ᠡᠬᠡ ᠨᠤᠲᠤᠭ
(ᠴᠥᠷᠭᠦᠯᠡᠭᠡ ᠨᠢᠭᠡ)

ᠠᠷᠤ ᠳᠤ ᠮᠢᠨᠢ ᠬᠤᠴᠤᠷᠤᠭᠰᠠᠨ

ᠨᠢᠭᠡ ᠭᠡᠰᠡᠭ᠌ ᠬᠠᠯᠠᠭᠤᠨ ᠰᠢᠷᠤᠢ ᠪᠠᠨ

ᠪᠢ ᠭᠡᠵᠢᠶᠡᠳᠡ ᠡᠭᠡ ᠨᠤᠳᠤᠭ ᠭᠡᠨ᠎ᠡ

ᠠᠩᠭᠢᠷ ᠪᠠᠭ᠎ᠠ ᠶᠢᠨ ᠳᠤᠷᠠᠰᠤᠯ ᠮᠥᠷᠦᠭᠡᠳᠦᠯ ᠢ

ᠳᠠᠷᠠ ᠳᠦᠷᠡᠯᠵᠡᠭᠦᠯᠵᠤ ᠪᠠᠢ᠌ᠳᠠᠭ

ᠵᠡᠭᠦᠳᠤᠨ ᠳᠤ ᠳᠤᠶᠠᠭᠠᠷᠠᠭᠰᠠᠨ

ᠵᠡᠭᠦᠨ ᠮᠠᠩᠬᠠᠨ ᠤ ᠰᠠᠷᠠ ᠪᠠᠨ

ᠪᠢ ᠡᠭᠦᠷᠢᠳᠡ ᠡᠭᠡ ᠨᠤᠳᠤᠭ ᠭᠡᠨ᠎ᠡ

ᠵᠢᠷᠦᠭᠡᠨ ᠡᠴᠡ ᠣᠠᠳᠤᠷᠤᠭᠰᠠᠨ ᠬᠠᠢ᠌ᠷ᠎ᠠ ᠪᠠᠶᠠᠰᠤᠯ ᠢ

ᠳᠠᠷᠠ ᠢᠭ᠍ᠳᠦᠯᠦᠭᠦᠯᠵᠤ ᠪᠠᠢ᠌ᠳᠠᠭ

ᠣᠭᠢᠯᠠᠵᠤ ᠰᠠᠯᠤᠯᠴᠠᠭᠰᠠᠨ

ᠣᠤᠭᠠᠨ ᠳᠤᠷᠠᠯᠠᠯ ᠤᠨ ᠦᠳᠡᠰᠢ ᠪᠠᠨ

ᠪᠢ ᠮᠦᠨ ᠡᠭᠡ ᠨᠤᠳᠤᠭ ᠭᠡᠨ᠎ᠡ

ᠣᠷᠢ ᠵᠠᠯᠠᠭᠤ ᠶᠢᠨ ᠭᠡᠨᠡᠨ ᠴᠠᠭᠠᠨ ᠢ

ᠳᠠᠷᠠ ᠳᠡᠮᠳᠡᠭᠯᠡᠵᠤ ᠪᠠᠢ᠌ᠳᠠᠭ

ᠠᠭᠤᠵᠢᠷᠠᠳᠠᠯ᠎ᠠ ᠵᠤᠭᠤᠭᠳᠠᠭᠰᠠᠨ

ᠪᠠᠭ᠎ᠠ ᠶᠢᠨ ᠦᠶ᠎ᠡ ᠶᠢᠨ ᠨᠠᠢ᠌ᠵᠠ ᠪᠠᠨ

ᠪᠢ ᠪᠠᠰᠠ ᠡᠭᠡ ᠨᠤᠳᠤᠭ ᠭᠡᠨ᠎ᠡ

ᠦᠨᠡᠠᠴᠢ ᠰᠠᠢ᠌ᠬᠠᠨ ᠨᠥᠭᠦᠷᠯᠡᠯ ᠢ

ᠳᠠᠷᠠ ᠢᠯᠡᠳᠭᠡᠵᠤ ᠪᠠᠢ᠌ᠳᠠᠭ

ᠪᠣᠷᠤᠭᠠᠨ ᠤ ᠳᠤᠮᠳᠠ ᠳᠠᠳᠠᠭᠰᠠᠨ ᠰᠤᠯᠤᠩᠭ᠋᠎ᠠ

ᠴᠠᠰᠤᠨ ᠤ ᠳᠤᠤᠷ᠎ᠠ ᠡᠴᠡ ᠣᠷᠭᠤᠭᠰᠠᠨ ᠨᠤᠭᠤᠭ᠎ᠠ

ᠪᠣᠳᠠᠨ ᠤ ᠳᠤᠮᠳᠠ ᠡᠴᠡ ᠥᠷᠭᠦᠭ᠍ᠰᠡᠨ ᠰᠢᠪᠠᠭᠤ

ᠮᠠᠨᠠᠨ ᠤ ᠳᠤᠮᠳᠠ ᠳᠦᠭᠡᠷᠢᠭ᠍ᠰᠡᠨ ᠠᠳᠤᠭᠤ ᠪᠠᠨ

ᠪᠢ ᠪᠦᠷ ᠡᠭᠡ ᠨᠤᠳᠤᠭ ᠭᠡᠨ᠎ᠡ

ᠮᠢᠨᠤ ᠨᠤᠭᠤᠷᠠᠯ ᠪᠦᠳᠦᠷᠢᠯ ᠭᠦᠰᠡᠯ ᠭᠦᠭᠡᠭᠡᠴᠡᠯᠳᠦᠯ ᠢ

ᠳᠠᠷᠠ ᠳᠡᠷᠪᠠᠭᠦᠯᠵᠤ ᠪᠠᠢ᠌ᠳᠠᠭ

ᠰᠤᠭᠳᠠᠪᠠᠯ ᠳᠠᠭᠤᠯᠠᠳᠠᠭ ᠨᠢᠭᠡ ᠪᠠᠳᠠᠭ ᠳᠠᠭᠤᠤ

ᠰᠡᠷᠭᠦᠪᠠᠯ ᠮᠠᠷᠳᠠᠳᠠᠭ ᠨᠢᠭᠡ ᠠᠩᠭᠢ ᠵᠡᠭᠦᠳᠤ

ᠰᠤᠴᠢᠪᠠᠯ ᠳᠠᠭᠤᠳᠠᠳᠠᠭ ᠨᠢᠭᠡ ᠠᠶᠠᠭ᠎ᠠ ᠣᠰᠤ

ᠣᠢ᠌ᠴᠢᠪᠠᠯ ᠨᠠᠭᠠᠯᠳᠤᠳᠠᠭ ᠨᠢᠭᠡ ᠪᠠᠶ᠎ᠠ ᠡᠯᠡᠰᠤ ᠪᠠᠨ

ᠪᠢ ᠪᠦᠭᠦᠨ ᠢ ᠡᠭᠡ ᠨᠤᠳᠤᠭ ᠭᠡᠨ᠎ᠡ

ᠮᠢᠨᠤ ᠠᠮᠢ ᠠᠮᠢᠳᠤᠷᠠᠯ ᠤᠨ ᠠᠯᠢᠪᠠ ᠪᠦᠭᠦᠨ ᠢ

ᠳᠠᠷᠠ ᠬᠤᠷᠣᠢ᠌ᠯᠠᠵᠤ ᠪᠠᠢ᠌ᠳᠠᠭ ᠡ ᠁


ᠳᠠᠷᠢᠶ᠎ᠠ ᠠᠯᠳᠠᠭᠰᠠᠨ ᠵᠢᠯ

᠊᠊᠊᠊᠊᠊᠊᠊᠊᠊᠊᠊᠊᠊᠊ ᠣᠷᠴᠢᠮ ᠤᠨ ᠭᠡᠳᠤᠨ ᠵᠢᠯ ᠡᠭᠡ ᠨᠤᠳᠤᠭ ᠮᠢᠨᠢ ᠭᠠᠩᠳᠠᠬᠤ ᠭᠡᠴᠡᠭᠦᠤ


ᠡᠪᠦᠯ ᠴᠠᠰᠤ ᠠᠯᠳᠠᠪᠠ

ᠬᠠᠪᠣᠷ ᠴᠢᠭᠢ ᠠᠯᠳᠠᠪᠠ

ᠵᠤᠨ ᠪᠣᠷᠤᠭᠠᠨ ᠠᠯᠳᠠᠪᠠ

ᠨᠠᠮᠤᠷ ᠳᠠᠷᠢᠶ᠎ᠠ ᠠᠯᠳᠠᠪᠠ

ᠳᠡᠭ᠍ᠷᠢ ᠭᠠᠯ ᠠᠯᠳᠠᠪᠠ

ᠭᠠᠵᠠᠷ ᠣᠰᠤ ᠠᠯᠳᠠᠪᠠ

ᠰᠢᠪᠠᠭᠤ ᠠᠮᠢ ᠠᠯᠳᠠᠪᠠ

ᠭᠦᠮᠤᠨ ᠳᠡᠰᠭᠦ ᠠᠯᠳᠠᠪᠠ

ᠠᠪᠣ ᠣᠨᠤᠭ᠎ᠠ ᠠᠯᠳᠠᠪᠠ

ᠡᠵᠢ ᠰᠠᠨᠠᠭ᠎ᠠ ᠠᠯᠳᠠᠪᠠ

ᠪᠢ ᠰᠤᠷᠤᠯᠭ᠎ᠠ ᠠᠯᠳᠠᠪᠠ

ᠡᠮᠡᠭᠡ ᠣᠤᠯᠭ᠎ᠠ ᠠᠯᠳᠠᠪᠠ ᠁

ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 2376
ᠴᠠᠭ᠄ 2005 ᠤᠨ ᠤ 07 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁