ᠠᠷᠳᠠᠢ ᠶᠢᠨ 《ᠭᠡᠯᠡ》 ᠭᠡᠭᠦ ᠵᠤᠬᠢᠶᠠᠯ ᠤᠨ ᠭᠢᠴᠢᠶᠠᠯ ᠤᠨ ᠲᠦᠰᠤᠪ

ᠳᠦᠰᠦᠪᠯᠡᠭ᠍ᠴᠢ᠄ ᠸᠠᠩ ᠮᠸᠢ ᠿᠦᠩ

ᠭᠢᠴᠢᠶᠠᠯ ᠤᠨ ᠭᠠᠷᠴᠠᠭ᠄ 《ᠭᠡᠯᠡ》

ᠭᠢᠴᠢᠶᠠᠯ ᠲᠦᠷᠦᠯ᠄ ᠳᠡᠭᠡᠳᠤ ᠳᠤᠮᠳᠠᠳᠤ ᠶᠢᠨ 《ᠭᠡᠯᠡ ᠪᠢᠴᠢᠭ᠌》 ᠊ᠤᠨ ᠵᠠᠪᠠᠯ ᠰᠤᠷᠬᠤ ᠶᠢᠨ ᠭᠤᠷᠪᠠᠳᠤᠭᠠᠷ ᠳᠠᠪᠳᠠᠷ

ᠰᠤᠷᠬᠤ ᠣᠨ᠄ ᠳᠡᠭᠡᠳᠤ ᠳᠤᠮᠳᠠᠳᠤ ᠶᠢᠨ ᠨᠢᠭᠡᠳᠦᠭᠡᠷ ᠣᠨ

ᠰᠤᠷᠬᠤ ᠴᠠᠭ᠄ ᠳᠦᠷᠪᠡᠨ ᠭᠢᠴᠢᠶᠠᠯ ᠤᠨ ᠴᠠᠭ

ᠦᠨᠳᠦᠰᠦᠯᠠᠯ᠄ ① ᠭᠡᠯᠡ ᠪᠢᠴᠢᠭ᠌ ᠤᠨ ᠭᠢᠴᠢᠶᠠᠯ ᠤᠨ ᠪᠠᠭᠠᠵᠢᠴᠢ ᠰᠢᠠᠵᠢ ᠭᠢᠭᠡᠤᠨ ᠭᠦᠮᠤᠨ ᠰᠤᠶᠤᠯ ᠤᠨ ᠰᠢᠠᠵᠢ ᠶᠢ ᠨᠢᠭᠡᠳᠭᠡᠭᠦ ᠦᠨᠳᠦᠰᠦᠨ ᠣᠠᠴᠠᠯᠢᠭ ②ᠰᠤᠷᠤᠭᠴᠢ ᠶᠢᠨ ᠪᠠᠶ᠎ᠠ ᠪᠠᠨ ᠳᠠᠭᠠᠭᠠᠵᠤ ᠰᠤᠷᠤᠯᠴᠠᠬᠤ ᠪᠠᠷ ᠭᠤᠤᠯ ᠴᠤᠭᠴᠠ ᠪᠣᠯᠭᠠᠭᠰᠠᠨ ᠪᠦᠳᠦᠭᠡᠭᠦ ᠦᠵᠡᠯ ᠤᠨ ᠵᠢᠭᠠᠨ ᠰᠤᠷᠭᠠᠯᠳᠠ ③ ᠰᠤᠷᠬᠤ ᠠᠭᠤᠯᠭ᠎ᠠ ④ᠰᠤᠷᠤᠭᠴᠢ ᠶᠢᠨ ᠪᠣᠳᠠᠳᠠᠢ ᠪᠠᠢ᠌ᠳᠠᠯ ᠢ ᠦᠨᠳᠦᠰᠦᠯᠠᠵᠤ ᠲᠦᠰᠤᠪᠯᠠᠵᠠᠢ᠃

ᠱᠠᠭᠠᠷᠳᠠᠯᠭ᠎ᠠ᠄ ① ᠰᠤᠷᠬᠤ ᠬᠠᠷᠠᠯᠳᠠ ᠳᠤᠭᠳᠠᠭᠠᠨ ᠵᠢᠭᠠᠨ ᠰᠤᠷᠭᠠᠬᠤ ᠲᠦᠰᠤᠪ ᠪᠢᠴᠢᠨ᠎ᠡ᠃ ②ᠵᠢᠭᠠᠨ ᠰᠤᠷᠭᠠᠬᠤ ᠣᠷᠴᠢᠨ ᠢ ᠪᠠᠢ᠌ᠭᠤᠯᠤᠨ᠎ᠠ᠃ ③ ᠵᠢᠭᠠᠨ ᠰᠤᠷᠭᠠᠬᠤ ᠡᠭᠢ ᠰᠤᠷᠪᠣᠯᠵᠢ ᠶᠢ ᠬᠠᠩᠭ᠋ᠠᠨ᠎ᠠ᠃ ④ ᠪᠣᠳᠠᠳᠠᠢ ᠰᠤᠷᠬᠤ ᠪᠠ ᠵᠤᠭᠢᠰᠳᠠᠢ ᠵᠢᠯᠤᠭᠤᠤᠠᠬᠤ ᠶᠠᠪᠣᠴᠠ ᠶᠢ ᠥᠩᠭᠡᠷᠡᠭᠡᠨ᠎ᠡ᠃ ⑤ ᠪᠠᠢ᠌ᠴᠠᠭᠠᠯᠳᠠ᠂ ᠦᠨᠡᠯᠠᠯᠳᠠ ᠪᠠ ᠡᠷᠭᠢᠴᠡᠭᠦᠯᠦᠯ ᠭᠢᠨ᠎ᠡ᠃

ᠨᠢᠭᠡ᠂ ᠰᠤᠷᠬᠤ ᠬᠠᠷᠠᠯᠳᠠ ᠶᠢ ᠳᠤᠭᠳᠠᠭᠠᠭᠰᠠᠨ ᠳᠤᠬᠠᠢ

ᠠᠷᠳᠠᠢ ᠶᠢᠨ 《ᠭᠡᠯᠡ》 ᠭᠡᠭᠦ ᠵᠤᠬᠢᠶᠠᠯ ᠪᠣᠯ ᠭᠡᠯᠡ ᠪᠠᠨ ᠭᠡᠷᠡᠭᠯᠡᠵᠤ ᠭᠦᠭ᠍ᠵᠢᠭᠦᠯᠭᠦ ᠶᠢᠨ ᠴᠢᠬᠤᠯᠠ ᠴᠢᠨᠠᠷ ᠢ ᠮᠤᠩᠭ᠋ᠤᠯᠴᠤᠳ ᠤᠨ ᠢᠷᠡᠭᠡᠳᠦᠢ ᠲᠡᠶ ᠬᠤᠯᠪᠣᠵᠤ ᠪᠢᠴᠢᠭ᠍ᠰᠡᠨ ᠭᠦᠦᠷᠨᠢᠭ᠍ᠰᠡᠨ ᠨᠠᠢ᠌ᠷᠠᠭᠤᠯᠤᠯ ᠪᠣᠯᠤᠨ᠎ᠠ᠃ ᠳᠠᠢ᠌ᠮᠤ ᠡᠴᠠ ᠪᠦᠭᠦᠢᠯᠡ ᠭᠢᠴᠢᠶᠡᠯᠯᠡᠭᠡ ᠶᠢᠨ ᠶᠠᠪᠣᠴᠠ ᠳᠤ ᠡᠭᠡ ᠭᠡᠯᠡ ᠪᠠᠨ ᠵᠦᠪ ᠪᠦᠭᠡᠤᠨ ᠪᠣᠯᠪᠠᠰᠤᠷᠠᠩᠭ᠋ᠤᠢ ᠡᠵᠡᠮᠰᠢᠵᠤ ᠭᠡᠷᠡᠭᠯᠡᠭᠦ ᠴᠢᠬᠤᠯᠠᠳᠠᠢ ᠭᠡᠭᠦ ᠦᠵᠡᠯ ᠰᠠᠨᠠᠭ᠎ᠠ ᠶᠢ ᠳᠤᠤᠱᠯᠠᠭᠤᠯᠤᠨ᠎ᠠ᠃ ᠳᠤᠰ ᠵᠤᠬᠢᠶᠠᠯ ᠳ᠋ᠠᠭᠢ 《ᠭᠡᠯᠡ ᠦᠭᠡᠶ ᠪᠦᠯᠤ ᠦᠬᠢᠨ ᠳᠡᠭᠦᠤ ᠪᠠᠨ ᠬᠠᠷᠠᠵᠤ ᠳᠠᠰᠤᠭᠠᠤᠨ᠂ ᠭᠡᠯᠡ ᠦᠭᠡᠶ ᠪᠠᠢ᠌ᠬᠤ ᠶᠤᠰᠤᠳᠠᠢ ᠶᠤᠮ ᠰᠢᠭ ᠪᠣᠯᠤᠭᠰᠠᠨ》 ᠤ ᠴᠠᠭᠠᠨᠠᠭᠢ ᠰᠠᠨᠠᠭ᠎ᠠ ᠶᠢ ᠣᠢ᠌ᠯᠠᠭᠠᠬᠤ ᠪᠣᠯ ᠳᠤᠰ ᠵᠤᠬᠢᠶᠠᠯ ᠢ ᠰᠤᠷᠤᠭᠴᠢ ᠪᠠᠶ᠎ᠠ ᠪᠠᠨ ᠳᠠᠭᠠᠭᠠᠵᠤ ᠣᠩᠰᠢᠵᠤ ᠣᠢ᠌ᠯᠠᠭᠠᠬᠤ ᠶᠢᠨ ᠭᠦᠴᠢᠷᠳᠡᠯᠭᠡ ᠮᠦᠨ᠃ ᠳᠤᠰ ᠵᠤᠬᠢᠶᠠᠯ ᠤᠨ 《ᠶᠠᠮᠠᠷ ᠨᠢᠭᠡᠨ ᠭᠦᠮᠤᠨ ᠶᠠᠭᠤᠮ᠎ᠠ᠂ ᠭᠡᠷᠡᠭ᠌ ᠣᠴᠢᠷ ᠡᠴᠠ ᠰᠠᠳᠤᠪᠯᠠᠵᠤ᠂ ᠦᠵᠡᠯᠳᠠ ᠳᠠᠨᠢᠯᠳᠠ ᠪᠠᠨ ᠪᠣᠳᠠᠳᠠᠢ ᠲᠡᠶ ᠣᠶᠠᠯᠳᠤᠭᠤᠯᠵᠤ ᠳᠡᠯᠭᠡᠵᠤ ᠪᠢᠴᠢᠭᠦ》 ᠪᠢᠴᠢᠯᠭᠡ ᠶᠢᠨ ᠠᠷᠭ᠎ᠠ ᠶᠢ ᠰᠤᠷᠬᠤ ᠪᠣᠯ ᠳᠤᠰ ᠵᠤᠬᠢᠶᠠᠯ ᠢ ᠰᠤᠷᠬᠤ ᠭᠤᠤᠯᠳᠠᠯᠭ᠎ᠠ ᠪᠦᠭᠡᠤᠨ ᠭᠦᠴᠢᠷᠳᠡᠯᠭᠡ ᠮᠦᠨ᠃ ᠡᠢ᠌ᠮᠤ ᠡᠴᠠ ᠳᠤᠰ ᠵᠤᠬᠢᠶᠠᠯ ᠤᠨ ᠰᠤᠷᠬᠤ ᠬᠠᠷᠠᠯᠳᠠ ᠶᠢ ᠳᠤᠤᠷᠠᠭᠢ ᠮᠠᠳᠤ ᠳᠤᠭᠳᠠᠭᠠᠵᠠᠢ᠃

ᠠ᠊᠂ ᠮᠡᠳᠡᠯᠭᠡ ᠴᠢᠳᠠᠪᠣᠷᠢ ᠶᠢᠨ ᠬᠠᠷᠠᠯᠳᠠ

1. ᠭᠡᠯᠡᠨ ᠤ ᠪᠣᠯᠪᠠᠰᠤᠷᠠᠯ ᠶᠢᠡᠨ ᠴᠢᠩᠭ᠋ᠠᠤᠠᠬᠠᠬᠤ ᠶᠢᠨ ᠳᠦᠯᠦᠭᠡ ᠳᠠᠭᠠᠷᠢᠯᠴᠠᠭ᠎ᠠ ᠰᠤᠷᠴᠤ ᠴᠡᠭᠡᠵᠢᠯᠡᠨ᠎ᠡ᠃ 2. ᠭᠢᠴᠢᠶᠠᠯ ᠶᠢᠡᠨ ᠣᠩᠰᠢᠵᠤ ᠣᠢ᠌ᠯᠠᠭᠠᠭᠰᠠᠨ ᠰᠠᠭᠤᠷᠢᠨ ᠳᠡᠭᠡᠷ᠎ᠡ ᠵᠤᠬᠢᠶᠠᠯ ᠳ᠋ᠠᠭᠢ ᠰᠤᠩᠭ᠋ᠤᠳᠠᠭ ᠥᠭᠡ ᠥᠭᠦᠯᠡᠪᠦᠷᠢ ᠶᠢ ᠴᠡᠭᠡᠵᠢᠯᠡᠵᠤ᠂ ᠭᠡᠷᠡᠭᠯᠡᠵᠤ ᠰᠤᠷᠤᠨ᠎ᠠ᠃ 3.ᠵᠤᠭᠢᠶᠠᠯ ᠤᠨ ᠪᠢᠴᠢᠯᠭᠡ ᠶᠢᠨ ᠭᠡᠪ ᠵᠠᠭᠪᠣᠷ ᠢ ᠣᠢ᠌ᠯᠠᠭᠠᠵᠤ᠂ ᠳᠠᠭᠤᠷᠢᠶᠠᠵᠤ ᠪᠢᠴᠢᠵᠤ ᠰᠤᠷᠤᠨ᠎ᠠ᠃

ᠡ᠊᠂ ᠶᠠᠪᠣᠴᠠ ᠪᠠ ᠠᠷᠭ᠎ᠠ ᠶᠢᠨ ᠬᠠᠷᠠᠯᠳᠠ

1. ᠪᠠᠶ᠎ᠠ ᠪᠠᠨ ᠳᠠᠭᠠᠭᠠᠵᠤ ᠣᠢ᠌ᠯᠠᠭᠠᠵᠤ ᠣᠩᠰᠢᠬᠤ᠂ ᠪᠠᠭᠰᠢ ᠶᠢᠨ ᠠᠰᠠᠭᠤᠯᠳᠠ ᠳᠤ ᠴᠢᠭᠯᠡᠭᠦᠯᠤᠨ ᠭᠦᠡᠵᠡᠭᠡᠢ᠌ᠷᠡᠭᠦᠯᠵᠤ ᠣᠩᠰᠢᠬᠤ᠂ ᠪᠠᠭᠰᠢ ᠶᠢᠨ ᠦᠭ‍ᠭᠦᠭ᠍ᠰᠡᠨ ᠮᠠᠲ᠋ᠸᠷᠢᠶᠠᠯ ᠲᠡᠶ ᠬᠤᠯᠪᠣᠭᠳᠠᠭᠤᠯᠵᠤ ᠰᠤᠪᠢᠵᠤ ᠣᠩᠰᠢᠬᠤ ᠪᠠᠷ ᠳᠠᠮᠵᠢᠨ ᠭᠢᠴᠢᠶᠠᠯ ᠢ ᠪᠦᠭᠦᠯᠢ ᠴᠤᠭᠴᠠ ᠡᠴᠠ ᠨᠢ ᠣᠢ᠌ᠯᠠᠭᠠᠨ᠎ᠠ᠃ 2. ᠪᠠᠭᠰᠢ ᠶᠢᠨ ᠦᠭ‍ᠭᠦᠭ᠍ᠰᠡᠨ ᠮᠠᠲ᠋ᠸᠷᠢᠶᠠᠯ ᠪᠣᠶᠤ ᠦᠪᠡᠷ ᠤᠨ ᠮᠡᠳᠡᠳᠡᠭ᠌ ᠪᠣᠳᠠᠳᠤ ᠭᠡᠷᠡᠭ᠌ ᠡᠴᠠ ᠰᠠᠳᠤᠪ ᠠᠪᠴᠤ᠂ ᠵᠤᠬᠢᠶᠠᠯ ᠤᠨ ᠭᠡᠰᠡᠭ᠌ ᠪᠦᠯᠦᠭ᠌ ᠤᠨ ᠭᠡᠪ ᠵᠠᠭᠪᠣᠷ ᠶᠢᠡᠷ ᠯᠠᠪᠯᠠᠯᠳᠠ ᠪᠣᠯᠭᠠᠵᠤ᠂ ᠵᠤᠬᠢᠶᠠᠯ ᠳ᠋ᠠᠭᠢ ᠰᠤᠩᠭ᠋ᠤᠳᠠᠭ ᠭᠡᠯᠡᠯᠭᠡ ᠪᠣᠶᠤ ᠵᠤᠬᠢᠶᠠᠯ ᠤᠨ ᠭᠡᠯᠡᠯᠭᠡ ᠶᠢ ᠭᠡᠷᠡᠭᠯᠡᠨ᠂ ᠦᠪᠡᠷ ᠤᠨ ᠦᠵᠡᠯᠳᠠ ᠳᠦᠷᠦᠭ᠍ᠳᠡᠯ ᠢ ᠨᠢ ᠪᠢᠴᠢᠭᠦᠯᠭᠦ ᠪᠠᠷ ᠳᠠᠮᠵᠢᠨ ᠰᠤᠷᠤᠭᠰᠠᠨ ᠶᠢᠡᠨ ᠭᠡᠷᠭᠢᠨ ᠦᠪᠡᠷ ᠤᠨ ᠶᠢᠡᠨ ᠪᠣᠯᠭᠠᠵᠤ ᠣᠯᠠᠷᠢᠭᠤᠯᠵᠤ ᠭᠡᠷᠡᠭᠯᠡᠭᠦ ᠪᠣᠯᠪᠠᠰᠤᠷᠠᠯ ᠭᠦᠷᠳᠡᠭᠡᠨ᠎ᠡ᠃ 3. ᠰᠤᠷᠤᠭᠴᠢ ᠶᠢᠨ ᠪᠢᠴᠢᠭ᠍ᠰᠡᠨ ᠪᠠᠢ᠌ᠳᠠᠯ ᠢ ᠦᠨᠳᠦᠰᠦᠯᠠᠵᠤ᠂ ᠠᠰᠠᠭᠤᠳᠠᠯ ᠳᠤ ᠨᠢ ᠴᠢᠭᠯᠡᠭᠦᠯᠵᠤ ᠪᠣᠳᠠᠳᠠᠢ ᠵᠢᠯᠤᠭᠤᠳᠤᠯᠭ᠎ᠠ ᠭᠢᠭᠦ ᠶᠢᠨ ᠳᠠᠭᠠᠤ ᠪᠠᠭᠰᠢ ᠶᠢᠨ ᠪᠢᠴᠢᠭ᠍ᠰᠡᠨ ᠶᠢᠡᠨ ᠳᠦᠷᠢᠮ ᠥᠵᠡᠭᠦᠯᠭᠦ ᠪᠠᠷ ᠳᠠᠮᠵᠢᠨ᠂ ᠦᠵᠡᠯᠳᠠ ᠭᠢᠭᠡᠤᠨ ᠪᠣᠳᠠᠳᠤ ᠵᠢᠱᠢᠶ᠎ᠠ ᠶᠢ ᠭᠡᠷᠭᠢᠨ ᠠᠭᠤᠰᠤᠯᠳᠤᠭᠤᠯᠵᠤ ᠪᠢᠴᠢᠭᠦ᠂ ᠮᠠᠲ᠋ᠸᠷᠢᠶᠠᠯ ᠶᠢᠡᠨ ᠭᠡᠷᠭᠢᠨ ᠰᠢᠷᠭᠠᠭᠠᠵᠤ ᠪᠣᠯᠪᠠᠰᠤᠷᠠᠭᠤᠯᠬᠤ ᠳᠤᠬᠠᠢ ᠵᠤᠬᠢᠶᠠᠨ ᠪᠢᠴᠢᠯᠭᠡ ᠶᠢᠨ ᠦᠨᠳᠦᠰᠦᠨ ᠴᠢᠳᠠᠪᠣᠷᠢ ᠶᠢᠨ ᠭᠦᠮᠦᠵᠢᠯ ᠭᠦᠷᠳᠡᠭᠡᠨ᠎ᠡ᠃

ᠢ᠊᠂ ᠣᠪᠣᠷ ᠰᠡᠳᠬᠢᠯᠭᠡ ᠪᠣᠯᠤᠨ ᠥᠷᠳᠡᠭ᠌ ᠤᠨ ᠦᠵᠡᠯᠳᠠ ᠶᠢᠨ ᠬᠠᠷᠠᠯᠳᠠ

ᠳᠠᠭᠠᠷᠢᠯᠴᠠᠭ᠎ᠠ ᠴᠡᠭᠡᠵᠢᠯᠡᠭᠦ᠂ ᠭᠢᠴᠢᠶᠠᠯ ᠶᠢᠡᠨ ᠣᠩᠰᠢᠵᠤ ᠣᠢ᠌ᠯᠠᠭᠠᠬᠤ᠂ ᠦᠪᠡᠷᠮᠢᠴᠠ ᠦᠵᠡᠯᠳᠠ ᠳᠠᠨᠢᠯᠳᠠ ᠪᠠᠨ ᠪᠢᠴᠢᠵᠤ ᠢᠯᠡᠳᠭᠡᠭᠦ ᠵᠡᠷᠭᠡ ᠪᠠᠷ ᠳᠠᠮᠵᠢᠨ ᠭᠡᠯᠡ ᠰᠤᠶᠤᠯ ᠶᠢᠡᠨ ᠳᠡᠭᠡᠳᠦᠯᠡᠨ ᠬᠠᠢ᠌ᠷᠠᠯᠠᠵᠤ᠂ ᠦᠪᠯᠠᠨ ᠵᠠᠯᠭᠠᠮᠵᠢᠯᠠᠵᠤ᠂ ᠣᠯᠠᠮ ᠴᠢᠨᠠᠭᠰᠢᠳᠠ ᠭᠦᠭ᠍ᠵᠢᠭᠦᠯᠵᠤ ᠪᠠᠳᠠᠷᠠᠭᠤᠯᠬᠤ ᠢᠳᠡᠭᠡᠯ ᠵᠤᠷᠢᠭ ᠢ ᠨᠢ ᠭᠦᠪᠴᠢᠯᠡᠨ᠂ ᠭᠡᠯᠡ ᠪᠠᠨ ᠭᠡᠷᠡᠭᠯᠡᠭᠦ ᠶᠢᠨ ᠴᠢᠬᠤᠯᠠ ᠴᠢᠨᠠᠷ ᠢ ᠭᠦᠡᠵᠡᠭᠡᠢ ᠣᠢ᠌ᠯᠠᠭᠠᠭᠤᠯᠤᠨ᠎ᠠ᠃

ᠬᠤᠶᠠᠷ᠂ ᠰᠤᠷᠤᠭᠴᠢ ᠶᠢᠨ ᠣᠠᠴᠠᠯᠢᠭ ᠭᠢᠭᠡᠤᠨ ᠰᠤᠷᠤᠯᠴᠠᠬᠤ ᠡᠭᠢ ᠰᠤᠷᠪᠣᠯᠵᠢ ᠬᠠᠩᠭ᠋ᠠᠭᠰᠠᠨ ᠳᠤᠬᠠᠢ

1. ᠳᠤᠰ ᠭᠢᠴᠢᠶᠠᠯ ᠢ ᠰᠤᠷᠬᠤ ᠳᠤ᠂ ᠣᠤᠠᠬ᠎ᠠ ᠭᠦᠨ ᠰᠠᠨᠠᠭ᠎ᠠ ᠳᠠᠯᠳᠠ ᠭᠦᠡᠳᠤ ᠭᠦᠴᠢᠷ ᠥᠭᠡ ᠥᠭᠦᠯᠡᠪᠦᠷᠢ ᠮᠠᠰᠢ ᠴᠥᠭᠡᠨ ᠳᠤᠯᠠ ᠰᠤᠷᠤᠭᠴᠢ ᠶᠢᠨ ᠪᠠᠶ᠎ᠠ ᠪᠠᠨ ᠳᠠᠭᠠᠭᠠᠵᠤ ᠣᠩᠰᠢᠵᠤ ᠣᠢ᠌ᠯᠠᠭᠠᠬᠤ ᠳᠤ ᠳᠦᠰᠢᠭᠯᠡᠨ᠎ᠡ᠃ 2. ᠰᠤᠷᠤᠭᠴᠢ ᠶᠢᠨ ᠣᠢ᠌ᠯᠠᠭᠠᠭᠰᠠᠨ ᠪᠠᠢ᠌ᠳᠠᠯ ᠢ ᠪᠠᠢ᠌ᠴᠠᠭᠠᠬᠤ ᠪᠠ ᠣᠢ᠌ᠯᠠᠭᠠᠯᠳᠠ ᠶᠢ ᠨᠢ ᠭᠦᠡᠵᠡᠭᠡᠢ᠌ᠷᠡᠭᠦᠯᠭᠦ ᠶᠢᠨ ᠳᠦᠯᠦᠭᠡ ᠳᠤᠭᠤᠵᠤ ᠪᠠᠬᠠᠷᠬᠠᠭᠰᠠᠨ ᠰᠤᠩᠭ᠋ᠤᠳᠠᠭ ᠭᠡᠯᠡᠯᠭᠡ ᠶᠢ ᠨᠢ ᠳᠡᠭᠦᠯᠭᠡᠭᠦ᠂ ᠭᠡᠰᠡᠭ᠌ ᠪᠣᠯᠭᠠᠨ ᠤ ᠠᠭᠤᠯᠭ᠎ᠠ ᠳᠤ ᠳᠤᠭᠢᠷᠠᠭᠰᠠ ᠠᠰᠠᠭᠤᠯᠳᠠ ᠭᠠᠷᠭᠠᠨ᠂ ᠵᠤᠬᠢᠶᠠᠯ ᠤᠨ ᠭᠡᠪ ᠵᠠᠭᠪᠣᠷ ᠢ ᠰᠢᠡᠵᠢᠯᠡᠭᠦᠯᠤᠨ᠎ᠡ᠃ ᠣᠠᠴᠠᠭᠠᠢ᠌ᠯᠠᠨ ᠨᠢᠭᠡᠳᠦᠭᠡᠷ ᠭᠡᠰᠡᠭ᠌ ᠲᠤ ᠪᠦᠯᠤ ᠦᠬᠢᠨ ᠳᠡᠭᠦᠤ ᠪᠠᠨ ᠪᠢᠴᠢᠭ᠍ᠰᠡᠨ ᠨᠢ ᠵᠤᠬᠢᠶᠠᠯ ᠤᠨ ᠭᠠᠷᠴᠠᠭ ᠭᠢᠭᠡᠤᠨ ᠠᠭᠤᠯᠭ᠎ᠠ ᠰᠠᠨᠠᠭ᠎ᠠ ᠲᠡᠶ ᠶᠠᠮᠠᠷ ᠬᠤᠯᠪᠣᠭᠳᠠᠯ ᠲᠡᠶ ᠭᠡᠳᠡᠭ᠌ ᠢ ᠰᠤᠷᠤᠭᠴᠢ ᠣᠢ᠌ᠯᠠᠭᠠᠵᠤ ᠳᠡᠢ᠌ᠯᠭᠦ ᠦᠭᠡᠶ ᠪᠣᠯᠤᠯᠴᠠᠭ᠎ᠠ ᠶᠡᠭᠡ ᠳᠤᠯᠠ ᠪᠠᠭᠰᠢ ᠡᠴᠠ ᠳᠤᠭᠢᠷᠠᠮᠵᠢᠳᠠᠢ ᠵᠢᠯᠤᠭᠤᠳᠤᠨ ᠰᠡᠩᠭᠡᠷᠡᠭᠦᠯᠭᠦ ᠴᠢᠬᠤᠯᠠᠳᠠᠢ᠃ 3.ᠵᠤᠭᠢᠶᠠᠨ ᠪᠢᠴᠢᠭᠦ ᠳᠤ ᠠᠮᠢᠳᠤᠷᠠᠯ ᠳᠤᠮᠳᠠ ᠡᠴᠠ ᠪᠠᠨ ᠮᠠᠲ᠋ᠸᠷᠢᠶᠠᠯ ᠣᠯᠬᠤ ᠦᠭᠡᠶ᠂ ᠳᠠᠷᠠ ᠣᠯᠠᠨ ᠭᠡᠯᠪᠠᠷᠢ ᠶᠢᠨ ᠠᠭᠤᠯᠭ᠎ᠠ ᠦᠵᠡᠯ ᠰᠠᠨᠠᠭ᠎ᠠ ᠲᠡᠶ ᠵᠤᠬᠢᠶᠠᠯ ᠢ ᠰᠤᠷᠴᠢᠬᠠᠭᠠᠤᠨ ᠦᠵᠡᠯ ᠪᠣᠳᠤᠯ ᠨᠢ ᠢᠪᠴᠤᠷᠠᠭᠠᠤᠨ ᠶᠠᠭᠤ ᠴᠤ ᠪᠣᠳᠤᠵᠤ ᠣᠯᠬᠤ ᠦᠭᠡᠶ᠂ ᠳᠠᠷᠠ ᠣᠯᠠᠨ ᠭᠤᠶᠤ ᠰᠠᠢ᠌ᠬᠠᠨ ᠭᠡᠯᠡᠯᠭᠡ ᠲᠡᠶ ᠵᠤᠬᠢᠶᠠᠯ ᠢ ᠰᠤᠷᠴᠢᠬᠠᠭᠠᠤᠨ ᠶᠠᠪᠣᠬᠤ ᠳᠤᠳᠤᠮ ᠥᠭᠡᠰ ᠤᠨ ᠰᠠᠩ ᠨᠢ ᠶᠠᠳᠠᠭᠤᠷᠠᠵᠤ ᠯᠠ ᠪᠠᠢ᠌ᠬᠤ ᠪᠣᠳᠠᠳᠠᠢ ᠪᠠᠢ᠌ᠳᠠᠯ ᠳᠤ ᠴᠢᠭᠯᠡᠭᠦᠯᠤᠨ᠂ ᠭᠢᠴᠢᠶᠠᠯ ᠳ᠋ᠠᠭᠢ ᠭᠡᠯᠡ ᠭᠡᠯᠡᠯᠭᠡ ᠶᠢ ᠵᠤᠬᠢᠶᠠᠯ ᠳᠤ ᠪᠠᠨ ᠳᠤᠭᠢᠷᠠᠮᠵᠢᠳᠠᠢ ᠰᠢᠭ᠍ᠰᠢᠵᠤ ᠭᠡᠷᠡᠭᠯᠡᠭᠦ ᠶᠢ ᠱᠠᠭᠠᠷᠳᠠᠨ᠎ᠠ᠃ ᠰᠤᠷᠤᠭᠴᠢ ᠶᠢᠨ ᠨᠤᠮ ᠪᠢᠴᠢᠭ᠌᠂ ᠠᠮᠢᠳᠤᠷᠠᠯ ᠥᠢᠯᠡᠳᠦᠯᠭᠡ ᠳᠤᠮᠳᠠ ᠡᠴᠠ ᠰᠠᠨᠠᠭᠠᠴᠢᠯᠠᠭ᠎ᠠ ᠲᠡᠶ ᠰᠤᠷᠴᠤ᠂ ᠥᠵᠡᠭ᠍ᠰᠡᠨ ᠮᠡᠳᠡᠭ᠍ᠰᠡᠨ ᠶᠢᠡᠨ ᠢᠳᠠᠪᠭᠢᠳᠠᠢ ᠭᠡᠷᠡᠭᠯᠡᠭᠦ ᠶᠢ ᠠᠭᠢᠭᠤᠯᠬᠤ ᠶᠢᠨ ᠳᠦᠯᠦᠭᠡ 《ᠦᠪᠣᠷ ᠮᠤᠩᠭ᠋ᠤᠯ ᠤᠨ ᠵᠠᠯᠠᠭᠤᠴᠤᠳ》 (2012.7) ᠰᠤᠨᠭᠦᠯ ᠳ᠋ᠠᠭᠢ 《ᠪᠢ ᠭᠠᠭᠴᠠᠭᠠᠷ ᠶᠢᠡᠨ ᠪᠠᠢ᠌ᠨ᠎ᠠ》 ᠭᠡᠭᠦ ᠵᠤᠬᠢᠶᠠᠯ ᠢ ᠣᠩᠰᠢᠭᠤᠯᠵᠤ᠂ ᠵᠤᠬᠢᠶᠠᠯ ᠳ᠋ᠠᠭᠢ ᠭᠤᠷᠪᠠᠨ ᠵᠢᠵᠢᠭ᠌ ᠣᠴᠢᠷ ᠢ ᠭᠢᠴᠢᠶᠠᠯ ᠤᠨ ᠠᠯᠢ ᠠᠯᠢ ᠭᠡᠰᠡᠭ᠌ ᠲᠤ ᠵᠢᠱᠢᠶ᠎ᠠ ᠪᠠᠷ ᠭᠡᠷᠡᠭᠯᠡᠵᠤ ᠪᠣᠯᠬᠤ ᠳᠤᠬᠠᠢ ᠰᠡᠳᠭᠢᠭᠦᠯᠤᠨ᠎ᠡ᠃ ᠳᠠᠷᠠᠭ᠎ᠠ ᠨᠢ ᠰᠤᠷᠤᠭᠴᠢ ᠶᠢᠨ ᠦᠵᠡᠯᠳᠠ ᠳᠦᠷᠦᠭ᠍ᠳᠡᠯ ᠶᠢᠡᠨ ᠭᠡᠢ᠌ᠰᠪᠦᠷᠢ ᠪᠢᠴᠢᠭᠦ ᠪᠣᠳᠠᠳᠤ ᠪᠠᠢ᠌ᠳᠠᠯ ᠳᠤ ᠴᠢᠭᠯᠡᠭᠦᠯᠤᠨ᠂ ᠦᠪᠡᠷᠮᠢᠴᠠ ᠳᠦᠷᠦᠭ᠍ᠳᠡᠯ ᠪᠢᠴᠢᠭᠦ (ᠳᠠᠭᠤᠷᠢᠶᠠᠵᠤ ᠪᠢᠴᠢᠭᠦ) ᠳ᠋ᠤ ᠪᠠᠨ ᠡᠰᠭᠡᠵᠤ ᠭᠡᠷᠡᠭᠯᠡᠭᠦ ᠶᠢ ᠱᠠᠭᠠᠷᠳᠠᠨ᠎ᠠ᠃ 4. ᠰᠤᠷᠤᠭᠴᠢ ᠮᠠᠲ᠋ᠸᠷᠢᠶᠠᠯ ᠢ ᠭᠡᠷᠡᠭ᠍ᠴᠡᠭᠡᠨ ᠳᠤ ᠪᠠᠨ ᠳᠤᠭᠢᠷᠠᠭᠤᠯᠵᠤ ᠡᠰᠭᠡᠵᠤ ᠪᠣᠯᠪᠠᠰᠤᠷᠠᠭᠤᠯᠬᠤ ᠪᠠ ᠦᠵᠡᠯᠳᠠ ᠮᠠᠲ᠋ᠸᠷᠢᠶᠠᠯ ᠢ ᠠᠭᠤᠰᠬᠠᠵᠤ ᠪᠢᠴᠢᠭᠦ ᠳᠠᠯ᠎ᠠ ᠪᠠᠷ ᠭᠦᠷᠦᠯᠴᠡᠭᠦ ᠦᠭᠡᠶ ᠪᠣᠯᠤᠯᠴᠠᠭ᠎ᠠ ᠶᠡᠭᠡ ᠳᠤᠯᠠ ᠪᠠᠭᠰᠢ ᠡᠴᠠ ᠳᠦᠷᠢᠮᠴᠢᠯᠠᠨ ᠵᠢᠯᠤᠭᠤᠤᠠᠬᠤ ᠴᠢᠬᠤᠯᠠᠳᠠᠢ᠃ 5.ᠲ᠋ᠤᠰ ᠭᠢᠴᠢᠶᠠᠯ ᠳᠤ ᠵᠤᠬᠢᠶᠠᠭᠴᠢ ᠪᠠᠭ᠎ᠠ ᠶᠢᠨ ᠦᠶ᠎ᠡ ᠳᠤ ᠪᠠᠨ ᠣᠨᠢᠰᠤᠭ᠎ᠠ ᠳᠠᠭᠠᠵᠤ ᠪᠠᠢ᠌ᠭᠰᠠᠨ ᠶᠢᠡᠷ ᠰᠠᠳᠤᠪᠯᠠᠵᠤ ᠪᠢᠴᠢᠭ᠍ᠰᠡᠨ ᠢ ᠬᠠᠷᠠᠭᠠᠤᠨ᠂ ᠮᠠᠨ ᠤ ᠦᠨᠳᠦᠰᠦᠳᠠᠨ ᠤ ᠡᠪᠦᠭᠡ ᠳᠡᠭᠡᠳᠦᠰ ᠠᠯᠢ ᠡᠷᠳᠡᠨ ᠡᠴᠠ ᠡᠭᠢᠯᠡᠨ ᠳᠠᠭᠠᠷᠢᠯᠴᠠᠭ᠎ᠠ᠂ ᠭᠡᠯᠡ ᠵᠥᠭ᠍ᠰᠢᠷᠡᠭᠦᠯᠭᠦ ᠥᠭᠡ᠂ ᠠᠮᠢᠰᠬᠤᠯ ᠣᠷᠳᠤᠤᠠᠬᠠᠬᠤ ᠥᠭᠡ᠂ ᠵᠢᠷᠤᠭ᠎ᠠ ᠥᠭᠡ᠂ ᠬᠤᠯᠪᠣᠭ᠎ᠠ᠂ ᠣᠨᠢᠰᠤᠭ᠎ᠠ᠂ ᠵᠣᠢ᠌ᠷ ᠰᠠᠴᠠᠨ ᠥᠭᠡ᠂ ᠢᠷᠦᠭᠡᠯ ᠮᠠᠭᠳᠠᠭᠠᠯ ᠣᠩᠰᠢᠬᠤ᠂ ᠥᠯᠢᠭᠡᠷ ᠶᠠᠷᠢᠬᠤ ᠵᠡᠷᠭᠡ ᠠᠷᠠᠤᠨ ᠤᠨ ᠠᠮᠠᠨ ᠭᠡᠯᠪᠠᠷᠢ ᠪᠠᠷ ᠦᠷ᠎ᠡ ᠭᠡᠦᠭᠡᠤᠨ ᠤᠨ ᠶᠢᠡᠨ ᠥᠭᠡ ᠭᠡᠯᠡᠨ ᠤ ᠴᠢᠳᠠᠪᠣᠷᠢ᠂ ᠰᠢᠯᠦᠭᠯᠡᠭᠦ ᠠᠪᠢᠶᠠᠰ᠂ ᠣᠶᠤᠨ ᠤ ᠴᠢᠳᠠᠪᠣᠷᠢ ᠶᠢ ᠭᠦᠮᠦᠵᠢᠭᠦᠯᠵᠤ ᠪᠠᠢ᠌ᠭᠰᠠᠨ ᠨᠢ ᠰᠠᠨᠠᠭᠳᠠᠨ᠎ᠠ᠃ ᠭᠡᠳᠡᠯ᠎ᠡ ᠣᠳᠤᠭᠢᠴᠢᠯᠠᠭᠰᠠᠨ ᠡᠨᠡ ᠡᠷᠡᠨ ᠤ ᠭᠡᠦᠭᠡᠤᠨ ᠳᠸᠯᠸᠢᠰ᠂ ᠺᠤᠮᠫᠢᠦ᠋ᠲ᠋ᠧᠷ ᠱᠠᠭᠠᠢ᠌ᠬᠤ ᠨᠢ ᠢᠯᠡᠭᠦᠤ ᠪᠣᠯᠤᠭᠰᠠᠨ ᠡᠴᠠ ᠣᠯᠠᠮᠵᠢᠯᠠᠯᠳᠤ ᠰᠤᠶᠤᠯ ᠵᠠᠩᠰᠢᠯ ᠠᠯᠳᠠᠭᠳᠠᠭᠠᠤᠨ᠂ ᠣᠯᠠᠩᠭᠢ ᠰᠤᠷᠤᠭᠴᠢ ᠡᠳᠡᠭᠡᠷ ᠰᠤᠶᠤᠯ ᠤᠨ ᠳᠤᠬᠠᠢ ᠳᠠᠨᠢᠯᠳᠠ ᠪᠠᠯᠠᠷᠬᠠᠢ ᠪᠣᠯᠵᠠᠢ᠃ ᠳᠠᠢ᠌ᠮᠤ ᠡᠴᠠ ᠰᠤᠷᠤᠭᠴᠢ ᠶᠢᠨ ᠢᠵᠠᠭᠤᠷ ᠰᠤᠶᠤᠯ ᠶᠢᠡᠨ ᠵᠠᠯᠭᠠᠮᠵᠢᠯᠠᠵᠤ ᠣᠯᠠᠮᠵᠢᠯᠠᠬᠤ ᠣᠬᠠᠮᠰᠠᠷ ᠢ ᠳᠡᠭᠡᠭ᠍ᠰᠢᠯᠡᠭᠦᠯᠭᠦ᠂ ᠭᠡᠯᠡᠨ ᠤ ᠪᠣᠯᠪᠠᠰᠤᠷᠠᠯ ᠢ ᠴᠢᠩᠭ᠋ᠠᠤᠠᠬᠠᠬᠤ ᠶᠢᠨ ᠳᠦᠯᠦᠭᠡ ᠳᠤᠰᠬᠠᠢ᠌ᠯᠠᠨ ᠳᠠᠭᠠᠷᠢᠯᠴᠠᠭ᠎ᠠ ᠬᠤᠯᠪᠣᠭ᠎ᠠ ᠰᠤᠷᠴᠤ ᠴᠡᠭᠡᠵᠢᠯᠡᠭᠦ ᠶᠢ ᠳᠤᠭᠢᠷᠠᠭᠤᠯᠤᠭᠰᠠᠨ ᠶᠤᠮ᠃

ᠭᠤᠷᠪᠠ᠂ ᠰᠤᠷᠬᠤ ᠠᠵᠢᠯᠯᠠᠭᠠᠨ ᠤ ᠶᠠᠪᠣᠴᠠ ᠠᠷᠭ᠎ᠠ ᠶᠢᠨ ᠳᠤᠬᠠᠢ

ᠳᠤᠰ ᠭᠢᠴᠢᠶᠠᠯ ᠤᠨ ᠪᠦᠭᠦᠢᠯᠡ ᠰᠤᠷᠤᠯᠴᠠᠬᠤ ᠶᠠᠪᠣᠴᠠ ᠶᠢ ᠳᠦᠷᠪᠡᠨ ᠭᠢᠴᠢᠶᠠᠯ ᠤᠨ ᠴᠠᠭ ᠶᠢᠡᠷ ᠲᠦᠰᠤᠪᠯᠠᠵᠠᠢ᠃

ᠨᠢᠭᠡᠳᠦᠭᠡᠷ ᠭᠢᠴᠢᠶᠠᠯ ᠤᠨ ᠴᠠᠭ ᠄ ᠰᠤᠷᠤᠯᠴᠠᠬᠤ ᠣᠷᠴᠢᠨ ᠢ ᠪᠣᠢ ᠪᠣᠯᠭᠠᠵᠤ᠂ ᠰᠤᠷᠤᠯᠴᠠᠬᠤ ᠬᠠᠷᠠᠯᠳᠠ ᠪᠠᠨ ᠳᠤᠳᠤᠯᠠᠨ᠎ᠠ᠃

1. ᠰᠤᠷᠤᠭᠴᠢ ᠡᠴᠠ 《〈ᠶᠠᠰᠤᠨ ᠬᠤᠷᠤᠭᠠᠨ ᠳᠤ ᠮᠢᠬᠠᠨ ᠳᠤᠭᠤᠯ〉 ᠳᠠᠷᠠ ᠶᠠᠭᠤ ᠪᠣᠢ 》 ᠭᠡᠭᠦ ᠣᠨᠢᠰᠤᠭ᠎ᠠ ᠶᠢ ᠠᠰᠠᠭᠤᠭᠠᠤᠨ᠂ ᠮᠠᠨ ᠤ ᠳᠡᠭᠡᠳᠦᠰ ᠶᠠᠭᠤᠨ ᠳᠤ ᠠᠮᠠᠨ ᠳ᠋ᠠᠭᠢ 《ᠭᠡᠯᠡ》 ᠭᠢᠭᠡᠤᠨ ᠭᠡᠯᠡ ᠶᠠᠷᠢᠶᠠᠨ ᠤ 《ᠭᠡᠯᠡ》 ᠶᠢ ᠠᠳᠠᠯᠢᠬᠠᠨ ᠥᠭᠡ ᠶᠢ ᠭᠡᠷᠡᠭᠯᠡᠪᠡ ᠡᠨᠡ ᠠᠰᠠᠭᠤᠯᠳᠠ ᠶᠢ ᠠᠷᠳᠠᠢ ᠶᠠᠭᠤ ᠭᠡᠵᠤ ᠳᠠᠢ᠌ᠯᠪᠣᠷᠢᠯᠠᠭᠰᠠᠨ ᠪᠣᠯ ᠳᠠᠷᠠᠭ᠎ᠠ ᠭᠢᠴᠢᠶᠠᠯ ᠪᠣᠯᠳᠠᠯ᠎ᠠ ᠠᠷᠳᠠᠢ ᠶᠢᠨ 《ᠭᠡᠯᠡ》 ᠭᠡᠭᠦ ᠵᠤᠬᠢᠶᠠᠯ ᠢ ᠣᠩᠰᠢᠵᠤ ᠳᠤᠰ ᠠᠰᠠᠭᠤᠳᠠᠯ ᠢ ᠰᠢ᠌ᠤᠠᠪᠣᠷᠢᠯᠠᠨ᠎ᠡ᠃

2. ᠳᠠ ᠨᠡᠷ ᠣᠨᠢᠰᠤᠭ᠎ᠠ ᠳᠠᠭᠠᠵᠤ ᠨᠠᠭᠠᠳᠤᠳᠠᠭ ᠦᠦ ᠡᠨᠡ ᠨᠢ ᠣᠶᠤᠨ ᠰᠡᠳᠭᠢᠭᠦᠢ ᠪᠠᠨ ᠭᠦᠭ᠍ᠵᠢᠭᠦᠯᠭᠦ᠂ ᠥᠭᠡ ᠭᠡᠯᠡᠨ ᠤ ᠴᠢᠳᠠᠪᠣᠷᠢ ᠪᠠᠨ ᠪᠣᠯᠪᠠᠰᠤᠷᠠᠭᠤᠯᠬᠤ ᠰᠠᠢ᠌ᠬᠠᠨ ᠨᠠᠭᠠᠳᠤᠮ ᠶᠤᠮ᠃ ᠳᠠ ᠨᠡᠷ ᠡᠭᠦᠨ ᠡᠴᠠ ᠪᠣᠰᠤᠳ ᠶᠠᠮᠠᠷ ᠶᠠᠮᠠᠷ ᠭᠡᠯᠡ ᠪᠣᠯᠪᠠᠰᠤᠷᠠᠭᠤᠯᠬᠤ ᠵᠣᠢ᠌ᠯ ᠢ ᠮᠡᠳᠡᠭᠦ ᠪᠣᠢ ᠳᠠᠭᠠᠷᠢᠯᠴᠠᠭ᠎ᠠ ᠮᠡᠳᠡᠭᠦ ᠦᠦ᠂ ᠰᠤᠷᠤᠶ᠎ᠠ ᠭᠡᠵᠤ ᠰᠠᠨᠠᠵᠤ ᠪᠠᠢ᠌ᠨ᠎ᠠ ᠦᠦ ᠪᠢᠳᠠ ᠡᠨᠡ ᠴᠠᠭ ᠦᠪᠡᠷ ᠤᠨ ᠭᠡᠯᠡ ᠪᠠᠨ ᠪᠣᠯᠪᠠᠰᠤᠷᠠᠭᠤᠯᠬᠤ ᠶᠢᠨ ᠬᠠᠮᠳᠤ ᠦᠨᠳᠦᠰᠦᠳᠠᠨ ᠤ ᠳᠡᠦᠭᠡ ᠪᠠᠨ ᠣᠢ᠌ᠯᠠᠭᠠᠵᠤ᠂ ᠮᠠᠨ ᠤ ᠣᠯᠠᠮᠵᠢᠯᠠᠯᠳᠤ ᠰᠤᠶᠤᠯ ᠤᠨ ᠶᠢᠡᠨ ᠭᠤᠸ᠎ᠠ ᠰᠠᠢ᠌ᠬᠠᠨ ᠢ ᠡᠳ᠋ᠯᠡᠭᠦ ᠶᠢᠨ ᠳᠦᠯᠦᠭᠡ ᠳᠠᠭᠠᠷᠢᠯᠴᠠᠭ᠎ᠠ ᠬᠤᠯᠪᠣᠭ᠎ᠠ ᠰᠤᠷᠤᠶ᠎ᠠ᠃

3. ᠮᠤᠩᠭ᠋ᠤᠯ ᠳᠡᠦᠭᠡ ᠶᠢᠨ ᠠᠭᠤᠯᠭ᠎ᠠ ᠪᠦᠭᠦᠢ ᠳᠠᠭᠠᠷᠢᠯᠴᠠᠭ᠎ᠠ ᠬᠤᠯᠪᠣᠭ᠎ᠠ ᠰᠤᠷᠴᠤ ᠴᠡᠭᠡᠵᠢᠯᠡᠨ᠎ᠡ᠃

ᠳᠠᠭᠠᠷᠢᠯᠴᠠᠭ᠎ᠠ ( ᠵᠠᠳᠠᠭᠠᠢ᠂ ᠪᠢᠳᠡᠭᠦᠤ )

ᠡᠨ ᠄ ᠵᠠ ᠭᠦᠢ ᠥᠨᠡᠭᠡᠷ ᠳᠠᠢ᠌ᠮᠤ ᠦᠦ ᠳ᠋ᠠ \ ᠳᠡᠭᠡᠭᠦᠷ ᠨᠢᠰᠭᠦ ᠭᠠᠯᠠᠭᠤᠨ ᠳᠤ \ ᠳᠡᠭᠡᠰᠤ ᠬᠠᠶᠠᠭᠠᠤᠨ ᠶᠠᠭᠤ ᠭᠢᠨ᠎ᠡ   \ ᠳᠠᠭᠠᠷᠢᠯᠴᠠᠬᠤ ᠪᠠᠨ ᠮᠡᠳᠡᠭᠦ ᠦᠭᠡᠶ ᠴᠢᠮ᠎ᠠ ᠲᠡᠶ ᠳᠠᠭᠢᠵᠤ ᠭᠡᠯᠡᠯᠴᠡᠭᠡᠤᠨ ᠶᠠᠭᠤ ᠭᠢᠨ᠎ᠡ   \ ᠣᠷᠳᠤᠭᠤᠷ ᠭᠠᠷᠬᠤ ᠳᠠᠤᠯᠠᠢ ᠳᠤ \ ᠣᠷᠭ᠎ᠠ ᠬᠠᠶᠠᠭᠠᠤᠨ ᠶᠠᠭᠤ ᠭᠢᠨ᠎ᠡ   \ ᠣᠷᠤᠯᠳᠤᠬᠤ ᠪᠠᠨ ᠮᠡᠳᠡᠭᠦ ᠦᠭᠡᠶ ᠴᠢᠮ᠎ᠠ ᠲᠡᠶ \ ᠣᠷᠪᠠᠵᠤ ᠭᠡᠯᠡᠯᠴᠡᠭᠡᠤᠨ ᠶᠠᠭᠤ ᠭᠢᠨ᠎ᠡ

ᠡ ᠄ ᠵᠠ ᠭᠦᠢ ᠥᠨᠡᠭᠡᠷ ᠳᠠᠢ᠌ᠮᠤ ᠦᠦ ᠳ᠋ᠠ \ ᠭᠡᠯᠡᠯᠴᠡᠶ᠎ᠡ ᠭᠡᠪᠠᠯ ᠭᠡᠯᠡᠯᠴᠡᠶ᠎ᠡ \ ᠭᠡᠷᠡᠯᠳᠦᠭᠦ ᠡᠴᠠ ᠴᠢᠨᠢ ᠠᠶᠤᠨ᠎ᠠ ᠪᠢ \ ᠭᠡᠷᠡᠮ ᠤᠨ ᠰᠡᠭᠦᠳᠡᠷ ᠪᠠᠷᠢᠭᠠᠤᠨ ᠭᠦᠢ \ ᠳᠤᠳᠠᠭᠠᠬᠤ ᠡᠴᠠ ᠴᠢᠨᠢ ᠠᠶᠤᠨ᠎ᠠ ᠪᠢ \ ᠳᠠᠭᠠᠷᠢᠯᠴᠠᠶ᠎ᠠ ᠭᠡᠪᠠᠯ ᠳᠠᠭᠠᠷᠢᠯᠴᠠᠶ᠎ᠠ \ ᠳᠡᠢ᠌ᠯᠦᠭ᠍ᠳᠡᠭᠦ ᠡᠴᠠ ᠴᠢᠨᠢ ᠠᠶᠤᠨ᠎ᠠ ᠪᠢ \ ᠳ᠋ᠠᠢ᠌ᠰᠠ ᠪᠦᠰᠡ ᠪᠠᠨ ᠴᠢᠩᠭ᠋ᠠᠯᠠᠵᠤ ᠪᠠᠢ \ ᠳᠠᠷᠤᠵᠤ ᠣᠨᠠᠬᠤ ᠡᠴᠠ ᠴᠢᠨᠢ ᠠᠶᠤᠨ᠎ᠠ ᠪᠢ

ᠡᠨ ᠄ ᠵᠠ ᠭᠦᠢ ᠥᠨᠡᠭᠡᠷ ᠳᠠᠢ᠌ᠮᠤ ᠦᠦ ᠳ᠋ᠠ \ ᠳᠡᠭᠡᠳᠤ ᠳᠡᠭ᠍ᠷᠢ ᠡᠴᠠ ᠭᠡᠯᠡᠯᠴᠡᠶ᠎ᠡ \ ᠶᠠᠮᠠᠷ ᠣᠳᠤ ᠨᠢ ᠶᠡᠭᠡ ᠪᠣᠢ \ ᠳᠡᠯᠡᠭᠡᠢ ᠳ᠋ᠠᠭᠢᠨ ᠡᠴᠠ ᠭᠡᠯᠡᠯᠴᠡᠶ᠎ᠡ \ ᠶᠠᠮᠠᠷ ᠬᠠᠭᠠᠨ ᠨᠢ ᠶᠡᠭᠡ ᠪᠣᠢ \ ᠠᠨᠠᠪᠠᠤᠨ ᠳᠠᠯᠠᠢ ᠡᠴᠠ ᠭᠡᠯᠡᠯᠴᠡᠶ᠎ᠡ \ ᠶᠠᠮᠠᠷ ᠳᠠᠯᠠᠢ ᠨᠢ ᠶᠡᠭᠡ ᠪᠣᠢ \ ᠠᠯᠳᠠᠢ ᠭᠡᠯᠡᠳᠡᠨ ᠡᠴᠠ ᠭᠡᠯᠡᠯᠴᠡᠶ᠎ᠡ \ ᠶᠠᠮᠠᠷ ᠶᠠᠰᠤᠳᠠᠨ ᠨᠢ ᠠᠯᠳᠠᠷᠳᠠᠢ ᠪᠣᠢ

ᠡ ᠄ ᠵᠠ ᠭᠦᠢ ᠥᠨᠡᠭᠡᠷ ᠳᠠᠢ᠌ᠮᠤ ᠦᠦ ᠳ᠋ᠠ \ ᠳᠡᠭᠡᠳᠤ ᠳᠡᠭ᠍ᠷᠢ ᠡᠴᠠ ᠭᠡᠯᠡᠯᠴᠡᠶ᠎ᠡ \ ᠬᠠᠮᠤᠭ ᠡᠴᠠ ᠶᠡᠭᠡ ᠨᠢ ᠨᠠᠷᠠᠨ ᠭᠠᠷᠠᠭ \ ᠳᠡᠯᠡᠭᠡᠢ ᠳ᠋ᠠᠭᠢᠨ ᠡᠴᠠ ᠭᠡᠯᠡᠯᠴᠡᠶ᠎ᠡ \ ᠬᠠᠮᠤᠭ ᠡᠴᠠ ᠶᠡᠭᠡ ᠨᠢ ᠴᠢᠩᠭᠢᠰ ᠬᠠᠭᠠᠨ \ ᠠᠨᠠᠪᠠᠤᠨ ᠳᠠᠯᠠᠢ ᠡᠴᠠ ᠭᠡᠯᠡᠯᠴᠡᠶ᠎ᠡ \ ᠬᠠᠮᠤᠭ ᠡᠴᠠ ᠶᠡᠭᠡ ᠨᠢ ᠨᠤᠮᠤᠬᠠᠨ ᠳᠠᠯᠠᠢ \ ᠠᠯᠳᠠᠢ ᠭᠡᠯᠡᠳᠡᠨ ᠡᠴᠠ ᠭᠡᠯᠡᠯᠴᠡᠶ᠎ᠡ \ ᠬᠠᠮᠤᠭ ᠡᠴᠠ ᠠᠯᠳᠠᠷᠳᠠᠢ ᠨᠢ ᠮᠤᠩᠭ᠋ᠤᠯᠴᠤᠳ

ᠡᠨ ᠄ ᠵᠠ ᠭᠦᠢ ᠥᠨᠡᠭᠡᠷ ᠳᠠᠢ᠌ᠮᠤ ᠦᠦ ᠳ᠋ᠠ \ ᠪᠣᠷᠬᠠᠨ ᠬᠠᠯᠳᠤᠨ ᠠᠭᠤᠯᠠ ᠴᠢᠨᠢ \ ᠶᠠᠮᠠᠷ ᠳᠡᠦᠭᠡ ᠲᠡᠶ ᠭᠠᠵᠠᠷ ᠪᠢᠯᠠ \ ᠪᠦᠷᠳᠡ ᠴᠢᠨ᠋ᠸ᠎ᠠ ᠭᠡᠳᠡᠭ᠌ ᠴᠢᠨᠢ \ ᠶᠠᠮᠠᠷ ᠭᠦᠮᠤᠨ ᠤ ᠳᠡᠭᠡᠳᠤ ᠪᠢᠯᠠ \ ᠪᠣᠷᠵᠢᠭᠢᠨ ᠣᠪᠣᠭᠳᠠᠨ ᠤ ᠡᠭᠦᠰᠦᠯ ᠴᠢᠨᠢ \ ᠶᠠᠮᠠᠷ ᠭᠦᠮᠤᠨ ᠡᠴᠠ ᠡᠭᠢᠯᠡᠵᠤ ᠪᠢᠯᠠ \ ᠮᠦᠰᠤ ᠪᠠᠷ ᠭᠡᠦᠭᠡᠤᠨ ᠶᠢᠡᠨ ᠰᠤᠷᠭᠠᠭᠰᠠᠨ ᠨᠢ \ ᠶᠠᠮᠠᠷ ᠮᠡᠷᠭᠡᠨ ᠬᠠᠳᠤᠨ ᠪᠢᠯᠠ

ᠡ ᠄ ᠵᠠ ᠭᠦᠢ ᠥᠨᠡᠭᠡᠷ ᠳᠠᠢ᠌ᠮᠤ ᠦᠦ ᠳ᠋ᠠ \ ᠪᠣᠷᠬᠠᠨ ᠬᠠᠯᠳᠤᠨ ᠠᠭᠤᠯᠠ ᠴᠢᠨᠢ \ ᠮᠤᠩᠭ᠋ᠤᠯ ᠤᠨ ᠳᠡᠭᠡᠳᠦᠰ ᠤᠨ ᠥᠯᠦᠭᠡᠢ ᠰᠢᠤ \ ᠪᠦᠷᠳᠡ ᠴᠢᠨ᠋ᠸ᠎ᠠ ᠭᠡᠳᠡᠭ᠌ ᠴᠢᠨᠢ \ ᠮᠤᠩᠭ᠋ᠤᠯ ᠭᠦᠮᠤᠨ ᠤ ᠳᠡᠭᠡᠳᠤ ᠶᠤᠮ ᠰᠢᠤ \ ᠪᠣᠷᠵᠢᠭᠢᠨ ᠣᠪᠣᠭᠳᠠᠨ ᠤ ᠡᠭᠦᠰᠦᠯ ᠴᠢᠨᠢ \ ᠪᠣᠳᠤᠠᠴᠢᠷ ᠮᠤᠩᠬᠠᠭ ᠡᠴᠠ ᠡᠭᠢᠯᠡᠭ᠍ᠰᠡᠨ ᠰᠢᠤ \ ᠮᠦᠰᠤ ᠪᠠᠷ ᠭᠡᠦᠭᠡᠤᠨ ᠶᠢᠡᠨ ᠰᠤᠷᠭᠠᠭᠰᠠᠨ ᠨᠢ \ ᠠᠯᠤᠨ ᠭᠤᠸ᠎ᠠ ᠬᠠᠳᠤᠨ ᠶᠤᠮ ᠰᠢᠤ

ᠡᠨ ᠄ ᠵᠠ ᠭᠦᠢ ᠥᠨᠡᠭᠡᠷ ᠳᠠᠢ᠌ᠮᠤ ᠦᠦ ᠳ᠋ᠠ \ ᠪᠣᠭᠳᠠ ᠴᠢᠩᠭᠢᠰ ᠬᠠᠭᠠᠨ ᠴᠢᠨᠢ \ ᠭᠡᠳᠦᠢ ᠣᠨ ᠳᠤ ᠮᠠᠠᠳᠤᠯᠠᠪᠠ \ ᠪᠠᠭ᠎ᠠ ᠶᠢᠨ ᠦᠶ᠎ᠡ ᠶᠢᠨ ᠨᠠᠷ᠎ᠠ ᠶᠢ ᠨᠢ \ ᠭᠡᠨ ᠭᠡᠮᠡᠨ ᠳᠠᠭᠤᠳᠠᠳᠠᠭ ᠪᠣᠢ \ ᠳᠡᠭ᠍ᠷᠢᠯᠢᠭ᠌ ᠪᠣᠭᠳᠠ ᠴᠢᠩᠭᠢᠰ ᠤᠨ \ ᠡᠴᠢᠭᠡ ᠶᠢᠨ ᠭᠢᠨᠢ ᠠᠯᠳᠠᠷ ᠭᠡᠨ ᠪᠢᠯᠠ \ ᠳᠦᠷᠦᠭ᠍ᠰᠡᠨ ᠡᠭᠡ ᠶᠢᠨ ᠭᠢᠨᠢ ᠳᠦᠷᠭᠦᠮ ᠨᠢ \ ᠶᠠᠮᠠᠷ ᠠᠢ᠌ᠮᠠᠭ ᠪᠣᠯᠬᠤ ᠪᠢᠯᠠ

ᠡ ᠄ ᠵᠠ ᠭᠦᠢ ᠥᠨᠡᠭᠡᠷ ᠳᠠᠢ᠌ᠮᠤ ᠦᠦ ᠳ᠋ᠠ \ ᠪᠣᠭᠳᠠ ᠴᠢᠩᠭᠢᠰ ᠬᠠᠭᠠᠨ ᠴᠢᠨᠢ \ ᠬᠠᠷ᠎ᠠ ᠮᠤᠷᠢᠨ ᠵᠢᠯ ᠮᠠᠠᠳᠤᠯᠠᠵᠠᠢ \ ᠪᠠᠭ᠎ᠠ ᠶᠢᠨ ᠦᠶ᠎ᠡ ᠶᠢᠨ ᠨᠠᠷ᠎ᠠ ᠶᠢ ᠨᠢ \ ᠳᠠᠮᠤᠵᠢᠨ ᠭᠡᠮᠡᠨ ᠳᠠᠭᠤᠳᠠᠳᠠᠭ ᠡ \ ᠳᠡᠭ᠍ᠷᠢᠯᠢᠭ᠌ ᠪᠣᠭᠳᠠ ᠴᠢᠩᠭᠢᠰ ᠤᠨ \ ᠡᠴᠢᠭᠡ ᠶᠢᠨ ᠭᠢᠨᠢ ᠠᠯᠳᠠᠷ ᠢᠰᠡᠭᠡᠢ ᠰᠢᠤ \ ᠳᠦᠷᠦᠭ᠍ᠰᠡᠨ ᠡᠭᠡ ᠶᠢᠨ ᠭᠢᠨᠢ ᠳᠦᠷᠭᠦᠮ ᠨᠢ \ ᠣᠯᠬᠤᠨᠤᠳ ᠠᠢ᠌ᠮᠠᠭ ᠪᠣᠯᠬᠤ ᠶᠤᠮ ᠰᠢᠤ᠃

ᠡᠨ ᠄ ᠵᠠ ᠭᠦᠢ ᠥᠨᠡᠭᠡᠷ ᠳᠠᠢ᠌ᠮᠤ ᠦᠦ ᠳ᠋ᠠ \ ᠪᠦᠭᠦ ᠮᠤᠩᠭ᠋ᠤᠯ ᠢ ᠨᠢᠭᠡᠳᠭᠡᠭᠡᠤᠨ \ ᠭᠡᠳᠤᠨ ᠲᠦᠮᠡ ᠳᠤ ᠬᠤᠪᠢᠶᠠᠪᠠ \ ᠪᠦᠭᠦᠳᠡ ᠶᠢᠨ ᠳᠡᠭᠡᠷᠡᠭᠢ ᠵᠠᠷᠭᠤᠴᠢ ᠪᠠᠷ \ ᠶᠠᠮᠠᠷ ᠭᠦᠮᠤᠨ ᠢ ᠳᠤᠮᠢᠯᠠᠪᠠ \ ᠪᠦᠭᠡ ᠶᠢᠨ ᠱᠠᠰᠢᠨ ᠤ ᠰᠢᠳᠦᠯᠭᠡ ᠶᠢ \ ᠶᠠᠮᠠᠷ ᠭᠦᠮᠤᠨ ᠶᠢᠡᠷ ᠵᠠᠭᠢᠷᠤᠭᠤᠯᠪᠠ \ ᠪᠢᠴᠢᠭ᠌ ᠥᠰᠦᠭ᠌ ᠤᠨ ᠠᠵᠢᠯ ᠢ \ ᠶᠠᠮᠠᠷ ᠭᠦᠮᠤᠨ ᠶᠢᠡᠷ ᠭᠢᠯᠭᠡᠪᠡ

ᠡ ᠄ ᠵᠠ ᠭᠦᠢ ᠥᠨᠡᠭᠡᠷ ᠳᠠᠢ᠌ᠮᠤ ᠦᠦ ᠳ᠋ᠠ \ ᠪᠦᠭᠦ ᠮᠤᠩᠭ᠋ᠤᠯ ᠢ ᠨᠢᠭᠡᠳᠭᠡᠭᠡᠤᠨ \ ᠳᠦᠷᠪᠡᠨ ᠲᠦᠮᠡ ᠳᠤ ᠬᠤᠪᠢᠶᠠᠪᠠ \ ᠪᠦᠭᠦᠳᠡ ᠶᠢᠨ ᠳᠡᠭᠡᠷᠡᠭᠢ ᠵᠠᠷᠭᠤᠴᠢ ᠪᠠᠷ \ ᠰᠢᠭᠢᠬᠤᠳᠤᠭ ᠢ ᠳᠤᠮᠢᠯᠠᠪᠠ \ ᠪᠦᠭᠡ ᠶᠢᠨ ᠱᠠᠰᠢᠨ ᠤ ᠰᠢᠳᠦᠯᠭᠡ ᠶᠢ \ ᠣᠰᠤᠨ ᠡᠪᠦᠭᠡᠨ ᠶᠢᠡᠷ ᠵᠠᠭᠢᠷᠤᠭᠤᠯᠵᠠᠢ \ ᠪᠢᠴᠢᠭ᠌ ᠥᠰᠦᠭ᠌ ᠤᠨ ᠠᠵᠢᠯ ᠢ \ ᠳᠠᠳᠠᠳᠤᠩᠭ᠋᠎ᠠ ᠪᠠᠷ ᠭᠢᠯᠭᠡᠵᠡᠢ᠃

ᠬᠠᠮᠳᠤ ᠪᠠᠷ᠄ ᠵᠠ ᠭᠦᠢ ᠥᠨᠡᠭᠡᠷ ᠳᠠᠢ᠌ᠮᠤ ᠦᠦ ᠳ᠋ᠠ \ ᠭᠦᠨ ᠨᠠᠭᠤᠷ ᠤᠨ ᠣᠰᠤ ᠶᠢ \ ᠬᠤᠠᠳᠠᠭ᠎ᠠ ᠪᠠᠷ ᠭᠡᠵᠢᠶ᠎ᠡ ᠭᠡᠮᠵᠢᠨ᠎ᠡ ᠳ᠋ᠠ \ ᠬᠤᠯᠪᠣᠭ᠎ᠠ ᠰᠢᠯᠦᠭ᠌ ᠬᠤᠶᠠᠷ ᠢ \ ᠭᠡᠵᠢᠶ᠎ᠡ ᠭᠡᠯᠡᠯᠴᠡᠭᠡᠤᠨ ᠪᠠᠷᠠᠨ᠎ᠠ ᠳ᠋ᠠ

ᠬᠤᠶᠠᠳᠤᠭᠠᠷ ᠭᠢᠴᠢᠶᠠᠯ ᠤᠨ ᠴᠠᠭ ᠄ ᠰᠤᠷᠤᠭᠴᠢ ᠪᠠᠶ᠎ᠠ ᠪᠠᠨ ᠳᠠᠭᠠᠭᠠᠵᠤ ᠭᠢᠴᠢᠶᠠᠯ ᠢ ᠣᠩᠰᠢᠵᠤ ᠣᠢ᠌ᠯᠠᠭᠠᠨ᠎ᠠ᠃

1. ᠳᠡᠭᠡᠷ᠎ᠡ ᠴᠠᠭ ᠤᠨ ᠠᠰᠠᠭᠤᠯᠳᠠ ᠪᠠᠷ ᠰᠤᠷᠤᠭᠴᠢ ᠶᠢᠨ ᠭᠢᠴᠢᠶᠠᠯ ᠤᠨ ᠭᠠᠳᠠᠨ᠎ᠠ ᠭᠢᠴᠢᠶᠠᠯ ᠶᠢᠡᠨ ᠣᠩᠰᠢᠭᠰᠠᠨ ᠡᠰᠡᠭᠦ ᠶᠢ ᠪᠠᠢ᠌ᠴᠠᠭᠠᠨ᠎ᠠ ( ᠠᠷᠳᠠᠢ ᠡᠴᠠ ᠦᠨᠳᠦᠰᠦᠳᠠᠨ ᠤ ᠥᠭᠡ ᠭᠡᠯᠡ ᠪᠠᠨ ᠠᠯᠳᠠᠪᠠᠯ ᠭᠡᠯᠡ ᠪᠠᠨ ᠣᠭᠳᠤᠯᠤᠭᠤᠯᠤᠭᠰᠠᠨ ᠲᠡᠶ ᠠᠳᠠᠯᠢ ᠭᠡᠵᠤ᠂ ᠠᠮᠠᠨ ᠳ᠋ᠠᠭᠢ 《ᠭᠡᠯᠡ》 ᠭᠢᠭᠡᠤᠨ ᠭᠡᠯᠡ ᠶᠠᠷᠢᠶᠠᠨ ᠤ 《ᠭᠡᠯᠡ》 ᠨᠢ ᠦᠨᠡᠨ ᠳᠤ ᠪᠠᠨ ᠨᠢᠭᠡ ᠯᠠ ᠣᠬᠠᠭᠳᠠᠬᠤᠨ ᠶᠤᠮ ᠪᠠᠢ᠌ᠵᠤ ᠰᠢᠤ ᠭᠡᠵᠤ ᠣᠬᠠᠭᠠᠷᠠᠭᠰᠠ )᠃ 2. ᠵᠤᠬᠢᠶᠠᠯ ᠶᠢᠡᠨ ᠨᠠᠷᠢᠯᠢᠭ ᠣᠩᠰᠢᠵᠤ᠂ ᠳᠤᠭᠤᠵᠤ ᠪᠠᠬᠠᠷᠬᠠᠭᠰᠠᠨ ᠪᠣᠶᠤ ᠰᠤᠩᠭ᠋ᠤᠳᠠᠭ ᠭᠡᠯᠡᠯᠭᠡ ᠶᠢ ᠨᠢ ᠴᠠᠪᠠᠷ ᠪᠢᠴᠢᠯᠭᠡ ᠶᠢᠨ ᠳᠠᠰᠬᠠᠯ ᠳᠡᠭᠡᠷ᠎ᠡ ᠪᠠᠨ ᠳᠡᠭᠦᠵᠤ ᠪᠢᠴᠢᠨ᠎ᠠ ( ᠡᠭᠦᠨ ᠶᠢᠡᠷ ᠳᠠᠮᠵᠢᠨ ᠣᠢ᠌ᠯᠠᠭᠠᠯᠳᠠ ᠶᠢ ᠨᠢ ᠭᠦᠡᠵᠡᠭᠡᠢ᠌ᠷᠡᠭᠦᠯᠤᠨ᠂ ᠵᠦᠪ ᠪᠢᠴᠢᠯᠭᠡ ᠶᠢᠨ ᠪᠣᠯᠪᠠᠰᠤᠷᠠᠯ ᠭᠢᠨ᠎ᠡ )᠃ 3. ᠵᠤᠬᠢᠶᠠᠯ ᠳ᠋ᠠᠭᠢ ᠥᠭᠡ ᠶᠢ ᠰᠤᠨᠤᠰᠴᠤ ᠪᠢᠴᠢᠭᠦ ᠪᠠ ᠢᠵᠠᠭᠤᠷ ᠳᠠᠭᠠᠪᠣᠷᠢ ᠪᠠᠷ ᠵᠠᠳᠠᠯᠤᠭᠤᠯᠬᠤ ᠪᠠᠷ ᠳᠠᠮᠵᠢᠨ ᠥᠭᠡ ᠡᠵᠡᠮᠰᠢᠯ ᠪᠠ ᠣᠩᠰᠢᠯᠭ᠎ᠠ ᠶᠢᠨ ᠨᠠᠷᠢᠯᠢᠭ ᠤᠨ ᠭᠡᠮᠵᠢᠶ᠎ᠡ ᠶᠢ ᠪᠠᠢ᠌ᠴᠠᠭᠠᠨ᠎ᠠ᠃ ① ᠰᠤᠨᠤᠰᠴᠤ ᠪᠢᠴᠢᠭᠦ ᠠᠷᠤᠭ ᠳᠦᠭᠦᠷᠴᠢᠭᠡᠨ᠎ᠡ᠂ ᠠᠷᠭᠠᠯ ᠳᠡᠭᠦᠨ᠎ᠡ ᠭᠡᠳᠡᠭ᠌ ᠳᠠᠮᠤ᠂ ᠭᠡᠵᠢᠭᠡ ᠪᠠᠨ ᠵᠤᠮᠠᠭᠠᠳᠠᠭ᠂ ᠴᠢᠨᠠᠵᠤ ᠪᠣᠯᠭᠤᠴᠢᠬᠠᠳᠠᠭ᠂ ᠣᠨᠢᠰᠤᠭ᠎ᠠ ᠳᠠᠭᠠᠬᠤ᠂ ᠰᠠᠯᠭᠢᠨ᠎ᠠ ᠬᠠᠯᠢᠭᠤᠷᠠᠬᠤ᠂ ᠪᠠᠶ᠎ᠠ ᠪᠠᠨ ᠥᠷᠦᠪᠳᠦᠳᠡᠭ᠌᠂ ᠥᠰᠦᠭ᠌ ᠳᠠᠷᠤᠮᠠᠯᠯᠠᠬᠤ ②ᠢᠵᠠᠭᠤᠷ ᠳᠠᠭᠠᠪᠣᠷᠢ ᠪᠠᠷ ᠵᠠᠳᠠᠯ᠃ ᠳᠤᠳᠤᠷᠬᠠᠢ ᠊᠊᠊᠊᠊᠊᠊᠊᠊᠊᠊᠊᠊᠊᠊ ᠨᠠᠢ᠌ᠷᠠᠭᠤᠯᠬᠤ ᠊᠊᠊᠊᠊᠊᠊᠊᠊᠊᠊᠊᠊᠊᠊ ᠠᠮᠢᠯᠠᠭᠤᠯᠵᠤ ᠊᠊᠊᠊᠊᠊᠊᠊᠊᠊᠊᠊᠊᠊᠊ ᠰᠡᠷᠭᠦᠭᠡᠵᠤ ᠊᠊᠊᠊᠊᠊᠊᠊᠊᠊᠊᠊᠊᠊᠊ ᠳᠠᠷᠤᠮᠠᠯᠯᠠᠬᠤ᠃ 4. ᠬᠠᠮᠳᠤ ᠪᠠᠷ ᠰᠤᠩᠭ᠋ᠤᠳᠠᠭ ᠭᠡᠯᠡᠯᠭᠡ ᠶᠢ ᠡᠷᠢᠵᠤ ᠭᠠᠷᠭᠠᠭᠠᠤᠨ᠂ ᠣᠤᠠᠬ᠎ᠠ ᠶᠢ ᠨᠢ ᠣᠢ᠌ᠯᠠᠭᠠᠭᠰᠠᠨ ᠤ ᠳᠠᠷᠠᠭ᠎ᠠ ᠴᠡᠭᠡᠵᠢᠯᠡᠨ᠎ᠡ᠃ ①ᠭᠡᠯᠡ ᠭᠡᠮᠡᠭ᠍ᠴᠢ ᠬᠣᠢ᠌ᠴᠢ ᠦᠶ᠎ᠡ ᠪᠠᠷ ᠶᠢᠡᠨ ᠳᠠᠮᠵᠢᠨ ᠮᠥᠩᠭᠡ ᠳᠠᠭᠤᠷᠢᠰᠤᠭᠴᠢ ᠵᠢᠷᠦᠭᠡᠨ ᠤ ᠢᠯᠠ ᠴᠤᠭᠢᠯᠭ᠎ᠠ ᠪᠣᠶᠤ ②ᠨᠠᠷᠠ ᠪᠠᠢ᠌ᠭᠠᠤᠨ ᠮᠥᠭᠦᠭ᠍ᠰᠡᠨ ᠭᠡᠯᠡ ᠶᠢ ᠠᠮᠢᠯᠠᠭᠤᠯᠵᠤ ᠴᠢᠳᠠᠬᠤ ᠦᠭᠡᠶ᠂ ᠭᠡᠯᠡ ᠭᠦᠭ᠍ᠵᠢᠭᠡᠤᠨ ᠪᠦᠭᠦᠭ᠍ᠰᠡᠨ ᠨᠠᠷᠠ ᠶᠢ ᠰᠡᠷᠭᠦᠭᠡᠵᠤ ᠴᠢᠳᠠᠨ᠎ᠠ ᠁ ( ᠳᠤᠪᠴᠢᠯᠠᠪᠠ )

ᠭᠤᠷᠪᠠᠳᠤᠭᠠᠷ ᠭᠢᠴᠢᠶᠠᠯ ᠤᠨ ᠴᠠᠭ ᠄ ᠭᠢᠴᠢᠶᠠᠯ ᠢ ᠪᠦᠭᠦᠯᠢ ᠴᠤᠭᠴᠠ ᠡᠴᠠ ᠨᠢ ᠣᠢ᠌ᠯᠠᠭᠠᠵᠤ᠂ ᠳᠠᠭᠤᠷᠢᠶᠠᠵᠤ ᠪᠢᠴᠢᠨ᠎ᠡ᠃

1. ᠰᠤᠷᠤᠭᠴᠢ ᠶᠢᠨ ᠵᠤᠬᠢᠶᠠᠯ ᠢ ᠣᠩᠰᠢᠵᠤ ᠣᠢ᠌ᠯᠠᠭᠠᠭᠰᠠᠨ ᠪᠠᠢ᠌ᠳᠠᠯ ᠢ ᠭᠡᠰᠡᠭ᠌ ᠪᠦᠯᠦᠭ᠌ ᠤᠨ ᠠᠭᠤᠯᠭ᠎ᠠ ᠳᠤ ᠴᠢᠭᠯᠡᠭᠦᠯᠵᠤ᠂ ᠳᠤᠤᠷᠠᠭᠢ ᠳᠦᠷᠪᠡᠨ ᠠᠰᠠᠭᠤᠯᠳᠠ ᠪᠠᠷ ᠪᠠᠢ᠌ᠴᠠᠭᠠᠨ᠎ᠠ᠃ ① 《ᠭᠢᠴᠢᠶᠠᠯ ᠤᠨ ᠨᠢᠭᠡᠳᠦᠭᠡᠷ ᠭᠡᠰᠡᠭ᠌ ᠲᠤ ᠶᠠᠭᠤᠨ ᠡᠴᠠ ᠰᠠᠳᠤᠪ ᠠᠪᠴᠤ ᠶᠠᠮᠠᠷ ᠦᠵᠡᠯᠳᠠ ᠶᠢ ᠳᠤᠷᠠᠳᠤᠨ ᠶᠠᠮᠠᠷ ᠰᠠᠨᠠᠭ᠎ᠠ ᠪᠠᠨ ᠢᠯᠡᠳᠭᠡᠭᠦ ᠭᠡᠰᠡᠨ ᠪᠣᠢ ᠡᠨᠡ ᠨᠢ ᠵᠤᠬᠢᠶᠠᠯ ᠤᠨ ᠭᠠᠷᠴᠠᠭ ᠲᠡᠶ ᠶᠠᠮᠠᠷ ᠬᠤᠯᠪᠣᠭ᠎ᠠ ᠲᠡᠶ ᠪᠣᠢ 》 ᠭᠡᠭᠦ ᠠᠰᠠᠭᠤᠯᠳᠠ ᠪᠠᠷ 《ᠳᠦᠷᠦᠭ᠍ᠰᠡᠨ ᠡᠴᠠ ᠪᠠᠨ ᠠᠪᠣᠭᠠᠤᠨ 〈ᠨᠢᠭᠡ ᠴᠤ ᠥᠭᠡ ᠶᠠᠷᠢᠭ᠎ᠠ ᠦᠭᠡᠶ〉 ᠪᠦᠯᠤ ᠦᠬᠢᠨ ᠳᠡᠭᠦᠤ ᠡᠴᠠ ᠪᠠᠨ ᠰᠠᠳᠤᠪ ᠠᠪᠴᠤ᠂ ᠳᠠᠤᠠᠬᠠᠯ ᠤᠨ ᠭᠦᠴᠤᠨ ᠤ ᠬᠤᠤᠷ ᠨᠥᠯᠦᠭᠡ ᠶᠢ ᠳᠤᠷᠠᠳᠤᠨ᠂ ᠡᠭᠡ ᠭᠡᠯᠡ ᠪᠠᠨ ᠬᠠᠶᠠᠭᠠᠤᠨ᠂ ᠮᠠᠷᠳᠠᠭᠠᠤᠨ᠂ ᠣᠮᠳᠤᠭᠠᠢ᠌ᠯᠠᠭᠠᠤᠨ 〈ᠡᠢ᠌ᠮᠤ ᠪᠠᠢ᠌ᠬᠤ ᠨᠢ ᠵᠣᠢ᠌ᠳᠠᠢ ᠶᠤᠮ ᠰᠢᠭ᠌〉 ᠳᠠᠰᠬᠤ ᠳᠤ ᠭᠦᠷᠪᠠᠯ ᠳᠤᠩ ᠠᠶᠤᠯ ᠲᠡᠶ ᠪᠣᠯᠬᠤ ᠶᠢ ᠰᠡᠷᠡᠮᠵᠢᠯᠡᠭᠦᠯᠦᠭ᠍ᠰᠡᠨ》 ᠭᠡᠳᠡᠭ᠌ ᠢ ᠬᠠᠮᠳᠤ ᠪᠠᠷ ᠶᠠᠷᠢᠯᠴᠠᠬᠤ ᠭᠢᠭᠡᠤᠨ ᠰᠡᠩᠭᠡᠷᠡᠭᠦᠯᠤᠨ ᠵᠢᠯᠤᠭᠤᠤᠠᠬᠤ ᠶᠢ ᠣᠶᠠᠯᠳᠤᠭᠤᠯᠵᠤ ᠣᠢ᠌ᠯᠠᠭᠠᠨ᠎ᠠ᠃ ② 《ᠵᠤᠬᠢᠶᠠᠯ ᠤᠨ ᠬᠤᠶᠠᠳᠤᠭᠠᠷ ᠭᠡᠰᠡᠭ᠌ ᠲᠤ ᠶᠠᠭᠤᠨ ᠡᠴᠠ ᠰᠠᠳᠤᠪᠯᠠᠵᠤ᠂ ᠶᠠᠮᠠᠷ ᠦᠵᠡᠯᠳᠠ ᠪᠠᠨ ᠢᠯᠡᠳᠭᠡᠪᠡ》 ᠭᠡᠭᠦ ᠠᠰᠠᠭᠤᠯᠳᠠ ᠪᠠᠷ 《ᠣᠨᠢᠰᠤᠭ᠎ᠠ ᠳᠠᠭᠠᠵᠤ ᠨᠠᠭᠠᠤᠠᠴᠤ ᠪᠠᠢ᠌ᠭᠰᠠᠨ ᠪᠠᠭ᠎ᠠ ᠶᠢᠨ ᠦᠶ᠎ᠡ ᠶᠢᠨ ᠭᠡᠷᠡᠭ᠌ ᠣᠴᠢᠷ ᠶᠢᠡᠷ ᠰᠠᠳᠤᠪᠯᠠᠵᠤ᠂ ᠭᠡᠯᠡ ᠪᠠᠨ ᠬᠠᠶᠠᠪᠠᠯ ᠭᠡᠯᠡ ᠪᠠᠨ ᠣᠭᠳᠤᠯᠤᠭᠤᠯᠤᠭᠰᠠᠨ ᠲᠡᠶ ᠠᠳᠠᠯᠢ᠂ ᠭᠡᠯᠡ ᠪᠣᠯ ᠮᠠᠨ ᠤ ᠰᠤᠶᠤᠯ ᠤᠨ ᠠᠮᠢ ᠭᠡᠵᠤ ᠣᠬᠠᠭᠠᠷᠠᠪᠠᠯ ᠭᠡᠯᠡ ᠪᠠᠨ ᠬᠠᠶᠠᠵᠤ ᠣᠮᠳᠤᠭᠠᠢ᠌ᠯᠠᠪᠠᠯ ᠠᠮᠢ ᠨᠠᠰᠤ ᠪᠠᠨ ᠬᠠᠶᠠᠵᠤ ᠣᠮᠳᠤᠭᠠᠢ᠌ᠯᠠᠭᠰᠠᠨ ᠲᠡᠶ ᠠᠳᠠᠯᠢ ᠪᠣᠯᠤᠨ᠎ᠠ》 ᠭᠡᠳᠡᠭ᠌ ᠢ ᠣᠢ᠌ᠯᠠᠭᠠᠨ᠎ᠠ᠃ ③ 《ᠵᠤᠬᠢᠶᠠᠯ ᠤᠨ ᠭᠤᠷᠪᠠᠳᠤᠭᠠᠷ ᠭᠡᠰᠡᠭ᠌ ᠲᠤ ᠶᠠᠭᠤᠨ ᠡᠴᠠ ᠰᠠᠳᠤᠪᠯᠠᠵᠤ᠂ ᠶᠠᠭᠤ ᠶᠢ ᠰᠢᠭᠦᠮᠵᠢᠯᠡᠪᠡ》 ᠭᠡᠭᠦ ᠠᠰᠠᠭᠤᠯᠳᠠ ᠪᠠᠷ 《ᠨᠢᠭᠡ ᠮᠤᠩᠭ᠋ᠤᠯ ᠨᠠᠢ᠌ᠵᠠ ᠶᠢᠨ ᠶᠠᠷᠢᠶᠠᠨ ᠡᠴᠠ ᠰᠠᠳᠤᠪ ᠠᠪᠴᠤ᠂ ᠪᠣᠷᠤᠭᠤ ᠦᠵᠡᠯᠳᠠ ᠶᠢ ᠨᠢ ᠨᠢᠴᠤᠭᠠᠬᠤ ᠪᠠᠷ ᠳᠠᠮᠵᠢᠨ ᠡᠭᠡ ᠭᠡᠯᠡ ᠪᠠᠨ ᠰᠤᠷᠴᠤ ᠭᠡᠷᠡᠭᠯᠡᠭᠦ ᠶᠢᠨ ᠴᠢᠬᠤᠯᠠ ᠴᠢᠨᠠᠷ ᠢ ᠥᠭᠦᠯᠡᠵᠤ᠂ 〈ᠭᠡᠯᠡ ᠭᠡᠮᠡᠭ᠍ᠴᠢ ᠬᠣᠢ᠌ᠴᠢ ᠦᠶ᠎ᠡ ᠪᠠᠷ ᠶᠢᠡᠨ ᠳᠠᠮᠵᠢᠨ ᠮᠥᠩᠭᠡ ᠳᠠᠭᠤᠷᠢᠰᠤᠭᠴᠢ ᠵᠢᠷᠦᠭᠡᠨ ᠤ ᠢᠯᠠ ᠴᠤᠭᠢᠯᠭ᠎ᠠ〉 ᠭᠡᠮᠡᠨ᠂ ᠭᠡᠦᠭᠡᠤᠨ ᠶᠢᠡᠨ ᠭᠢᠳᠠᠤᠨ ᠰᠤᠷᠭᠠᠭᠤᠯᠢ ᠳᠤ ᠥᠭ᠍ᠴᠤ ᠪᠠᠢ᠌ᠭ᠎ᠠ ᠭᠦᠮᠦᠰ ᠢ ᠰᠢᠭᠦᠮᠵᠢᠯᠡᠵᠡᠢ》 ᠭᠡᠳᠡᠭ᠌ ᠢ ᠣᠢ᠌ᠯᠠᠭᠠᠨ᠎ᠠ᠃ ④ 《ᠳᠦᠷᠪᠠᠳᠦᠭᠡᠷ ᠭᠡᠰᠡᠭ᠌ ᠲᠤ ᠶᠠᠭᠤᠨ ᠡᠴᠠ ᠰᠠᠳᠤᠪᠯᠠᠵᠤ ᠮᠤᠩᠭ᠋ᠤᠯᠴᠤᠳ ᠶᠢᠡᠨ ᠶᠠᠭᠤ ᠭᠡᠵᠤ ᠣᠷᠢᠶᠠᠯᠠᠪᠠ》 ᠭᠡᠭᠦ ᠠᠰᠠᠭᠤᠯᠳᠠ ᠪᠠᠷ 《ᠦᠪᠣᠷ ᠮᠤᠩᠭ᠋ᠤᠯ ᠤᠨ ᠶᠡᠭᠡ ᠰᠤᠷᠭᠠᠭᠤᠯᠢ ᠳᠤ ᠰᠤᠷᠤᠯᠴᠠᠭᠰᠠᠨ ᠶᠢᠡᠷ ᠶᠢᠡᠨ ᠰᠠᠳᠤᠪᠯᠠᠵᠤ᠂ ᠡᠭᠡ ᠭᠡᠯᠡ ᠪᠠᠷ ᠶᠢᠡᠨ ᠶᠠᠮᠠᠷᠪᠠ ᠰᠢᠡᠵᠢᠯᠡᠭᠦ ᠣᠬᠠᠭᠠᠨ ᠮᠡᠷᠭᠡᠵᠢᠯ ᠢ ᠰᠤᠷᠴᠤ ᠡᠵᠡᠮᠰᠢᠵᠤ ᠳᠡᠢ᠌ᠯᠭᠦ ᠪᠦᠭᠡᠤᠨ ᠦᠨᠳᠦᠰᠦᠳᠠᠨ ᠶᠠᠰᠤᠳᠠᠨ ᠴᠢᠨᠠᠭᠰᠢᠯᠠᠭᠠᠤᠨ ᠭᠦᠮᠤᠨ ᠲᠦᠷᠦᠯᠭᠢᠳᠠᠨ ᠤ ᠨᠡᠢ᠌ᠭᠡᠮ ᠤᠨ ᠭᠦᠭ᠍ᠵᠢᠯᠳᠡ ᠳᠤ ᠵᠢᠦᠡᠭᠦᠯ ᠥᠵᠡᠭᠦᠯᠵᠤ ᠪᠣᠯᠤᠨ᠎ᠠ᠂ ᠪᠣᠯᠤᠨ᠎ᠠ ᠭᠡᠵᠤ ᠭᠢᠪᠠᠯ ᠰᠠ‍‌ᠶᠢ ᠪᠣᠯᠤᠨ᠎ᠠ ᠭᠡᠵᠤ ᠮᠤᠩᠭ᠋ᠤᠯᠴᠤᠳ ᠶᠢᠡᠨ ᠣᠷᠢᠶᠠᠯᠠᠭᠰᠠᠨ ᠪᠠᠢ᠌ᠨ᠎ᠠ》 ᠭᠡᠳᠡᠭ᠌ ᠢ ᠣᠯᠠᠮ ᠭᠦᠡᠵᠡᠭᠡᠢ ᠳᠠᠨᠢᠨ᠎ᠠ᠃ ᠮᠦᠨ ᠴᠤ ᠳᠡᠭᠡᠷᠡᠭᠢ ᠳᠦᠷᠪᠡᠨ ᠠᠰᠠᠭᠤᠯᠳᠠ ᠪᠠᠷ ᠳᠠᠮᠵᠢᠨ ᠵᠤᠬᠢᠶᠠᠯ ᠤᠨ 《ᠶᠠᠮᠠᠷ ᠨᠢᠭᠡᠨ ᠭᠡᠷᠡᠭ᠌ ᠣᠴᠢᠷ ᠡᠴᠠ ᠰᠠᠳᠤᠪ ᠠᠪᠴᠤ ᠦᠪᠡᠷ ᠤᠨ ᠦᠵᠡᠯᠳᠠ ᠳᠠᠨᠢᠯᠳᠠ ᠪᠠᠨ ᠪᠣᠳᠠᠳᠠᠢ ᠲᠡᠶ ᠣᠶᠠᠯᠳᠤᠭᠤᠯᠵᠤ ᠪᠢᠴᠢᠭᠦ》 ᠪᠢᠴᠢᠯᠭᠡ ᠶᠢᠨ ᠭᠡᠪ ᠵᠠᠭᠪᠣᠷ ᠤᠨ ᠳᠤᠬᠠᠢ ᠰᠤᠷᠤᠭᠴᠢ ᠳᠤ ᠵᠤᠭᠢᠬᠤ ᠨᠥᠯᠦᠭᠡ ᠲᠡᠶ ᠪᠣᠯᠬᠤ ᠳᠤ ᠨᠢ ᠳᠤᠰᠠᠯᠠᠨ᠎ᠠ᠃ 2. 《ᠦᠪᠣᠷ ᠮᠤᠩᠭ᠋ᠤᠯ ᠤᠨ ᠵᠠᠯᠠᠭᠤᠴᠤᠳ》 (2012.7) ᠰᠡᠳᠭᠦᠯ ᠳ᠋ᠠᠭᠢ 《ᠪᠢ ᠭᠠᠭᠴᠠᠭᠠᠷ ᠶᠢᠡᠨ ᠪᠠᠢ᠌ᠨ᠎ᠠ》 ᠭᠡᠭᠦ ᠵᠤᠬᠢᠶᠠᠯ ᠤᠨ ᠭᠤᠷᠪᠠᠨ ᠥᠯᠢᠭᠡᠷ ᠢ ᠣᠩᠰᠢᠭᠤᠯᠤᠭᠠᠤᠨ 《ᠭᠡᠯᠡ》 ᠭᠡᠭᠦ ᠵᠤᠬᠢᠶᠠᠯ ᠳᠤ ᠪᠣᠳᠠᠳᠠᠢ ᠵᠢᠱᠢᠶ᠎ᠠ ᠪᠠᠷ ᠭᠡᠷᠡᠭᠯᠡᠪᠠᠯ ᠠᠯᠢ ᠠᠯᠢ ᠭᠡᠰᠡᠭ᠌ ᠲᠤ ᠨᠢ ᠡᠰᠭᠡᠵᠤ ᠭᠡᠷᠡᠭᠯᠡᠵᠤ ᠪᠣᠯᠬᠤ ᠳᠤᠬᠠᠢ ᠰᠡᠳᠭᠢᠭᠦᠯᠵᠤ᠂ ᠬᠠᠮᠳᠤ ᠪᠠᠷ ᠶᠠᠷᠢᠯᠴᠠᠨ᠂ ᠰᠠᠨᠠᠯ ᠶᠢᠡᠨ ᠰᠤᠯᠢᠯᠴᠠᠨ᠎ᠠ᠃ ᠥᠯᠢᠭᠡᠷ ᠤᠨ ᠳᠣᠢ᠌ᠮᠤ ᠨᠢ ᠳᠤᠤᠷᠠᠭᠢ ᠮᠠᠳᠤ ᠄ ᠥᠯᠢᠭᠡᠷ ᠨᠢᠭᠡ ᠄ ᠴᠢᠳᠠᠪᠣᠷᠢᠳᠠᠨ ᠡᠯᠰᠡᠭᠦ ᠰᠢᠯᠭᠠᠯᠳᠠ ᠳᠤ ᠣᠷᠤᠯᠴᠠᠬᠤ ᠭᠢᠳᠠᠤᠨ ᠮᠤᠩᠭ᠋ᠤᠯ ᠪᠠᠭᠰᠢ ᠨᠡᠷ ᠤᠨ ᠳᠤᠳᠤᠷ᠎ᠠ ᠡᠴᠠ ᠨᠠᠷ᠎ᠠ ᠪᠦᠷᠢᠦᠡᠭᠡᠭᠦᠯᠭᠦ ᠳᠤ᠂ ᠡᠭᠢᠨ ᠳᠤ ᠪᠠᠨ ᠭᠡᠳᠤᠨ ᠭᠦᠮᠤᠨ ᠮᠤᠩᠭ᠋ᠤᠯ ᠶᠢᠡᠷ ᠬᠠᠷᠢᠭᠤ ᠥᠭ᠍ᠴᠤ ᠪᠠᠢ᠌ᠭᠰᠠᠨ ᠶᠢᠡᠨ ᠡᠴᠦᠰ ᠲᠤ ᠪᠠᠨ ᠪᠢ ᠭᠠᠭᠴᠠᠭᠠᠷ 《ᠪᠠᠢ᠌ᠨ᠎ᠠ》 ᠭᠡᠵᠤ ᠮᠤᠩᠭ᠋ᠤᠯ ᠶᠢᠡᠷ ᠬᠠᠷᠢᠭᠤᠯᠤᠭᠰᠠᠨ (ᠨᠢᠭᠡᠳᠦᠭᠡᠷ ᠭᠡᠰᠡᠭ᠌ ᠲᠤ ᠪᠣᠳᠠᠳᠤ ᠵᠢᠱᠢᠶ᠎ᠠ ᠪᠠᠷ ᠭᠡᠷᠡᠭᠯᠡᠵᠤ ᠪᠣᠯᠤᠨ᠎ᠠ)᠃ ᠥᠯᠢᠭᠡᠷ ᠬᠤᠶᠠᠷ ᠄ ᠪᠦᠭᠦ ᠬᠤᠰᠢᠭᠤᠨ ᠤ ᠵᠢᠷᠭᠤᠭᠠᠨ ᠵᠠᠭᠤᠭᠠᠤᠨ ᠰᠢᠯᠭᠠᠬᠤ ᠭᠦᠮᠤᠨ ᠤ ᠳᠤᠳᠤᠷ᠎ᠠ ᠮᠤᠩᠭ᠋ᠤᠯ ᠭᠦᠮᠤᠨ ᠵᠠᠭᠤ ᠳᠦᠴᠢᠭᠡᠤᠨ ᠪᠣᠢ᠃ ᠭᠡᠳᠡᠯ᠎ᠡ ᠮᠤᠩᠭ᠋ᠤᠯ ᠶᠢᠡᠷ ᠰᠢᠯᠭᠠᠬᠤ ᠭᠦᠮᠤᠨ 《ᠪᠢ ᠭᠠᠭᠴᠠᠭᠠᠷ ᠪᠠᠢ᠌ᠨ᠎ᠠ》 (ᠭᠤᠷᠪᠠᠳᠤᠭᠠᠷ ᠭᠡᠰᠡᠭ᠌ ᠲᠤ ᠪᠣᠳᠠᠳᠤ ᠵᠢᠱᠢᠶ᠎ᠠ ᠪᠠᠷ ᠭᠡᠷᠡᠭᠯᠡᠵᠤ ᠪᠣᠯᠤᠨ᠎ᠠ)᠃ ᠥᠯᠢᠭᠡᠷ ᠭᠤᠷᠪᠠ ᠄ ᠡᠭᠡ ᠪᠢᠴᠢᠭ᠌ ᠶᠢᠡᠨ ᠢᠯᠡᠭᠡᠭᠦ ᠳᠤ ᠵᠠᠭᠢᠳᠠᠯ ᠤᠨ ᠬᠠᠶ‍ᠢᠭ ᠶᠢᠡᠨ ᠮᠤᠩᠭ᠋ᠤᠯ ᠶᠢᠡᠷ ᠪᠢᠴᠢᠭᠡᠤᠨ᠂ ᠰᠢᠤᠳᠠᠨ ᠤ ᠠᠵᠢᠯᠳᠠᠨ ᠲᠡᠶ 《ᠶᠤᠰᠤ ᠭᠡᠯᠡᠯᠴᠡᠵᠤ》᠂ ᠢᠯᠡᠭᠡᠵᠤ ᠳᠡᠢ᠌ᠯᠦᠭ᠍ᠰᠡᠨ ᠪᠦᠭᠡᠤᠨ ᠡᠴᠦᠰ ᠲᠤ ᠪᠠᠨ ᠭᠦᠡᠳᠦᠦᠡᠭᠡᠭ᠍ᠳᠡᠭᠦ ᠪᠣᠯᠤᠭᠰᠠᠨ ( ᠳᠦᠷᠪᠠᠳᠦᠭᠡᠷ ᠭᠡᠰᠡᠭ᠌ ᠲᠤ ᠪᠣᠳᠠᠳᠤ ᠵᠢᠱᠢᠶ᠎ᠠ ᠪᠠᠷ ᠭᠡᠷᠡᠭᠯᠡᠵᠤ ᠪᠣᠯᠤᠨ᠎ᠠ )᠃ 3. ᠮᠠᠲ᠋ᠸᠷᠢᠶᠠᠯ ᠳ᠋ᠠᠭᠢ ᠭᠤᠷᠪᠠᠨ ᠥᠯᠢᠭᠡᠷ ᠤᠨ ᠠᠯᠢ ᠨᠢᠭᠡ ᠡᠴᠠ ᠨᠢ ᠪᠣᠶᠤ ᠦᠪᠡᠷ ᠤᠨ ᠮᠡᠳᠡᠳᠡᠭ᠌ ᠪᠣᠳᠠᠳᠤ ᠭᠡᠷᠡᠭ᠌ ᠡᠴᠠ ᠰᠠᠳᠤᠪ ᠠᠪᠴᠤ᠂ ᠵᠤᠬᠢᠶᠠᠯ ᠤᠨ ᠭᠡᠰᠡᠭ᠌ ᠪᠦᠯᠦᠭ᠌ ᠤᠨ ᠭᠡᠪ ᠵᠠᠭᠪᠣᠷ ᠶᠢᠡᠷ ᠯᠠᠪᠯᠠᠯᠳᠠ ᠪᠣᠯᠭᠠᠵᠤ᠂ ᠵᠤᠬᠢᠶᠠᠯ ᠳ᠋ᠠᠭᠢ ᠰᠤᠩᠭ᠋ᠤᠳᠠᠭ ᠭᠡᠯᠡᠯᠭᠡ ᠶᠢ ᠭᠡᠷᠡᠭᠯᠡᠨ᠂ ᠦᠪᠡᠷ ᠤᠨ ᠦᠵᠡᠯᠳᠠ ᠳᠦᠷᠦᠭ᠍ᠳᠡᠯ ᠶᠢᠡᠨ ᠪᠣᠳᠠᠳᠠᠢ ᠲᠡᠶ ᠣᠶᠠᠯᠳᠤᠭᠤᠯᠤᠨ ᠪᠢᠴᠢᠭᠦ ᠳᠠᠰᠬᠠᠯ ᠥᠯᠡᠳᠡᠭᠡᠨ᠎ᠡ᠃

ᠳᠦᠷᠪᠠᠳᠦᠭᠡᠷ ᠭᠢᠴᠢᠶᠠᠯ ᠤᠨ ᠴᠠᠭ ᠄ ᠰᠤᠷᠤᠭᠴᠢ ᠶᠢᠨ ᠪᠢᠴᠢᠭ᠍ᠰᠡᠨ ᠪᠠᠢ᠌ᠳᠠᠯ ᠢ ᠦᠨᠳᠦᠰᠦᠯᠠᠵᠤ᠂ ᠠᠰᠠᠭᠤᠳᠠᠯ ᠳᠤ ᠨᠢ ᠴᠢᠭᠯᠡᠭᠦᠯᠵᠤ ᠪᠣᠳᠠᠳᠠᠢ ᠵᠢᠯᠤᠭᠤᠳᠤᠯᠭ᠎ᠠ ᠭᠢᠭᠦ ᠶᠢᠨ ᠳᠠᠭᠠᠤ ᠪᠠᠭᠰᠢ ᠶᠢᠨ ᠳᠦᠷᠢᠮᠴᠢ ᠪᠢᠴᠢᠯᠭᠡ ᠪᠠᠷ ᠵᠢᠯᠤᠭᠤᠳᠤᠯᠭ᠎ᠠ ᠪᠣᠯᠭᠠᠨ᠎ᠠ᠃ ᠰᠤᠷᠤᠭᠴᠢ ᠳᠤ ᠣᠷᠤᠰᠢᠬᠤ ᠪᠣᠯᠤᠯᠴᠠᠭ᠎ᠠ ᠪᠦᠭᠦᠢ ᠠᠰᠠᠭᠤᠳᠠᠯ ᠢ ᠲᠦᠰᠤᠪᠯᠠᠪᠠᠯ ᠄ ①ᠭᠡᠷᠡᠭᠯᠡᠭᠦ ᠥᠯᠢᠭᠡᠷ ᠶᠢᠡᠨ ᠦᠪᠡᠷ ᠤᠨ ᠦᠵᠡᠯᠳᠠ ᠳᠤ ᠪᠠᠨ ᠳᠤᠭᠢᠷᠠᠭᠤᠯᠵᠤ ᠰᠢᠭ᠍ᠰᠢᠵᠤ ᠪᠣᠯᠪᠠᠰᠤᠷᠠᠭᠤᠯᠤᠭᠰᠠᠨ ᠡᠰᠡᠭᠦ ②ᠦᠵᠡᠯᠳᠠ ᠭᠢᠭᠡᠤᠨ ᠪᠣᠳᠠᠳᠤ ᠵᠢᠱᠢᠶ᠎ᠠ ᠨᠢ ᠠᠭᠤᠰᠤᠯᠳᠤᠵᠤ ᠳᠡᠢ᠌ᠯᠦᠭ᠍ᠰᠡᠨ ᠡᠰᠡᠭᠦ ③ ᠭᠢᠴᠢᠶᠠᠯ ᠤᠨ ᠭᠡᠪ ᠵᠠᠭᠪᠣᠷ ᠢ ᠳᠠᠭᠤᠷᠢᠶᠠᠵᠤ ᠳᠡᠢ᠌ᠯᠦᠭ᠍ᠰᠡᠨ ᠡᠰᠡᠭᠦ ④ ᠭᠢᠴᠢᠶᠠᠯ ᠳ᠋ᠠᠭᠢ ᠭᠡᠯᠡ ᠭᠡᠯᠡᠯᠭᠡ ᠶᠢ ᠳᠤᠭᠢᠷᠠᠮᠵᠢᠳᠠᠢ ᠰᠤᠩᠭ᠋ᠤᠵᠤ ᠭᠡᠷᠡᠭᠯᠡᠭ᠍ᠰᠡᠨ ᠡᠰᠡᠭᠦ᠃

ᠵᠢᠯᠤᠭᠤᠳᠤᠯᠭ᠎ᠠ ᠭᠢᠭᠦ ᠶᠠᠪᠣᠴᠠ ᠄ 1. ᠳᠠᠤᠠᠬᠠᠯ ᠤᠨ ᠭᠦᠴᠤᠨ ᠭᠡᠳᠡᠭ᠌ ᠳᠠᠰᠤᠯ ᠶᠠᠭᠤᠮ᠎ᠠ ᠶᠢ ᠭᠦᠮᠤᠨ ᠳᠤ ᠵᠢᠩᠭᠢᠨᠢ ᠮᠡᠳᠡᠭᠦᠯᠭᠦ ᠦᠭᠡᠶ ᠨᠢᠭᠤᠳᠠᠭ ᠠᠵᠠᠢ ( ᠥᠯᠢᠭᠡᠷ ᠨᠢᠭᠡ ᠳᠤ ᠥᠭᠡᠷᠡᠴᠢᠯᠡᠯᠳᠡ ᠡᠰᠭᠡᠯᠳᠡ ᠭᠢᠵᠤ ᠪᠠᠢ᠌ᠭᠠᠤᠨ ᠳᠤᠰ ᠦᠵᠡᠯᠳᠠ ᠶᠢ ᠪᠣᠰᠬᠠᠵᠤ ᠪᠣᠯᠤᠨ᠎ᠠ )᠃ 2. ᠭᠡᠯᠡ ᠪᠠᠨ ᠭᠡᠷᠡᠭᠯᠡᠭᠦ ᠦᠭᠡᠶ᠂ ᠬᠠᠮᠠᠭᠠᠯᠠᠬᠤ ᠦᠭᠡᠶ᠂ ᠭᠦᠭ᠍ᠵᠢᠭᠦᠯᠭᠦ ᠦᠭᠡᠶ ᠪᠣᠯ ᠡᠨᠡ ᠭᠡᠯᠡ ᠭᠠᠴᠠᠭᠳᠠᠨ᠎ᠠ᠂ ᠮᠥᠭᠦᠨ᠎ᠡ ( ᠥᠯᠢᠭᠡᠷ ᠬᠤᠶᠠᠷ ᠪᠣᠶᠤ ᠥᠯᠢᠭᠡᠷ ᠭᠤᠷᠪᠠ ᠮᠠᠳᠤ ᠪᠣᠳᠠᠳᠠᠢ ᠵᠢᠱᠢᠶ᠎ᠠ ᠨᠤᠭᠦᠳ ᠢ ᠣᠷᠭᠠᠨᠢᠭ ᠣᠶᠠᠯᠳᠤᠭᠤᠯᠵᠤ ᠪᠢᠴᠢᠵᠤ ᠪᠣᠯᠤᠨ᠎ᠠ )᠃ 3. ᠦᠪᠡᠷ ᠤᠨ ᠭᠡᠯᠡ ᠪᠠᠷ ᠶᠢᠡᠨ ᠶᠠᠮᠠᠷᠪᠠ ᠠᠵᠢᠯ ᠤᠨ ᠪᠠᠢ᠌ᠷᠢ ᠳᠤ᠂ ᠶᠠᠮᠠᠷᠪᠠ ᠮᠡᠷᠭᠡᠵᠢᠯ ᠢ ᠰᠤᠷᠴᠤ ᠨᠡᠢ᠌ᠭᠡᠮ ᠨᠠᠢ᠌ᠳᠠ ᠳᠤ ᠵᠢᠦᠡᠭᠦᠯ ᠥᠵᠡᠭᠦᠯᠭᠦ ᠪᠣᠯᠤᠨ᠎ᠠ᠃ ᠭᠢᠵᠤ ᠭᠡᠷᠡᠭᠯᠡᠪᠠᠯ ᠰᠠ‍‌ᠶᠢ ᠪᠣᠯᠤᠨ᠎ᠠ ( ᠥᠯᠢᠭᠡᠷ ᠭᠤᠷᠪᠠ ᠭᠢᠭᠡᠤᠨ 《ᠨᠠᠷᠠ ᠪᠠᠢ᠌ᠭᠠᠤᠨ ᠮᠥᠭᠦᠭ᠍ᠰᠡᠨ ᠭᠡᠯᠡ ᠶᠢ ᠠᠮᠢᠯᠠᠭᠤᠯᠵᠤ ᠴᠢᠳᠠᠬᠤ ᠦᠭᠡᠶ᠂ ᠭᠡᠯᠡ ᠭᠦᠭ᠍ᠵᠢᠭᠡᠤᠨ ᠪᠦᠭᠦᠭ᠍ᠰᠡᠨ ᠨᠠᠷᠠ ᠶᠢ ᠰᠡᠷᠭᠦᠭᠡᠵᠤ ᠴᠢᠳᠠᠨ᠎ᠠ》 ᠭᠡᠭᠦ ᠰᠤᠩᠭ᠋ᠤᠳᠠᠭ ᠭᠡᠯᠡᠯᠭᠡ ᠶᠢ ᠣᠷᠤᠭᠤᠯᠵᠤ᠂ ᠪᠣᠳᠠᠳᠤ ᠠᠬᠤᠢ ᠲᠡᠶ ᠣᠶᠠᠯᠳᠤᠭᠤᠯᠤᠨ ᠦᠵᠡᠯᠳᠠ ᠪᠠᠨ ᠪᠢᠴᠢᠵᠤ ᠪᠣᠯᠤᠨ᠎ᠠ )᠃ 4. ᠦᠪᠡᠷᠮᠢᠴᠠ ᠦᠵᠡᠯᠳᠠ ᠳᠦᠷᠦᠭ᠍ᠳᠡᠯ ᠶᠢᠡᠨ ᠦᠭ‍ᠭᠦᠭ᠍ᠳᠡᠭ᠍ᠰᠡᠨ ᠮᠠᠲ᠋ᠸᠷᠢᠶᠠᠯ ᠪᠠ ᠵᠤᠬᠢᠶᠠᠯ ᠳ᠋ᠠᠭᠢ ᠭᠡᠯᠡ ᠭᠡᠯᠡᠯᠭᠡ ᠶᠢ ᠭᠡᠷᠡᠭᠯᠡᠵᠤ ᠴᠢᠯᠦᠭᠡᠳᠡᠢ ᠪᠢᠴᠢᠵᠤ ᠪᠣᠯᠤᠨ᠎ᠠ᠃ 5. ᠪᠠᠭᠰᠢ ᠶᠢᠨ ᠳᠦᠷᠢᠮᠴᠢ ᠪᠢᠴᠢᠯᠭᠡ ᠭᠡᠯᠡ ᠪᠠᠨ ᠭᠡᠷᠡᠭᠯᠡᠭᠦ ᠴᠢᠬᠤᠯᠠ 《ᠦᠪᠣᠷ ᠮᠤᠩᠭ᠋ᠤᠯ ᠤᠨ ᠵᠠᠯᠠᠭᠤᠴᠤᠳ》 (2012.7) ᠰᠡᠳᠭᠦᠯ ᠡᠴᠠ ᠪᠢ ᠪᠦᠷᠭᠡ ᠶᠢᠨ ᠡᠵᠡᠨ ᠊᠊᠊᠊᠊᠊᠊᠊᠊᠊᠊᠊᠊᠊᠊ ᠬᠣᠢ᠌ᠤᠨ᠂ ᠬᠠᠰᠪᠠᠭᠠᠨ᠎ᠠ ᠶᠢᠨ ᠪᠢᠴᠢᠭ᠍ᠰᠡᠨ 《ᠪᠢ ᠭᠠᠭᠴᠠᠭᠠᠷ ᠶᠢᠡᠨ ᠪᠠᠢ᠌ᠨ᠎ᠠ》 ᠭᠡᠳᠡᠭ᠌ ᠳᠡᠮᠳᠡᠭᠯᠡᠯ ᠡᠴᠠ ᠡᠢ᠌ᠮᠤ ᠨᠢᠭᠡ ᠵᠢᠵᠢᠭ᠌ ᠥᠯᠢᠭᠡᠷ ᠣᠩᠰᠢᠯ᠎ᠠ ᠄ ᠣᠷᠳᠤᠰ ᠤᠨ 《ᠠᠯᠳᠠᠨ ᠭᠠᠠᠳᠠᠷᠢ》 ᠰᠡᠳᠭᠦᠯ ᠤᠨ ᠬᠤᠷᠢᠶ᠎ᠠ 2009 ᠣᠨ ᠤ 9 ᠳ᠋ᠦᠭᠡᠷ ᠰᠠᠷ᠎ᠠ ᠪᠣᠯᠳᠠᠯ᠎ᠠ ᠪᠦᠭᠦ ᠣᠯᠤᠰ ᠤᠨ ᠭᠡᠪᠴᠢᠶᠡᠨ ᠳᠤ ᠦᠨᠳᠦᠷ ᠱᠠᠩᠨᠠᠯᠳᠤ ᠡᠭᠡ ᠪᠢᠴᠢᠭ᠌ ᠡᠯᠰᠡᠵᠤ ᠪᠠᠢ᠌ᠪᠠ᠃ 《ᠳᠤᠭᠤᠯᠠᠩ ᠨᠤᠬᠠᠢ ᠥᠢᠮᠡᠭᠡᠨ ᠳᠤ》 ᠭᠡᠭ᠍ᠴᠢ ᠪᠠᠷ ᠪᠢ ᠪᠠᠰᠠ ᠡᠭᠡ ᠪᠢᠴᠢᠭ᠌ ᠪᠢᠴᠢᠵᠤ ᠦᠨᠳᠦᠷ ᠱᠠᠩ ᠤᠨ ᠥᠡᠴᠦᠭ᠌ ᠪᠣᠯᠤᠩ ᠡᠴᠠ ᠨᠢ ᠮᠠᠷᠠᠶ᠎ᠠ ᠭᠡᠤᠨ ᠬᠤᠰᠢᠭᠤᠨ ᠲᠦᠪ ᠤᠨ ᠰᠢᠤᠳᠠᠨ ᠳᠤ ᠭᠦᠷᠴᠤ ᠭᠤᠪᠢᠭᠤᠯᠬᠤ ᠭᠡᠪᠡ᠃ ᠮᠠᠷᠺ ᠳᠤᠭᠳᠤᠢ ᠮᠠᠳᠤ ᠶᠠᠭᠤᠮ᠎ᠠ ᠪᠠᠨ ᠦᠨ᠎ᠡ ᠳᠤᠭᠠᠴᠠᠨ ᠠᠪᠣᠭᠠᠤᠨ ᠬᠠᠶ‍ᠢᠭ ᠢ ᠨᠢ ᠮᠤᠩᠭ᠋ᠤᠯ ᠶᠢᠡᠷ ᠳᠤᠷᠠᠢ᠌ᠳᠠᠯ᠎ᠠ ᠪᠢᠴᠢᠭᠡᠤᠨ ᠦᠭ‍ᠭᠦ ᠳᠤ ᠳᠠᠳᠠ ᠰᠠᠨᠠᠭᠠᠨ ᠳᠤ ᠪᠠᠨ ᠠᠪᠣᠭᠰᠠᠨ ᠦᠭᠡᠶ ᠬᠤᠷᠢᠶᠠᠵᠤ ᠠᠪᠣᠪᠠ᠃ ᠭᠡᠳᠡᠯ᠎ᠡ ᠮᠢᠨᠤ ᠰᠠᠨᠠᠭᠠᠨ ᠳᠤ ᠡᠨᠡ ᠴᠢᠨᠢ ᠳᠤᠩ ᠴᠢᠬᠤᠯᠠ ᠵᠠᠭᠢᠳᠠᠯ ᠪᠣᠯᠬᠤᠷ ᠭᠡᠭᠡᠭ᠍ᠳᠡᠵᠤ ᠠᠯᠳᠠᠭᠳᠠᠪᠠᠯ ᠭᠡᠷᠡᠭ᠌ ᠦᠭᠡᠶ ᠭᠠᠵᠠᠷ ᠭᠦᠴᠤ ᠪᠠᠨ ᠪᠠᠷᠠᠭᠰᠠᠨ ᠠᠵᠢᠯ ᠪᠣᠯᠤᠨ᠎ᠠ ᠭᠡᠵᠤ ᠪᠣᠳᠤᠮᠠᠭᠴᠠ 《ᠪᠠᠳᠤᠯᠠᠭᠠᠳᠤ ᠵᠠᠭᠢᠳᠠᠯ》 ᠊ᠤᠨ ᠦᠨ᠎ᠡ ᠲᠦᠯᠦᠵᠤ ᠪᠠᠳᠤᠯᠠᠵᠤ ᠠᠪᠣᠯ᠎ᠠ᠃ ᠳᠡᠭᠡᠭ᠍ᠰᠡᠨ ᠴᠢᠨᠢ ᠦᠨᠦᠭᠢ ᠭᠡᠳᠤᠨ ᠠᠵᠢᠯᠳᠠᠨ ᠶᠠᠭᠤ ᠪᠣᠳᠤᠭᠳᠠᠭᠰᠠᠨ ᠶᠤᠮ ᠪᠣᠤ ᠮᠠᠳᠠ᠂ ᠶᠡᠭᠡ ᠯᠠ ᠰᠠᠠᠳᠤᠷᠴᠤ ᠨᠠᠮ᠎ᠠ ᠶᠢ ᠡᠭᠡ ᠪᠢᠴᠢᠭ᠌ ᠤᠨ ᠳᠤᠭᠳᠤᠢ ᠳᠡᠭᠡᠷ᠎ᠡ ᠭᠢᠳᠠᠤᠨ ᠶᠢᠡᠷ ᠪᠢᠴᠢᠵᠤ ᠦᠭ‍ᠭᠦ ᠶᠢ ᠭᠤᠶᠤᠯ᠎ᠠ᠃ ᠪᠢ ᠬᠠᠷᠢᠭᠤ ᠳᠤ ᠨᠢ ᠄ 《ᠣᠷᠴᠢᠭᠤᠯᠵᠤ ᠴᠢᠳᠠᠬᠤ ᠦᠭᠡᠶ》 ᠭᠡᠪᠡ᠃ ᠳᠠᠳᠠ ᠄ 《ᠴᠢ ᠭᠢᠳᠠᠤᠨ ᠶᠢᠡᠷ ᠭᠡᠯᠡ᠂ ᠪᠢᠳᠠ ᠬᠠᠵᠠᠭᠤ ᠳᠤ ᠨᠢ ᠬᠠᠳᠠᠵᠤ ᠳᠠᠯᠪᠢᠶ᠎ᠠ᠂ ᠳᠡᠭᠡᠪᠠᠯ ᠭᠡᠨ ᠭᠡᠨ ᠳᠤ ᠪᠠᠨ ᠠᠰᠢᠭ ᠲᠡᠶ ᠪᠢᠰᠢ ᠦᠦ 》 ᠭᠡᠨ᠎ᠡ᠃ 《ᠳᠠᠨ ᠤ ᠡ᠊ᠨᠳᠡ ᠮᠤᠩᠭ᠋ᠤᠯ ᠠᠵᠢᠯᠳᠠᠨ ᠪᠠᠢ᠌ᠳᠠᠭ ᠦᠭᠡᠶ ᠶᠤᠮ ᠦᠦ 》 ᠭᠡᠪᠠᠯ 《ᠪᠠᠢ᠌ᠬᠤ ᠨᠢ ᠴᠤ ᠨᠢᠭᠡ ᠪᠣᠢ᠂ ᠭᠠᠳᠠᠭᠰᠢ ᠭᠠᠷᠴᠢᠬᠠᠵᠠᠢ》᠃ 《ᠠᠯᠠᠱᠠ ᠡᠴᠠ ᠣᠷᠳᠤᠰ ᠭᠦᠷᠳᠡᠯ᠎ᠡ ᠪᠦᠷ ᠦᠪᠣᠷ ᠮᠤᠩᠭ᠋ᠤᠯ ᠤᠨ ᠭᠠᠵᠠᠷ᠃ ᠳᠦᠷᠢᠮ ᠳᠤᠭᠳᠠᠭᠠᠯ ᠪᠠᠢ᠌ᠳᠠᠭ ᠬᠣᠢ᠌ᠨ᠎ᠠ᠃》 《ᠴᠢᠨᠤ ᠡᠨᠡ ᠶᠠᠭᠤᠮ᠎ᠠ ᠪᠣᠯᠬᠤ ᠦᠭᠡᠶ》 ᠭᠡᠨ᠎ᠡ᠃ ᠪᠢ ᠄ 《ᠶᠠᠭᠠᠭᠢᠭᠠᠤᠨ ᠪᠣᠯᠳᠠᠭ ᠦᠭᠡᠶ ᠶᠤᠮ ᠳᠡᠭᠡᠪᠠᠯ ᠳᠠ ᠨᠡᠷ ᠣᠴᠢᠷ ᠰᠢᠯᠳᠠᠭᠠᠨ ᠶᠢᠡᠨ ᠴᠠᠭᠠᠰᠤᠨ ᠳᠡᠭᠡᠷ᠎ᠡ ᠪᠢᠴᠢᠭᠡᠤᠨ ᠳᠡᠭᠡᠷ᠎ᠡ ᠨᠢ ᠨᠠᠷ᠎ᠠ ᠪᠠᠨ ᠵᠢᠷᠤ ᠪᠢ ᠬᠠᠢ᠌ᠳᠠᠭ ᠭᠠᠵᠠᠷ ᠲᠤ ᠨᠢ ᠣᠴᠢᠵᠤ ᠭᠡᠯᠡᠶ᠎ᠡ 》 ᠭᠡᠰᠡᠨ ᠳᠤ ᠠᠷᠠᠢ ᠭᠡᠵᠤ ᠨᠢᠭᠡ ᠠᠮᠠ ᠶᠢ ᠨᠢ ᠬᠠᠭᠠᠯ᠎ᠠ᠃ ᠭᠡᠳᠤᠨ ᠡᠳᠦᠷ ᠤᠨ ᠳᠠᠷᠠᠭ᠎ᠠ 《ᠠᠯᠳᠠᠨ ᠭᠠᠠᠳᠠᠷᠢ》 ᠰᠤᠨᠭᠦᠯ ᠤᠨ ᠨᠠᠢ᠌ᠷᠠᠭᠤᠯᠤᠭᠴᠢ ᠠ᠊ · ᠪᠣᠶᠠᠠᠸᠴᠢᠷ ᠭᠤᠸᠠᠢ ᠳᠤ ᠣᠳᠠᠰᠤ ᠵᠠᠯᠭᠠᠵᠤ ᠮᠢᠨᠤ ᠡᠭᠡ ᠪᠢᠴᠢᠭ᠌ ᠢ ᠣᠯᠤᠭᠰᠠᠨ ᠡᠰᠡᠭᠦ ᠶᠢ ᠯᠠᠪᠯᠠᠬᠤ ᠳᠤ 《ᠣᠯᠤᠭᠰᠠᠨ》 ᠭᠡᠵᠤ ᠪᠣᠳᠠᠳᠠᠢ ᠬᠠᠷᠢᠭᠤᠯᠳᠠ ᠣᠯᠤᠭᠰᠠᠨ᠃ ᠳᠡᠭᠦᠨ ᠡᠴᠠ ᠬᠣᠢ᠌ᠰᠢ ᠪᠢ ᠰᠢᠤᠳᠠᠨ ᠳᠤ ᠭᠦᠷᠴᠤ ᠰᠤᠨᠢᠨ ᠰᠡᠳᠭᠦᠯ ᠶᠢᠡᠨ ᠠᠪᠬᠤ ᠪᠦᠷᠢ ᠳᠡᠳᠡᠭᠡᠷ ᠠᠵᠢᠯᠴᠢᠨ ᠨᠠᠳᠠ ᠲᠡᠶ ᠳᠤᠩ ᠶᠤᠰᠤᠷᠬᠠᠭ ᠶᠢᠡᠷ ᠮᠡᠡᠳᠦᠴᠢᠯᠡᠳᠡᠭ᠌ ᠪᠣᠯᠤᠭᠰᠠᠨ ᠶᠤᠮ ( * ᠡᠭᠢᠨ ᠡᠴᠠ ᠡ᠊ᠨᠳᠡ ᠭᠦᠷᠳᠡᠯ᠎ᠡ ᠦᠭ‍ᠭᠦᠭ᠍ᠳᠡᠭ᠍ᠰᠡᠨ ᠮᠠᠲ᠋ᠸᠷᠢᠶᠠᠯ ᠳᠤᠰ ᠥᠯᠢᠭᠡᠷ ᠶᠢᠡᠷ ᠳᠠᠮᠵᠢᠭᠤᠯᠤᠨ ᠭᠡᠯᠡ ᠪᠠᠨ ᠭᠡᠷᠡᠭᠯᠡᠭᠦ ᠡᠴᠠ ᠳᠠᠳᠠᠭᠠᠯᠵᠠᠳᠠᠭ᠂ ᠭᠡᠷᠡᠭᠯᠡᠭᠦ ᠢᠳᠡᠭᠡᠯ ᠠᠨᠠᠢ᠂ ᠭᠢᠳᠠᠤᠨ ᠭᠦᠮᠤᠨ ᠲᠡᠶ ᠵᠠᠪᠠᠯ ᠭᠢᠳᠠᠤᠨ ᠶᠢᠡᠷ ᠯᠠ ᠬᠠᠷᠢᠴᠠᠨ᠎ᠠ ᠭᠡᠵᠤ ᠪᠣᠳᠤᠳᠠᠭ ᠭᠦᠮᠦᠰ ᠢ ᠰᠡᠩᠭᠡᠷᠡᠭᠦᠯᠵᠡᠢ )᠃ ᠳᠠᠢ᠌ᠮᠤ ᠡ ᠪᠢᠳᠠ ᠦᠪᠡᠷ ᠶᠢᠡᠨ ᠦᠪᠡᠷ ᠢ ᠪᠠᠨ ᠭᠦᠡᠳᠦᠦᠡᠭᠡᠮᠡᠡᠵᠢᠨ ᠰᠠ‍‌ᠶᠢ ᠥᠷᠦᠭᠡᠯ ᠤᠨ ᠭᠦᠡᠳᠦᠦᠡᠭᠡᠯ ᠢ ᠣᠯᠵᠤ ᠴᠢᠳᠠᠨ᠎ᠠ᠃ ᠨᠠᠮ ᠵᠠᠰᠠᠭ ᠡᠴᠠ ᠴᠥᠭᠡᠨ ᠳᠤᠭᠠᠳᠤ ᠦᠨᠳᠦᠰᠦᠳᠠᠨ ᠪᠦᠭᠦᠨ ᠡᠭᠡ ᠭᠡᠯᠡ ᠪᠠᠨ ᠭᠡᠷᠡᠭᠯᠡᠭᠦ ᠡᠷᠭᠡ ᠲᠡᠶ ᠭᠡᠵᠤ ᠳᠤᠭᠳᠠᠭᠠᠭᠰᠠᠨ ᠪᠠᠢ᠌ᠳᠠᠯ᠎ᠠ ᠪᠢᠳᠠ ᠦᠪᠡᠷ ᠤᠨ ᠡᠳ᠋ᠯᠡᠪᠠᠰᠤ ᠵᠤᠭᠢᠬᠤ ᠡᠷᠭᠡ ᠪᠠᠨ ᠢᠳᠡᠭᠡᠯ ᠳᠡᠭᠦᠯᠳᠡᠷ ᠪᠠᠷᠢᠮᠳᠠᠯᠠᠵᠤ ᠭᠡᠷᠡᠭ᠍ᠵᠢᠭᠦᠯᠪᠠᠯ ᠵᠤᠭᠢᠨ᠎ᠠ᠃ ᠪᠢ ᠳᠤᠰ ᠵᠤᠬᠢᠶᠠᠯ ᠢ ᠣᠯᠵᠤ ᠣᠩᠰᠢᠬᠤ ᠡᠴᠠ ᠡᠮᠦᠨᠡᠭᠡᠨ ᠡᠷᠢᠶᠡᠨ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ ᠡᠴᠠ ᠮᠠᠨ ᠤ ᠰᠤᠷᠭᠠᠭᠤᠯᠢ ᠳᠤ 《ᠠᠷᠭᠠᠰᠤᠨ ᠬᠤᠠᠳᠠᠭᠠᠳᠤ》 ᠮᠠᠷᠭᠤᠭᠠᠨ ᠤ ᠣᠷᠤᠯᠳᠤᠭᠠᠨ ᠤ ᠮᠡᠳᠡᠭ᠍ᠳᠡᠯ ᠤᠨ ᠪᠢᠴᠢᠭ᠌ ᠢ ᠢᠷᠡᠭᠦᠯᠦᠭ᠍ᠰᠡᠨ ᠮᠤᠩᠭ᠋ᠤᠯ ᠬᠠᠶ‍ᠢᠭᠳᠤ ᠵᠠᠭᠢᠳᠠᠯ ᠢ ᠬᠠᠷᠠᠭᠰᠠᠨ ᠶᠤᠮ᠃ ᠳᠡᠭᠦᠨ ᠢ ᠨᠢ ᠮᠠᠨ ᠤ ᠭᠡᠯᠡ ᠪᠢᠴᠢᠭ᠌ ᠤᠨ ᠠᠬᠠᠮᠠᠤᠨ ᠪᠠᠭᠰᠢ ᠴᠢᠩ ᠢᠤᠢ ᠬᠤᠪᠣᠷ ᠡᠷᠳᠡᠨᠢ ᠣᠯᠤᠭᠰᠠᠨ ᠰᠢᠭ ᠶᠡᠭᠡᠯ᠎ᠡ ᠨᠠᠠᠳᠢᠩᠨᠠᠨ ᠦᠨᠳᠦᠰᠦᠳᠠᠨ ᠤ ᠡᠷᠭᠡ ᠪᠠᠨ ᠨᠠᠩ ᠣᠯᠠᠨ ᠭᠦᠮᠤᠨ ᠭᠦᠡᠳᠦᠦᠡᠭᠡᠨ ᠭᠡᠷᠡᠭ᠍ᠵᠢᠭᠦᠯᠭᠦ ᠶᠢ ᠣᠬᠠᠭᠤᠯᠬᠤ ᠭᠡᠷᠡᠴᠢ ᠪᠣᠯᠭᠠᠨ ᠳᠤᠰᠬᠠᠢ᠌ᠯᠠᠨ ᠬᠠᠳᠠᠭᠠᠯᠠᠵᠤ ᠳᠠᠯᠪᠢᠭᠰᠠᠨ ᠶᠤᠮ ( * ᠮᠠᠲ᠋ᠸᠷᠢᠶᠠᠯ ᠡᠴᠠ ᠰᠡᠷᠡᠭ᠍ᠳᠡᠭ᠍ᠰᠡᠨ ᠰᠡᠳᠭᠢᠭ᠍ᠳᠡᠯ ᠵᠢᠴᠢ ᠪᠣᠳᠠᠳᠤ ᠵᠢᠱᠢᠶ᠎ᠠ ᠪᠠᠷ ᠮᠠᠲ᠋ᠸᠷᠢᠶᠠᠯ ᠤᠨ ᠶᠢᠡᠨ ᠦᠨᠡᠨ ᠪᠠᠳᠤᠳᠠᠢ ᠢᠳᠡᠭᠡᠭᠦᠯᠭᠦ ᠭᠦᠴᠤᠨ ᠲᠡᠶ ᠶᠢ ᠭᠡᠷᠡᠴᠢᠯᠡᠵᠡᠢ᠃ ) ᠭᠡᠯᠡ ᠪᠠᠨ ᠭᠡᠷᠡᠭᠯᠡᠵᠤ᠂ ᠰᠤᠶᠤᠯ ᠶᠢᠡᠨ ᠣᠯᠠᠮᠵᠢᠯᠠᠵᠤ ᠪᠠᠳᠠᠷᠠᠭᠤᠯᠬᠤ ᠨᠢ ᠦᠪᠡᠷ ᠤᠨ ᠢᠷᠡᠭᠡᠳᠦᠢ ᠳᠤ ᠪᠠᠨ ᠵᠠᠮ ᠳᠠᠪᠢᠰᠴᠤ ᠪᠠᠢ᠌ᠭ᠎ᠠ ᠶᠠᠪᠣᠳᠠᠯ ᠮᠦᠨ᠃ ᠮᠠᠨ ᠤ ᠵᠠᠷᠢᠮ ᠮᠤᠩᠭ᠋ᠤᠯᠴᠤᠳ ᠄ ᠮᠤᠩᠭ᠋ᠤᠯ ᠶᠢᠡᠷ ᠰᠤᠷᠤᠭᠠᠤᠨ ᠭᠡᠷᠡᠭ᠌ ᠦᠭᠡᠶ᠂ ᠠᠵᠢᠯ ᠣᠯᠬᠤ ᠦᠭᠡᠶ ᠭᠡᠭᠦ ᠶᠤᠮ᠃ ᠪᠢᠳᠠ ᠥᠪᠠᠷᠳᠡᠭᠡᠨ ᠴᠢᠬᠤᠯᠠᠴᠢᠯᠠᠨ ᠭᠡᠷᠡᠭᠯᠡᠭᠦ ᠦᠭᠡᠶ ᠶᠤᠮ ᠴᠢᠨᠢ᠂ ᠥᠷᠦᠭᠡᠯ ᠪᠣᠰᠤᠳ ᠶᠠᠭᠤᠨ ᠳᠤ ᠮᠠᠨ ᠢ ᠭᠡᠷᠡᠭ᠍ᠰᠡᠨ᠎ᠡ ᠪᠣᠢ ᠵᠠᠭᠢᠳᠠᠯ ᠤᠨ ᠬᠠᠶ‍ᠢᠭ ᠢ ᠮᠤᠩᠭ᠋ᠤᠯ ᠶᠢᠡᠷ ᠪᠢᠴᠢᠪᠠᠯ ᠰᠢᠤᠳᠠᠨ ᠳᠤᠪᠴᠢᠶ᠎ᠠ ᠮᠤᠩᠭ᠋ᠤᠯ ᠠᠵᠢᠯᠳᠠᠨ ᠭᠡᠷᠡᠭ᠍ᠰᠡᠭᠦ ᠪᠣᠯᠤᠨ᠎ᠠ᠃ ᠴᠢᠳᠠᠪᠣᠷᠢᠳᠠᠨ ᠡᠯᠰᠡᠭᠦ ᠰᠢᠯᠭᠠᠯᠳᠠ ᠳᠤ ᠮᠤᠩᠭ᠋ᠤᠯ ᠶᠢᠡᠷ ᠨᠠᠷ᠎ᠠ ᠮᠡᠳᠡᠭᠦᠯᠪᠠᠯ ᠰᠢᠯᠭᠠᠯᠳᠠ ᠭᠠᠷᠭᠠᠬᠤ ᠪᠠ ᠭᠢᠨᠠᠬᠤ ᠮᠤᠩᠭ᠋ᠤᠯ ᠪᠠᠭᠰᠢ ᠠᠵᠢᠯᠳᠠᠨ ᠭᠡᠷᠡᠭ᠍ᠰᠡᠭᠦ ᠪᠣᠯᠤᠨ᠎ᠠ᠃ ᠶᠠᠮᠠᠷ ᠴᠤ ᠠᠯᠪᠠᠨ ᠪᠠᠢ᠌ᠭᠤᠯᠤᠯᠭ᠎ᠠ ᠳᠤ ᠣᠴᠢᠵᠤ ᠣᠴᠢᠷ ᠶᠠᠪᠣᠳᠠᠯ ᠭᠦᠢᠴᠤᠨᠭᠡᠭᠦ ᠳᠤ ᠪᠠᠨ ᠮᠤᠩᠭ᠋ᠤᠯ ᠶᠢᠡᠷ ᠶᠢᠡᠨ ᠶᠠᠷᠢᠵᠤ ᠬᠠᠷᠢᠴᠠᠪᠠᠯ ᠳᠠᠷᠠ ᠪᠠᠢ᠌ᠭᠤᠯᠤᠯᠭ᠎ᠠ ᠳᠤ ᠮᠤᠩᠭ᠋ᠤᠯ ᠠᠵᠢᠯᠳᠠᠨ ᠱᠠᠭᠠᠷᠳᠠᠭᠳᠠᠬᠤ ᠪᠣᠯᠤᠨ᠎ᠠ᠃ ᠭᠡᠷᠪᠡ ᠭᠢᠳᠠᠤᠨ ᠶᠢᠡᠷ ᠶᠠᠷᠢᠬᠤ ᠯᠠ ᠶᠤᠰᠤᠳᠠᠢ ᠶᠤᠮ ᠰᠢᠭ ᠬᠠᠮᠢᠭ᠎ᠠ ᠪᠣᠯᠭᠠᠨ ᠭᠢᠳᠠᠤᠨ ᠶᠢᠡᠷ ᠬᠠᠷᠢᠴᠠᠭᠠᠤᠨ ᠳᠠᠤᠠᠴᠢᠬᠠᠪᠠᠯ ᠮᠠᠨ ᠤ ᠮᠤᠩᠭ᠋ᠤᠯᠴᠤᠳ ᠤᠨ ᠠᠵᠢᠯ ᠣᠯᠬᠤ ᠭᠦᠷᠢᠶ᠎ᠡ ᠭᠡᠪᠴᠢᠶ᠎ᠡ᠂ ᠡᠭᠡ ᠭᠡᠯᠡᠨ ᠤ ᠭᠡᠷᠡᠭᠯᠡᠭᠦ ᠭᠦᠷᠢᠶ᠎ᠡ ᠭᠡᠪᠴᠢᠶ᠎ᠡ ᠣᠯᠠᠮ ᠶᠢᠡᠷ ᠢᠪᠴᠤᠷᠠᠵᠤ ᠪᠢᠳᠠ ᠦᠪᠠᠰᠤᠪᠠᠨ ᠦᠪᠡᠷ ᠢ ᠪᠠᠨ ᠭᠠᠴᠢᠵᠤ ᠪᠠᠢ᠌ᠭ᠎ᠠ ᠭᠡᠷᠡᠭ᠌ ᠪᠣᠯᠤᠨ᠎ᠠ᠃ ᠳᠠᠤᠠᠬᠠᠯ ᠤᠨ ᠭᠦᠴᠤᠨ ᠭᠡᠳᠡᠭ᠌ ᠡᠢ᠌ᠮᠤ ᠯᠠ ᠬᠤᠤᠷᠳᠠᠢ᠂ ᠳᠠᠰᠤᠯ ᠶᠠᠭᠤᠮ᠎ᠠ ᠶᠢ ᠭᠦᠮᠤᠨ ᠳᠤ ᠵᠢᠩᠭᠢᠨᠢ ᠮᠡᠳᠡᠭᠦᠯᠭᠦ ᠦᠭᠡᠶ ᠨᠢᠭᠤᠳᠠᠭ ᠠᠵᠠᠢ᠃ ᠭᠢᠳᠠᠤᠨ ᠶᠢᠡᠷ ᠭᠡᠯᠡ ᠣᠷᠤᠵᠤ ᠭᠢᠳᠠᠤᠨ ᠶᠢᠡᠷ ᠠᠢ᠌ᠯᠠᠤᠠᠴᠤ ᠪᠠᠢ᠌ᠭ᠎ᠠ ᠬᠤᠳᠠ ᠶᠢᠨ ᠮᠤᠩᠭ᠋ᠤᠯ ᠭᠡᠦᠭᠡᠤᠨ ᠤᠳ ᠢ 《ᠬᠠᠷᠠᠵᠤ ᠳᠠᠰᠤᠭᠠᠤᠨ》᠂ ᠮᠤᠩᠭ᠋ᠤᠯ ᠶᠢᠡᠷ ᠶᠢᠡᠨ ᠣᠷᠤᠰᠤᠮ᠎ᠠ ᠶᠠᠷᠢᠳᠠᠭ ᠭᠡᠦᠭᠡᠤᠨ ᠶᠢᠡᠨ ᠥᠵᠡᠭᠡᠤᠨ 《ᠰᠤᠴᠢᠨ ᠭᠠᠢ᠌ᠬᠠᠬᠤ》 ᠭᠡᠮᠵᠢᠶ᠎ᠡ ᠭᠦᠷᠦᠭ᠍ᠰᠡᠨ ᠢ ᠶᠠᠭᠤ ᠭᠡᠯᠳᠡᠢ ᠪᠣᠢ ᠭᠦᠮᠤᠨ ᠲᠦᠷᠦᠯᠭᠢᠳᠠᠨ ᠤ ᠠᠮᠢ ᠨᠠᠰᠤ᠂ ᠵᠤᠷᠢᠭ ᠰᠠᠨᠠᠭ᠎ᠠ᠂ ᠰᠤᠶᠤᠯ ᠳᠡᠦᠭᠡ ᠭᠡᠦᠭᠡᠤᠨ ᠶᠢᠡᠷ ᠶᠢᠡᠨ ᠥᠷᠭᠦᠯᠵᠢᠯᠡᠨ᠎ᠡ᠃ ᠳᠡᠭᠡᠭᠦ ᠳᠤ ᠪᠠᠨ ᠭᠤᠤᠯᠳᠠᠭᠤ ᠴᠢᠰᠤ᠂ ᠭᠡᠯᠡ ᠬᠤᠶᠠᠷ ᠶᠢᠡᠷ ᠯᠠ ᠥᠷᠭᠦᠯᠵᠢᠯᠡᠭᠦ ᠪᠢᠵᠠ ᠨᠠᠷᠠ ᠪᠠᠢ᠌ᠭᠠᠤᠨ ᠮᠥᠭᠦᠭ᠍ᠰᠡᠨ ᠭᠡᠯᠡ ᠶᠢ ᠠᠮᠢᠯᠠᠭᠤᠯᠵᠤ ᠴᠢᠳᠠᠬᠤ ᠦᠭᠡᠶ᠂ ᠭᠡᠯᠡ ᠭᠦᠭ᠍ᠵᠢᠭᠡᠤᠨ ᠪᠦᠭᠦᠭ᠍ᠰᠡᠨ ᠨᠠᠷᠠ ᠶᠢ ᠰᠡᠷᠭᠦᠭᠡᠵᠤ ᠴᠢᠳᠠᠨ᠎ᠠ᠃ ᠪᠢᠳᠠ ᠵᠥᠪᠭᠡᠨ ᠡᠭᠡ ᠭᠡᠯᠡ ᠪᠠᠷ ᠶᠢᠡᠨ ᠰᠠ‍‌ᠶᠢ ᠵᠢᠰᠤ ᠵᠢᠰᠤ ᠪᠠᠨ ᠳᠡᠨᠢᠵᠤ᠂ ᠵᠥᠪᠭᠡᠨ ᠡᠭᠡ ᠭᠡᠯᠡ ᠳᠤ ᠪᠠᠨ ᠳᠦᠰᠢᠭᠯᠡᠮᠡᠡᠵᠢᠨ ᠰᠠ‍‌ᠶᠢ ᠣᠳᠤᠮ ᠳᠠᠮᠵᠢᠨ ᠴᠡᠴᠡᠭᠯᠡᠵᠤ ᠭᠦᠭ᠍ᠵᠢᠭᠦ ᠪᠣᠯᠤᠨ᠎ᠠ ( * ᠭᠡᠯᠡ ᠪᠠᠨ ᠭᠡᠷᠡᠭᠯᠡᠭᠦ ᠶᠢᠨ ᠴᠢᠬᠤᠯᠠ ᠴᠢᠨᠠᠷ ᠢ ᠪᠣᠳᠠᠳᠠᠢ ᠣᠷᠤᠰᠢᠵᠤ ᠪᠠᠢ᠌ᠭ᠎ᠠ ᠠᠰᠠᠭᠤᠳᠠᠯ ᠲᠡᠶ ᠬᠤᠯᠪᠣᠭᠳᠠᠭᠤᠯᠵᠤ ᠶᠠᠷᠢᠭᠰᠠᠨ ᠪᠦᠭᠡᠤᠨ ᠬᠣᠢ᠌ᠴᠢ ᠦᠶ᠎ᠡ ᠳᠤ ᠪᠠᠨ ᠣᠯᠠᠮᠵᠢᠯᠠᠵᠤ᠂ ᠦᠶ᠎ᠡ ᠣᠯᠠᠷᠢᠨ ᠭᠦᠭ᠍ᠵᠢᠭᠦᠯᠵᠤ ᠪᠠᠳᠠᠷᠠᠭᠤᠯᠬᠤ ᠶᠢ ᠰᠠᠨᠠᠭᠠᠴᠢᠯᠠᠵᠠᠢ᠃ ᠵᠢᠷᠤᠭᠠᠰᠤ ᠲᠡᠶ ᠨᠢ ᠭᠢᠴᠢᠶᠠᠯ ᠳ᠋ᠠᠭᠢ ᠭᠡᠯᠡᠯᠭᠡ )᠃

ᠳᠦᠷᠪᠡ᠂ ᠰᠤᠷᠤᠯᠴᠠᠭᠰᠠᠨ ᠪᠠᠢ᠌ᠴᠠᠭᠠᠯᠳᠠ ᠦᠨᠡᠯᠠᠯᠳᠠ ᠪᠠ ᠡᠷᠭᠢᠴᠡᠭᠦᠯᠦᠯ ᠤᠨ ᠳᠤᠬᠠᠢ

1. ᠭᠢᠴᠢᠶᠠᠯ ᠢ ᠪᠦᠭᠦᠯᠢ ᠴᠤᠭᠴᠠ ᠡᠴᠠ ᠨᠢ ᠣᠢ᠌ᠯᠠᠭᠠᠵᠤ ᠡᠵᠡᠮᠰᠢᠭ᠍ᠰᠡᠨ ᠪᠠᠢ᠌ᠳᠠᠯ ᠢ ᠪᠠᠢ᠌ᠴᠠᠭᠠᠵᠤ ᠦᠨᠡᠯᠠᠨ᠎ᠡ᠃ ① ᠵᠦᠪ ᠪᠢᠴᠢᠯᠭᠡ᠂ ᠥᠭᠡ ᠭᠡᠯᠡ ᠥᠰᠦᠭ᠌ ᠪᠢᠴᠢᠭ᠌ ᠤᠨ ᠭᠡᠷᠡᠭᠯᠡᠭᠡᠨ ᠤ ᠳᠠᠯ᠎ᠠ ᠡᠴᠠ ᠄ ᠰᠤᠨᠤᠰᠴᠤ ᠪᠢᠴᠢᠭᠦᠯᠭᠦ᠂ ᠢᠵᠠᠭᠤᠷ ᠳᠠᠭᠠᠪᠣᠷᠢ ᠪᠠᠷ ᠵᠠᠳᠠᠯᠤᠭᠤᠯᠬᠤ᠂ ᠳᠤᠭᠤᠵᠤ ᠪᠠᠬᠠᠷᠬᠠᠭᠰᠠᠨ ᠥᠭᠡ ᠥᠭᠦᠯᠡᠪᠦᠷᠢ ᠪᠠᠨ ᠴᠠᠪᠠᠷ ᠪᠢᠴᠢᠯᠭᠡ ᠭᠢᠭᠦ ᠪᠠᠷ ᠳᠠᠮᠵᠢᠨ᠎ᠠ᠃ ② ᠵᠤᠬᠢᠶᠠᠯ ᠤᠨ ᠠᠭᠤᠯᠭ᠎ᠠ ᠰᠠᠨᠠᠭ᠎ᠠ ᠶᠢ ᠣᠢ᠌ᠯᠠᠭᠠᠭᠰᠠᠨ ᠭᠡᠮᠵᠢᠶ᠎ᠡ ᠪᠣᠶᠤ ᠣᠩᠰᠢᠨ ᠵᠠᠳᠠᠯᠬᠤ ᠴᠢᠳᠠᠪᠣᠷᠢ ᠶᠢᠨ ᠳᠠᠯ᠎ᠠ ᠡᠴᠠ ᠄ ᠭᠡᠰᠡᠭ᠌ ᠪᠦᠯᠦᠭ᠌ ᠤᠨ ᠠᠭᠤᠯᠭ᠎ᠠ ᠳᠤ ᠳᠤᠭᠢᠷᠠᠭᠰᠠᠨ ᠠᠰᠠᠭᠤᠯᠳᠠ ᠳᠤᠷᠠᠤᠠᠬᠤ᠂ ᠰᠤᠩᠭ᠋ᠤᠳᠠᠭ ᠭᠡᠯᠡᠯᠭᠡ ᠡᠷᠢᠭᠦᠯᠭᠦ᠂ ᠦᠭ‍ᠭᠦᠭ᠍ᠰᠡᠨ ᠣᠩᠰᠢᠬᠤ ᠮᠠᠲ᠋ᠸᠷᠢᠶᠠᠯ ᠢ ᠭᠢᠴᠢᠶᠠᠯ ᠲᠡᠶ ᠪᠠᠨ ᠬᠤᠯᠪᠣᠭᠳᠠᠭᠤᠯᠵᠤ ᠴᠢᠳᠠᠬᠤ ᠡᠰᠡᠭᠦ ᠪᠠᠷ ᠳᠠᠮᠵᠢᠨ ᠦᠨᠡᠯᠠᠨ᠎ᠡ᠃ ③ ᠵᠤᠬᠢᠶᠠᠯ ᠤᠨ ᠭᠡᠯᠡ ᠭᠡᠯᠡᠯᠭᠡ᠂ ᠪᠢᠴᠢᠯᠭᠡ ᠶᠢᠨ ᠭᠡᠪ ᠵᠠᠭᠪᠣᠷ ᠢ ᠰᠤᠷᠴᠤ ᠭᠡᠷᠡᠭᠯᠡᠭᠦ ᠳᠠᠯ᠎ᠠ ᠡᠴᠠ ᠄ ᠵᠤᠬᠢᠶᠠᠯ ᠳ᠋ᠠᠭᠢ ᠰᠤᠩᠭ᠋ᠤᠳᠠᠭ ᠭᠡᠯᠡᠯᠭᠡ ᠶᠢ ᠭᠡᠷᠡᠭᠯᠡᠵᠤ᠂ ᠵᠤᠬᠢᠶᠠᠯ ᠤᠨ ᠪᠢᠴᠢᠯᠭᠡ ᠶᠢᠨ ᠭᠡᠪ ᠵᠠᠭᠪᠣᠷ ᠢ ᠳᠠᠭᠤᠷᠢᠶᠠᠵᠤ ᠳᠦᠷᠦᠭ᠍ᠳᠡᠯ ᠶᠢᠡᠨ ᠪᠣᠳᠠᠳᠠᠢ ᠪᠢᠴᠢᠵᠤ ᠴᠢᠳᠠᠬᠤ ᠡᠰᠡᠭᠦ ᠪᠠᠷ ᠪᠠᠢ᠌ᠴᠠᠭᠠᠯᠳᠠ ᠦᠨᠡᠯᠠᠯᠳᠠ ᠭᠢᠨ᠎ᠡ᠃ 2. ᠳ᠋ᠦ᠋ᠩᠨᠠᠯᠳᠠ ᠭᠢᠭᠡᠤᠨ ᠡᠷᠭᠢᠴᠡᠭᠦᠯᠦᠯ ᠤᠨ ᠳᠤᠬᠠᠢ ᠰᠤᠷᠤᠭᠴᠢ ᠵᠢᠨ ᠵᠤᠭᠢᠶᠠᠨ ᠪᠢᠴᠢᠯᠭᠡ ᠶᠢᠨ ᠦᠨᠳᠦᠰᠦᠨ ᠪᠣᠯᠪᠠᠰᠤᠷᠠᠯ ᠤᠨ ᠳᠤᠬᠠᠢ ᠳ᠋ᠦ᠋ᠩᠨᠠᠵᠤ ᠡᠷᠭᠢᠴᠡᠭᠦᠯᠤᠨ᠎ᠡ᠃ ᠰᠤᠷᠤᠭᠴᠢ ᠶᠢᠨ ᠭᠢᠴᠢᠶᠠᠯ ᠢ ᠳᠠᠭᠤᠷᠢᠶᠠᠵᠤ ᠦᠵᠡᠯᠳᠠ ᠳᠦᠷᠦᠭ᠍ᠳᠡᠯ ᠶᠢᠡᠨ ᠪᠢᠴᠢᠭ᠍ᠰᠡᠨ ᠪᠠᠢ᠌ᠳᠠᠯ ᠢ ᠦᠨᠳᠦᠰᠦᠯᠠᠵᠤ᠂ ᠠᠰᠠᠭᠤᠳᠠᠯ ᠳᠤ ᠨᠢ ᠴᠢᠭᠯᠡᠭᠦᠯᠵᠤ ᠪᠣᠳᠠᠳᠠᠢ ᠵᠢᠯᠤᠭᠤᠳᠤᠯᠭ᠎ᠠ ᠭᠢᠭᠦ ᠶᠢᠨ ᠳᠠᠭᠠᠤ ᠪᠠᠭᠰᠢ ᠶᠢᠨ ᠪᠢᠴᠢᠭ᠍ᠰᠡᠨ ᠶᠢᠡᠨ ᠳᠦᠷᠢᠮ ᠥᠵᠡᠭᠦᠯᠭᠦ ᠪᠠᠷ ᠳᠠᠮᠵᠢᠨ᠂ ᠦᠵᠡᠯᠳᠠ ᠭᠢᠭᠡᠤᠨ ᠪᠣᠳᠠᠳᠤ ᠵᠢᠱᠢᠶ᠎ᠠ ᠶᠢ ᠭᠡᠷᠭᠢᠨ ᠠᠭᠤᠰᠤᠯᠳᠤᠭᠤᠯᠵᠤ ᠪᠢᠴᠢᠭᠦ᠂ ᠮᠠᠲ᠋ᠸᠷᠢᠶᠠᠯ ᠶᠢᠡᠨ ᠭᠡᠷᠭᠢᠨ ᠰᠢᠷᠭᠠᠭᠠᠵᠤ ᠪᠣᠯᠪᠠᠰᠤᠷᠠᠭᠤᠯᠬᠤ ᠳᠤᠬᠠᠢ ᠳ᠋ᠦ᠋ᠩᠨᠠᠨ᠎ᠡ᠃

ᠵᠤᠬᠢᠶᠠᠭᠴᠢ ᠶᠢᠨ ᠬᠠᠶ‍ᠢᠭ ᠄ ᠣᠯᠠᠭᠠᠠᠬᠤᠳᠠ ᠬᠤᠶᠠᠳᠤᠭᠠᠷ ᠳᠤᠮᠳᠠᠳᠤ ᠰᠤᠷᠭᠠᠭᠤᠯᠢ


ᠵᠤᠬᠢᠶᠠᠭᠴᠢ᠄ ᠠᠽᠢᠶ᠎ᠠ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1696
ᠴᠠᠭ᠄ 2014 ᠤᠨ ᠤ 01 ᠰᠠᠷ᠎ᠠ ᠶᠢᠨ 24