯ ᠡᠪᠦᠷᠯᠡᠵᠤ ᠪᠠᠢ᠌ᠯ᠎ᠠ ᠁


ᠵᠤᠬᠢᠶᠠᠭᠴᠢ ᠶᠢᠨ ᠬᠠᠶ‍ᠢᠭ᠄ ᠵᠠᠰᠠᠭᠳᠤ ᠬᠤᠰᠢᠭᠤ


ᠵᠤᠬᠢᠶᠠᠭᠴᠢ᠄ ᠲᠡᠭᠷᠢ ᠶᠢᠨ ᠰᠠᠯᠬᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2230
ᠴᠠᠭ᠄ 2009 ᠤᠨ ᠤ 12 ᠰᠠᠷ᠎ᠠ ᠶᠢᠨ 20
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠤᠯᠪᠤᠭ