《ᠬᠤᠯᠢᠭᠰᠠᠨ ᠪᠣᠳᠠᠭ᠎ᠠ》ᠵᠢᠨ ᠢᠷᠠᠯᠳᠠ ᠶᠢᠨ ᠳᠤᠬᠠᠢ ᠨᠤᠳᠤᠭ ᠤᠨ ᠪᠣᠭᠤᠷᠤᠯ ᠡᠴᠠ ᠰᠤᠨᠤᠰᠤᠭᠰᠠᠨ ᠳᠡᠮᠳᠡᠭᠯᠡᠯ

ᠮᠠᠨ ᠤ ᠨᠤᠳᠤᠭ ᠲᠤ ᠡᠪᠦᠯ ᠤᠨ ᠡᠭᠢᠨ ᠰᠠᠷ᠎ᠠ ᠶᠢᠨ ᠬᠤᠷᠢᠨ ᠳᠠᠪᠤᠨ ᠳᠤ《ᠬᠤᠯᠢᠭᠰᠠᠨ ᠪᠣᠳᠠᠭ᠎ᠠ》 ᠭᠢᠵᠤ ᠢᠳᠡᠳᠡᠭ᠌ ᠵᠠᠩᠰᠢᠯ ᠲᠡᠶ ᠪᠠᠢ᠌ᠳᠠᠭ᠃    《ᠬᠤᠯᠢᠭᠰᠠᠨ ᠪᠣᠳᠠᠭ᠎ᠠ》 ᠭᠢᠭᠦ ᠭᠡᠭ᠍ᠴᠢ ᠨᠢ ᠬᠠᠢ᠌ᠯᠠᠭᠤᠯᠤᠭᠰᠠᠨ ᠰᠢᠷ᠎ᠠ ᠳᠤᠰᠤ ᠪᠣᠶᠤ ᠱᠦᠯᠦᠨ ᠳᠤᠰᠤᠨ ᠳᠠᠭᠠᠨ ᠬᠠᠭᠤᠷᠤᠭᠰᠠᠨ ᠪᠣᠳᠠᠭᠠᠨ ᠭᠤᠯᠢᠷ ᠪᠠᠰᠠ ᠴᠠᠭᠠᠨ ᠰᠢᠭᠢᠷ ᠵᠡᠷᠭᠡ ᠶᠢ ᠭᠢᠵᠤ ᠴᠠᠷᠴᠠᠭᠠᠭᠠᠤᠨ ᠳᠠᠷᠤᠵᠤ ᠭᠡᠪᠰᠢᠭᠦᠯᠤᠨ ᠭᠡᠰᠡᠭᠯᠡᠭᠦ ᠶᠢᠨ ᠭᠢᠷᠢ ᠪᠠᠷ ᠶᠢᠡᠨ ᠱᠤᠭᠤᠮ ᠵᠢᠷᠤᠵᠤ ᠳᠠᠯᠪᠢᠳᠠᠭ᠃ ᠳᠠᠷᠠ ᠨᠢ ᠢᠳᠡᠭᠦ ᠳᠤ ᠳᠤᠩ ᠠᠮᠳᠠᠳᠠᠢ ᠪᠠᠢ᠌ᠵᠤ ᠦᠷᠯᠦᠭᠡᠨ ᠴᠠᠢ ᠶᠢᠨ ᠰᠠᠢ᠌ᠨ ᠬᠤᠯᠢᠴᠠ ᠪᠣᠯᠳᠠᠭ᠃ ᠳᠤᠤᠷ᠎ᠠ ᠪᠢ ᠳᠡᠭᠦᠨ ᠤ ᠢᠷᠠᠯᠳᠠ ᠶᠢᠨ ᠳᠤᠬᠠᠢ ᠨᠤᠳᠤᠭ ᠤᠨ ᠪᠣᠭᠤᠷᠤᠯ ᠤᠨ ᠬᠠᠭᠤᠴᠢᠯᠠᠭᠰᠠᠨ ᠥᠯᠢᠭᠡᠷ ᠢ ᠳᠠᠨᠠᠷ ᠲᠠᠭᠠᠨ ᠶᠠᠷᠢᠵᠤ ᠦᠭ‍ᠭᠦᠶ᠎ᠡ᠃

ᠡᠷᠳᠡ ᠣᠷᠢᠳᠤ ᠴᠠᠭ ᠲᠤ ᠡᠪᠦᠭᠡᠨ ᠡᠮᠡᠭᠡᠨ ᠬᠤᠶᠠᠷ ᠠᠵᠤ ᠲᠦᠷᠦᠵᠤ ᠪᠠᠢ᠌ᠵᠤ ᠭᠡᠨ᠎ᠡ᠂ ᠡᠮᠡᠭᠡᠨ ᠨᠢ ᠡᠪᠦᠭᠡᠨ ᠡᠴᠠ ᠪᠠᠨ ᠳᠤᠩ ᠠᠶᠤᠳᠠᠭ ᠪᠠᠢ᠌ᠯ᠎ᠠ᠂ ᠨᠢᠭᠡᠨ ᠡᠳᠦᠷ ᠪᠠᠶ᠎ᠠ ᠭᠦᠡᠳᠤ ᠡᠮᠡᠭᠡᠨ ᠨᠢ ᠰᠠᠷᠯᠤᠭ ᠶᠢᠡᠨ ᠡᠷᠭᠢᠭᠦᠯᠭᠦ ᠪᠠᠷ ᠶᠠᠪᠣᠭᠠᠤᠨ ᠪᠣᠴᠠᠬᠤ ᠵᠠᠮ ᠳᠠᠭᠠᠨ ᠪᠠᠶ᠎ᠠ ᠨᠢ ᠡᠪᠠᠦᠡᠴᠤ ᠭᠦᠤ ᠭᠦᠩᠭᠡᠵᠢᠭ᠍ᠰᠡᠨ ᠪᠣᠯᠪᠠᠴᠤ ᠡᠪᠦᠭᠡᠨ ᠡᠴᠠ ᠪᠠᠨ ᠠᠶᠤᠳᠠᠭ ᠡᠮᠡᠭᠡᠨ ᠭᠤᠸᠠᠢ 《ᠭᠡᠭᠡᠷ᠎ᠡ ᠭᠠᠳᠠᠨ᠎ᠠ ᠭᠦᠩᠭᠡᠵᠢᠯ᠎ᠡ》 ᠭᠡᠵᠤ ᠵᠢᠮᠡᠯᠡᠭ᠍ᠳᠡᠭᠦ ᠡᠴᠠ ᠪᠠᠨ ᠠᠶᠤᠭᠠᠤᠨ ᠣᠯᠠᠭᠠᠨ ᠨᠢᠯᠬ᠎ᠠ ᠭᠦᠤ ᠪᠠᠨ ᠪᠣᠳᠠᠨ ᠨᠦᠮᠦᠷᠢ ᠬᠤᠮᠢᠵᠤ ᠪᠠᠭᠯᠠᠵᠤ ᠳᠠᠯᠪᠢᠭᠠᠤᠨ ᠬᠠᠷᠢᠭᠠᠤᠨ ᠢᠷᠡᠴᠢᠭᠡᠵᠡᠢ᠃

ᠰᠦᠨᠢ ᠪᠣᠯᠬᠤ ᠳᠤ ᠭᠦᠤ ᠪᠠᠨ ᠭᠡᠭᠡᠷ᠎ᠡ ᠬᠠᠶᠠᠭᠰᠠᠨ ᠡᠮᠡᠭᠡᠨ ᠭᠤᠸᠠᠢ ᠶᠠᠭᠠᠭᠢᠭᠰᠠᠨ ᠴᠤ ᠣᠠᠳᠠᠵᠤ ᠣᠷᠤᠬᠤ ᠶᠤᠮ ᠪᠢᠰᠢ᠂ ᠡᠷᠭᠢᠵᠤ ᠣᠷᠪᠠᠭᠠᠤᠨ ᠯᠠ ᠪᠠᠢ᠌ᠬᠤ ᠳ᠋ᠤᠨᠢ ᠡᠪᠦᠭᠡᠨ ᠨᠢ ᠪᠠᠰᠠᠯᠠ ᠠᠭᠤᠷᠯᠠᠵᠤ᠄ 《ᠮᠠᠭᠤ ᠵᠤᠯᠢᠭ ᠴᠢ ᠶᠠᠭᠤᠨᠠᠢ ᠡᠷᠭᠢᠵᠤ ᠣᠷᠪᠠᠭᠠᠤᠨ ᠯᠠ ᠪᠠᠢ᠌ᠬᠤ ᠶᠤᠮ᠂ ᠪᠣᠰᠤᠳ ᠢ ᠪᠠᠰᠠ ᠠᠮᠠᠷ ᠣᠠᠳᠠᠭᠤᠯᠬᠤ ᠦᠭᠡᠶ》 ᠭᠡᠪᠠᠯ ᠡᠮᠡᠭᠡᠨ ᠨᠢ ᠠᠷᠭ᠎ᠠ ᠪᠣᠰᠤ ᠦᠨᠡᠨ ᠶᠢᠡᠨ ᠭᠡᠯᠡᠵᠤ ᠥᠭ᠍ᠴᠡᠢ᠃ ᠡᠮᠡᠭᠡᠨ ᠤ ᠪᠠᠨ ᠭᠡᠯᠡᠭᠦ ᠶᠢ ᠰᠤᠨᠤᠰᠤᠩᠭ᠋ᠤᠳᠠ ᠡᠪᠦᠭᠡᠨ ᠭᠤᠸᠠᠢ ᠭᠤᠰ ᠦᠰᠦᠷᠤᠨ ᠪᠤᠰᠴᠤ᠄    《ᠳᠡᠭᠡᠭᠡᠳ ᠴᠢ ᠶᠠᠭᠤᠨ ᠳᠤ ᠡᠷᠳᠡᠭᠡᠨ ᠭᠡᠯᠡᠭᠦ ᠦᠭᠡᠶ ᠶᠤᠮ᠂ ᠣᠳᠤ ᠭᠦᠤ ᠶᠢ ᠮᠢᠨᠢ ᠨᠢᠭᠡᠨᠲᠡ ᠡᠯᠢᠶ᠎ᠡ ᠰᠢᠪᠠᠭᠤ ᠰᠢᠭᠦᠷᠴᠢᠭᠡᠭ᠍ᠰᠡᠨ ᠪᠠᠢ᠌ᠯᠭᠦᠢ》 ᠭᠡᠵᠤ ᠳᠠᠯᠪᠠ ᠠᠭᠤᠷᠯᠠᠭᠰᠠᠭᠠᠷ ᠭᠦᠭ᠍ᠰᠢᠨ ᠡᠴᠠ ᠪᠠᠨ ᠭᠦᠩᠭᠡᠵᠢᠭ᠍ᠰᠡᠨ ᠭᠠᠵᠠᠷ ᠤᠨ ᠭᠢᠨᠢ ᠪᠠᠢ᠌ᠴᠠ ᠶᠢ ᠨᠢ ᠯᠠᠪᠯᠠᠵᠤ ᠠᠪᠣᠭᠠᠤᠨ ᠭᠦᠤ ᠪᠠᠨ ᠡᠷᠢᠭᠦ ᠪᠠᠷ ᠮᠤᠷᠳᠠᠵᠠᠢ᠃

ᠡᠪᠦᠭᠡᠨ ᠭᠤᠸᠠᠢ ᠶᠢ ᠳᠠᠷᠠ ᠭᠠᠵᠠᠷ ᠨᠢ ᠤᠢ᠌ᠷᠠᠳᠴᠤ ᠭᠦᠷᠭᠦ ᠳᠤ ᠪᠦᠳᠦᠭᠦᠨ ᠭᠡᠭ᠍ᠴᠢ ᠨᠢᠭᠡᠨ ᠰᠢᠪᠠᠭᠤ ᠳᠤᠮᠤ ᠵᠢᠭᠦᠷ ᠶᠢᠡᠨ ᠳᠡᠪᠢᠭ᠍ᠰᠡᠭᠡᠷ ᠨᠢᠰᠤᠨ ᠣᠤᠠᠬᠤ ᠨᠢ ᠬᠠᠷᠠᠭᠳᠠᠯ᠎ᠠ᠃ ᠡᠪᠦᠭᠡᠨ ᠭᠤᠸᠠᠢ ᠶᠡᠭᠡᠪᠠᠷ ᠭᠡᠮᠰᠢᠨ ᠭᠠᠰᠠᠯᠵᠤ᠂ ᠨᠢᠯᠬ᠎ᠠ ᠭᠦᠤ ᠶᠢᠨ ᠶᠢᠡᠨ ᠰᠡᠭ᠌ ᠢ ᠨᠢ ᠴᠤ ᠭᠡᠰᠡᠨ ᠣᠯᠤᠶ᠎ᠠ ᠭᠡᠳ ᠰᠠᠶ‍ᠢᠬᠠᠨ ᠤ ᠪᠦᠳᠦᠭᠦᠨ ᠰᠢᠪᠠᠭᠤ ᠪᠣᠰᠤᠭᠰᠠᠨ ᠭᠠᠵᠠᠷ ᠲᠤ ᠭᠦᠷᠴᠤ ᠣᠴᠢᠬᠤ ᠳᠤ ᠬᠠᠷᠢᠨ ᠨᠢᠯᠬ᠎ᠠ ᠭᠦᠤ ᠨᠢ ᠠᠮᠢᠳᠤ ᠮᠥᠷᠳᠡᠭᠡᠨ ᠪᠠᠶ᠎ᠠ ᠡᠴᠠ ᠨᠢ ᠠᠭᠤᠷ ᠪᠠᠭᠠᠭᠢᠵᠤ ᠪᠠᠢ᠌ᠭᠰᠠᠨ ᠭᠡᠨ᠎ᠡ᠃ ᠣᠤᠯ ᠨᠢ ᠳᠡᠷᠡᠭᠦ ᠪᠦᠳᠦᠭᠦᠨ ᠰᠢᠪᠠᠭᠤ ᠳᠤᠮᠤ ᠳᠠᠯᠠᠪᠴᠢ ᠪᠠᠷ ᠶᠢᠡᠨ ᠨᠢᠯᠬ᠎ᠠ ᠭᠦᠤ ᠶᠢ ᠨᠢ ᠬᠤᠮᠢᠵᠤ ᠭᠡᠪᠳᠡᠵᠤ ᠪᠠᠢ᠌ᠭᠠᠤᠨ ᠡᠪᠦᠯ ᠤᠨ ᠳᠡᠷᠢᠭᠦᠨ ᠰᠠᠷ᠎ᠠ ᠶᠢᠨ ᠬᠤᠷᠢᠨ ᠳᠠᠪᠤᠨ ᠤ ᠰᠦᠨᠢ ᠶᠢᠨ ᠳᠠᠰᠭᠢᠮ᠎ᠠ ᠭᠦᠢᠳᠡᠨ ᠡᠴᠠ ᠬᠠᠮᠠᠭᠠᠯᠠᠭᠰᠠᠨ ᠪᠠᠢ᠌ᠵᠠᠢ᠃ ᠡᠨᠡ ᠭᠦᠤ ᠨᠢ ᠳᠠᠷᠤᠢ ᠽᠦᠩᠺᠠᠸ᠎ᠠ ᠪᠣᠷᠬᠠᠨ ᠪᠣᠯᠬᠤᠷ ᠡᠢ᠌ᠮᠦᠷᠭᠦ ᠭᠠᠢ᠌ᠬᠠᠮᠰᠢᠭ ᠢᠯᠡᠷᠡᠭ᠍ᠰᠡᠨ ᠠᠵᠠᠢ᠃ ᠬᠤᠵᠢᠮ ᠤᠨ ᠭᠦᠮᠦᠰ ᠽᠦᠩᠺᠠᠸ᠎ᠠ ᠪᠣᠷᠬᠠᠨ ᠤ ᠮᠡᠡᠳᠦᠯᠡᠭ᠍ᠰᠡᠨ ᠡᠳᠦᠷ ᠢ ᠳᠤᠷᠠᠰᠬᠠᠬᠤ ᠶᠢᠨ ᠲᠦᠯᠦᠭᠡ ᠠᠷᠪᠠᠨ ᠰᠠᠷ᠎ᠠ ᠶᠢᠨ ᠬᠤᠷᠢᠨ ᠳᠠᠪᠤᠨ ᠳᠤ 《ᠬᠤᠯᠢᠭᠰᠠᠨ ᠪᠣᠳᠠᠭ᠎ᠠ》 ᠭᠢᠵᠤ ᠢᠳᠡᠳᠡᠭ᠌ ᠭᠡᠨ᠎ᠡ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠪᠠᠭᠠᠷᠢᠨ‍ᠴᠢᠮᠡᠭ
ᠬᠠᠷᠢᠶ᠎ᠠ᠄ ᠵᠠᠩ ᠤᠢ᠌ᠯᠠ
ᠳᠠᠷᠤᠮ᠄ 4680
ᠴᠠᠭ᠄ 2010 ᠤᠨ ᠤ 04 ᠰᠠᠷ᠎ᠠ ᠶᠢᠨ 07