ᠠᠩᠭᠢᠷ ᠰᠢᠷ᠎ᠠ ᠨᠠᠮᠤᠷ ᠤᠨ ᠪᠦᠷᠦᠢ

ᠠᠩᠭᠢᠷ ᠰᠢᠷ᠎ᠠ ᠨᠠᠮᠤᠷ ᠤᠨ ᠪᠦᠷᠦᠢ ᠪᠠᠷ

ᠳᠡᠭ᠍ᠷᠢ ᠭᠦᠡᠵᠢᠵᠤ ᠭᠠᠯᠠᠭᠤᠳ ᠵᠠᠯᠠᠯᠠᠨ᠎ᠡ᠃

ᠠᠮᠠᠷᠠᠭ ᠴᠠᠭᠠᠨ ᠳᠤᠷᠠᠰᠤᠯ ᠭᠡᠯᠭᠢᠵᠤ

ᠰᠤᠷᠮᠤᠤᠰᠤ ᠴᠢᠭᠢᠭ᠍ᠳᠡᠭᠦᠯᠵᠤ ᠮᠦᠷᠦᠭᠡᠳᠦᠯ ᠨᠢᠯᠪᠣᠰᠤᠷᠠᠨ᠎ᠠ᠃


ᠨᠠᠷᠠᠨ ᠡᠴᠠ ᠰᠠᠭᠠᠭᠰᠠᠨ ᠰᠢᠵᠢᠷ ᠰᠠᠴᠤᠷᠠᠭ

ᠨᠠᠪᠴᠢᠨ ᠤ ᠥᠩᠭᠡ ᠶᠢ ᠪᠣᠳᠤᠭᠯᠠᠨ ᠰᠢᠷᠭᠠᠯᠳᠤᠭᠤᠯᠤᠨ᠎ᠠ᠃

ᠨᠠᠮᠤᠭᠤᠬᠠᠨ ᠣᠶᠠᠰᠬᠤ ᠺᠢᠲ᠋ᠠᠷ ᠤᠨ ᠡᠭᠡᠰᠢᠭ᠌

ᠣᠢ ᠶᠢᠨ ᠨᠠᠮᠤᠷ ᠲᠡᠶ ᠬᠠᠮᠳᠤ ᠣᠨᠠᠯᠴᠠᠨ᠎ᠠ᠃


ᠠᠶᠠᠷᠬᠠᠨ ᠰᠡᠮᠡᠷᠡᠭᠦ ᠰᠢᠷᠠᠩᠭ᠋ᠤᠢ ᠳᠤᠯᠤᠩ ᠨᠦᠮᠦᠷᠴᠦ

ᠠᠯᠢᠶᠠᠬᠠᠨ ᠴᠢᠨᠤ ᠨᠢᠳᠤ ᠶᠢ ᠣᠩᠰᠢᠵᠤ

ᠠᠩᠬᠠᠨ ᠤ ᠳᠤᠷᠠᠯᠠᠯ ᠳᠠᠭᠠᠨ ᠰᠢᠳᠠᠵᠤ ᠪᠠᠢ᠌ᠭᠰᠠᠨ ᠵᠢᠠᠨ

ᠠᠮᠠᠷᠠᠭ ᠬᠠᠢ᠌ᠷ᠎ᠠ ᠮᠢᠨᠢ ᠮᠠᠷᠳᠠᠵᠤ ᠴᠢᠳᠠᠬᠤ ᠦᠭᠡᠶ︕


ᠨᠠᠰᠤᠨ ᠳᠠᠭᠠᠨ ᠮᠠᠷᠳᠠᠬᠤ ᠦᠭᠡᠶ ᠴᠢᠨᠤ ᠳᠤᠬᠠᠢ

ᠨᠠᠮᠤᠷ ᠨᠠᠮᠤᠷ ᠪᠣᠳᠤᠯ ᠪᠦᠮᠪᠦᠷᠢᠨ᠎ᠡ ᠡ︕

ᠨᠡᠭᠡᠯ ᠬᠠᠳᠠᠭᠤ ᠥᠭᠡᠢ᠌ᠯᠡᠭ᠍ᠳᠡᠯ ᠳᠠᠭᠠᠵᠤ

ᠨᠠᠰᠤᠨ ᠤ ᠭᠢᠷᠠᠭᠤ ᠰᠠᠠᠴᠢᠭ ᠲᠤ ᠪᠣᠭᠤᠷᠤᠯᠳᠤᠨ᠎ᠠ ᠁


ᠵᠤᠬᠢᠶᠠᠭᠴᠢ ᠶᠢᠨ ᠬᠠᠶ‍ᠢᠭ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠬᠠᠷᠢᠶ᠎ᠠ᠄ ᠰᠢᠯᠦᠭ
ᠳᠠᠷᠤᠮ᠄ 1814
ᠴᠠᠭ᠄ 2010 ᠤᠨ ᠤ 09 ᠰᠠᠷ᠎ᠠ ᠶᠢᠨ 07