ᠭᠠᠯᠠᠭᠤᠳ ᠤᠨ ᠳᠠᠭᠤᠨ

ᠬᠠᠪᠣᠷ ᠪᠣᠯᠵᠤ᠂ ᠬᠠᠩᠰᠢ ᠨᠡᠭᠡᠭᠡᠯ᠎ᠡ᠃ ᠡᠨᠡ ᠵᠢᠯ ᠤᠨ ᠬᠠᠩᠰᠢ ᠥᠩᠭᠡᠷᠡᠭ᠍ᠰᠡᠨ ᠵᠢᠯ ᠤᠳ ᠢ ᠪᠣᠳᠤᠪᠠᠯ ᠨᠠᠯᠢᠶᠠᠤᠨ ᠡᠶᠡᠪᠠᠷᠭᠦᠤ ᠳᠤᠯᠠᠭᠠᠨ᠃ ᠮᠠᠨ ᠢ ᠪᠠᠭ᠎ᠠ ᠳᠤ ᠡᠪᠦᠭᠡᠤᠨ ᠨᠠᠰᠤᠳᠠᠤᠨ ᠤᠨ ᠬᠠᠭᠤᠴᠢᠯᠠᠳᠠᠭ ᠰᠢᠭ 《ᠠᠯᠢ ᠣᠷᠢᠳᠤ ᠳᠤ ᠬᠠᠩᠰᠢ ᠶᠢᠨ ᠡᠮᠦᠨ᠎ᠡ ᠣᠷᠤᠢ ᠮᠤᠩᠭ᠋ᠤᠯ ᠭᠡᠷ ᠤᠨ ᠭᠠᠳᠠᠨ᠎ᠠ ᠪᠠᠨ ᠣᠷᠭ᠎ᠠ ᠪᠠᠨ ᠬᠠᠶᠠᠭᠠᠤᠨ ᠬᠤᠨᠤᠬᠤᠯᠠᠷ ᠮᠠᠷᠭᠠᠰᠢ ᠥᠷᠯᠦᠭᠡ ᠨᠢ ᠭᠦᠭᠡ ᠨᠤᠭᠤᠭ᠎ᠠ ᠭᠦᠪᠭᠡᠢ᠌ᠭᠡᠤᠨ ᠣᠷᠭ᠎ᠠ ᠪᠠᠨ ᠡᠷᠢᠭᠡᠤᠨ ᠣᠯᠬᠤ ᠦᠭᠡᠶ ᠪᠣᠯᠴᠢᠬᠠᠳᠠᠭ》ᠭᠡᠵᠤ ᠬᠠᠩᠰᠢ ᠶᠢᠨ ᠡᠳᠦᠷ ᠤᠨ ᠳᠤᠭᠢᠷᠠᠬᠤ ᠶᠢ ᠪᠠᠯᠭᠡᠳᠡᠨ ᠬᠠᠭᠤᠴᠢᠯᠠᠳᠠᠭ ᠰᠢᠭ ᠳᠠᠢ᠌ᠮᠤ ᠰᠠᠢ᠌ᠬᠠᠨ ᠪᠢᠰᠢ ᠴᠤ ᠨᠠᠷᠠᠨ ᠡᠭᠡᠪᠦᠷ᠂ ᠨᠦᠮᠤᠷᠢ ᠭᠠᠵᠠᠷ ᠶᠢᠡᠷ ᠭᠦᠭᠡ ᠨᠤᠭᠤᠭ᠎ᠠ ᠪᠣᠯᠳᠠᠢ᠌ᠨ ᠪᠠᠢ᠌ᠭ᠎ᠠ ᠨᠢ ᠬᠠᠶᠠ ᠦᠭᠡᠶ ᠬᠠᠷᠠᠭᠳᠠᠨ᠎ᠠ᠃

ᠬᠠᠩᠰᠢ ᠶᠢᠨ ᠡᠳᠦᠷ ᠤᠨ ᠥᠷᠯᠦᠭᠡ ᠪᠠᠬᠠᠨ ᠳᠤᠭᠤᠰᠤ ᠮᠠᠨᠠᠨ ᠲᠡᠶ ᠪᠣᠯᠪᠠᠴᠤ᠂ ᠰᠠᠯᠭᠢ ᠳᠡᠭ᠍ᠳᠡᠭ᠍ᠰᠡᠨ ᠦᠭᠡᠶ᠂ ᠴᠤᠩᠬᠤ ᠪᠠᠨ ᠨᠡᠭᠡᠭᠡᠭᠡᠤᠨ ᠨᠤᠮ ᠣᠩᠰᠢᠨ ᠰᠠᠭᠤᠬᠤ ᠳᠤ ᠳᠤᠳᠤᠷ᠎ᠠ ᠳᠠᠭᠠᠯᠠᠮᠵᠢᠳᠠᠢ ᠶᠢ ᠶᠠᠭᠤᠨ ᠥᠭᠦᠯᠡᠭᠦ ᠠᠵᠠᠢ᠃

ᠬᠡᠶ᠎ᠡ᠂ ᠵᠡᠬ᠎ᠡ ᠳᠡᠯᠬᠡᠬᠦᠷ᠂ ᠠᠵᠤ ᠠᠬᠤᠢ ᠶᠢᠨ ᠬᠦᠭ᠍ᠵᠢᠯᠳᠡ ᠶᠢ ᠳᠠᠭᠠᠯᠳᠤᠨ᠂ ᠠᠰᠠᠷ ᠤᠨ ᠳᠤᠭᠤᠤᠷ ᠶᠠᠪᠣᠬᠤ ᠮᠠᠰᠢᠨ ᠮᠤᠲ᠋ᠤᠷ ᠤᠨ ᠭᠦᠷᠴᠢᠭᠢᠨᠡᠭᠦ ᠳᠠᠭᠤᠨ᠂ ᠬᠠᠶᠠᠭᠳᠠᠮᠠᠯ ᠪᠣᠳᠠᠰ ᠴᠤᠭᠯᠠᠭᠤᠯᠤᠭᠴᠢ ᠡᠪᠦᠭᠡᠨ ᠤ ᠰᠠᠷᠭᠢᠶ᠎ᠠ ᠳᠠᠭᠤᠨ᠂ ᠥᠡᠳᠡᠭᠡ ᠬᠤᠳᠠᠯᠳᠤᠭᠴᠢ ᠡᠮᠡᠭᠡᠨ ᠤ ᠰᠢᠩᠭᠡᠨ ᠳᠠᠭᠤᠨ ᠬᠤᠯᠢᠯᠳᠤᠨ ᠪᠣᠳᠤᠯ ᠰᠠᠤᠠᠭᠢᠯ ᠢ ᠳᠦᠭᠡᠷᠢᠭᠦᠯᠤᠨ᠂ ᠴᠢᠭᠢᠨ ᠳᠤ ᠳᠡᠭᠡᠭᠡᠷ᠎ᠡ ᠲᠡᠶ ᠰᠠᠨᠠᠭᠳᠠᠬᠤ ᠭᠡᠭ᠍ᠴᠢ ᠭᠡᠴᠡᠭᠦᠤ ᠶᠢ ᠶᠠᠭᠠᠭᠢᠨ᠎ᠠ᠃

ᠭᠡᠨᠤᠨᠳᠡ ᠠᠭᠠᠷ ᠶᠢᠡᠷ ᠨᠢᠰᠭᠦ ᠨᠢᠭᠡ ᠰᠥᠷᠦᠭ᠌ ᠭᠠᠯᠠᠭᠤᠳ ᠤᠨ 《ᠭᠠᠩᠭ᠋ᠠᠷ ᠭᠤᠩᠭ᠋ᠤᠷ》 ᠳᠤᠩᠭ᠋ᠤᠤᠠᠬᠤ ᠳᠠᠭᠤᠨ ᠴᠢᠭᠢᠨ ᠳᠤ ᠠᠶᠠᠳᠠᠢ ᠰᠤᠨᠤᠰᠳᠠᠬᠤᠯᠠᠷ ᠶᠠᠭᠠᠷᠠᠨ ᠠᠰᠠᠷ ᠤᠨ ᠴᠤᠩᠬᠤ ᠪᠠᠷ ᠭᠠᠳᠠᠭᠰᠢ ᠬᠠᠷᠠᠬᠤ ᠳᠤ ᠭᠠᠯᠠᠭᠤᠳ ᠤᠨ ᠴᠤᠪᠣᠭ᠎ᠠ ᠵᠠᠯᠠᠯᠠᠨ ᠨᠢᠰᠦᠭ᠍ᠰᠡᠭᠡᠷ ᠵᠡᠭᠦᠨ ᠬᠣᠢ᠌ᠰᠢ ᠥᠩᠭᠡᠷᠡᠨ ᠣᠳᠬᠤ ᠬᠠᠷᠠᠭᠳᠠᠯ᠎ᠠ᠃

ᠭᠠᠯᠠᠭᠤᠳ ᠤᠨ ᠳᠠᠭᠤᠨ ᠊᠊᠊᠊᠊᠊᠊᠊᠊᠊᠊᠊᠊᠊᠊ ᠡᠭᠡ ᠪᠠᠢ᠌ᠭᠠᠯᠢ ᠶᠢᠨ ᠴᠢᠮᠡᠭ᠌ ᠪᠣᠯᠤᠭᠰᠠᠨ ᠡᠨᠡ ᠭᠦ ᠪᠠᠢ᠌ᠭᠠᠯᠢᠯᠢᠬ ᠢᠷᠠᠭᠤ ᠭᠦᠭ᠍ᠵᠢᠮ ᠯᠠ ᠡᠷᠢᠶᠡᠨ ᠮᠠᠷᠢᠶᠠᠨ ᠬᠤᠯᠢᠯᠳᠤᠭᠰᠠᠨ ᠡᠯᠳᠡᠪ ᠳᠠᠭᠤᠨ ᠡᠴᠡ ᠢᠯᠭᠠᠷᠠᠨ᠂ ᠠᠭᠠᠷ ᠤᠨ ᠭᠦᠨ᠎ᠡ ᠳᠠᠭᠤᠷᠢᠰᠬᠤ ᠳᠤ ᠮᠤᠩᠭ᠋ᠤᠯ ᠨᠤᠳᠤᠭ ᠤᠨ ᠮᠢᠨᠢ ᠭᠦᠮᠤᠨ ᠪᠠᠢ᠌ᠭᠠᠯᠢ ᠶᠢᠨ ᠳᠤᠬᠠᠢ ᠰᠠᠤᠠᠭᠢᠯ ᠤᠨ ᠭᠦᠨ ᠳᠤ ᠦᠪᠡᠷ ᠤᠨ ᠡᠷᠭᠡ ᠥᠬᠡᠢ ᠶᠠᠭᠤ ᠨᠢᠭᠡ ᠶᠢ ᠪᠣᠳᠤᠭᠳᠠᠭᠤᠯᠤᠨ᠎ᠠ᠃

ᠡᠷᠳᠡᠨ ᠡᠴᠡ ᠠᠪᠣᠭᠠᠤᠨ《ᠨᠠᠭᠤᠷ ᠠᠮᠤᠭᠤᠯᠠᠩ ᠪᠣᠯ ᠨᠤᠭᠤᠰᠤ ᠠᠮᠤᠷ》 ᠂《ᠵᠠᠩ ᠰᠠᠢ᠌ᠳᠠᠢ ᠭᠦᠮᠤᠨ ᠳᠤ ᠨᠥᠭᠦᠷ ᠣᠯᠠᠨ᠂ ᠵᠠᠮᠠᠭ ᠰᠠᠢ᠌ᠳᠠᠢ ᠣᠰᠤᠨ ᠳᠤ ᠵᠢᠭᠠᠰᠤ ᠣᠯᠠᠨ》ᠭᠡᠭᠦ ᠮᠠᠳᠤ ᠭᠦᠮᠤᠨ ᠤ ᠠᠮᠢᠳᠤᠷᠠᠯ᠂ ᠪᠠᠢ᠌ᠭᠠᠯᠢ ᠣᠷᠴᠢᠨ ᠢ ᠵᠣᠢ᠌ᠷᠯᠠᠨ ᠢᠯᠤᠨᠭᠡᠭ᠍ᠰᠡᠨ ᠮᠤᠩᠭ᠋ᠤᠯ ᠠᠷᠠᠤᠨ ᠤᠨ ᠵᠣᠢ᠌ᠷ ᠰᠠᠴᠠᠨ ᠥᠭᠡᠰ ᠣᠯᠠᠨ ᠪᠠᠢ᠌ᠳᠠᠭ᠃ ᠭᠦᠮᠤᠨ ᠪᠦᠭᠦᠨ ᠡᠭᠡ ᠪᠠᠢ᠌ᠭᠠᠯᠢ ᠪᠠᠨ ᠬᠠᠢ᠌ᠷᠠᠯᠠᠵᠤ᠂ ᠠᠭᠤᠯᠠ ᠨᠢᠷᠤᠭᠤ ᠣᠢ ᠮᠤᠳᠤ ᠪᠡᠷ ᠥᠪᠴᠢ ᠪᠥᠷᠬᠦᠵᠤ᠂ ᠳᠠᠯ᠎ᠠ ᠨᠤᠳᠤᠬ ᠳᠦᠷᠦᠭᠡ ᠰᠢᠭᠦᠷᠡᠮ᠎ᠡ ᠡᠪᠠᠰᠤ ᠲᠡᠶ᠂ ᠭᠤᠤᠯ ᠭᠤᠷᠤᠬ᠎ᠠ ᠴᠠᠪᠠᠷ ᠳᠤᠩᠭ᠋ᠠᠯᠠᠭ ᠣᠷᠤᠰᠬᠠᠯ ᠲᠡᠶ ᠪᠣᠯ ᠳᠡᠳᠡᠭᠡᠷ ᠵᠢᠭᠦᠷᠳᠡᠨ ᠠᠷᠢᠶᠠᠳᠠᠤᠨ ᠦᠪᠡᠷ ᠤᠨ ᠡᠷᠭᠡ ᠦᠭᠡᠶ ᠡᠷᠢᠨ ᠡᠷᠢᠵᠤ ᠨᠤᠳᠤᠭᠯᠠᠬᠤ ᠨᠢ ᠭᠠᠷᠴᠠᠭ᠎ᠠ ᠦᠭᠡᠶ ᠪᠠᠢ᠌ᠯ᠎ᠠ ᠭᠡᠵᠤ ᠪᠢ ᠪᠣᠳᠤᠨ᠎ᠠ ᠃

ᠨᠢᠳᠤᠨᠤᠨ ᠤ ᠶ‍ᠢᠰᠦᠳᠦᠭᠡᠷ ᠰᠠᠷ᠎ᠠ ᠳᠤ ᠪᠢ ᠪᠦᠭᠦ ᠣᠷᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠪᠠᠭᠰᠢᠨᠠᠷ ᠤᠨ ᠭᠢᠴᠢᠶᠠᠯ ᠤᠨ ᠥᠭᠡᠷᠡᠴᠢᠯᠡᠯᠳᠡ ᠶᠢᠨ ᠪᠣᠯᠪᠠᠰᠤᠷᠠᠯ ᠤᠨ ᠬᠤᠷᠠᠯ ᠳᠤ ᠣᠷᠤᠯᠴᠠᠭᠠᠤᠨ ᠡᠷᠳᠡᠮᠳᠡᠨ ᠪᠠᠭᠰᠢᠨᠠᠷ ᠤᠨ ᠶᠠᠷᠢᠶ᠎ᠠ ᠡᠴᠡ ᠡᠢ᠌ᠮᠤ ᠨᠢᠭᠡ ᠵᠢᠱᠢᠶ᠎ᠠ ᠣᠯᠵᠤ ᠰᠤᠨᠤᠰᠤᠯ᠎ᠠ᠃

ᠮᠤᠩᠭ᠋ᠤᠯ ᠣᠯᠤᠰ ᠤᠨ ᠨᠢᠭᠡᠨ ᠭᠡᠦᠭᠡᠨ ᠮᠠᠨ ᠤ ᠦᠪᠣᠷ ᠮᠤᠩᠭ᠋ᠤᠯ ᠊ᠤᠨA ᠬᠤᠳᠠ ᠶᠢᠨ ᠮᠤᠩᠭ᠋ᠤᠯ ᠦᠨᠳᠦᠰᠦᠳᠠᠨ ᠤ ᠪᠠᠭ᠎ᠠ ᠰᠤᠷᠭᠠᠭᠤᠯᠢ ᠳᠤ ᠰᠤᠷᠤᠯᠴᠠᠳᠠᠭ ᠪᠠᠢ᠌ᠵᠠᠢ᠂ ᠨᠢᠳᠤᠨᠤᠨ ᠵᠤᠨ ᠤ ᠠᠮᠠᠷᠠᠯᠳᠠ ᠳᠤ ᠳᠠᠷᠠ ᠪᠢᠴᠢᠬᠠᠨ ᠭᠡᠦᠭᠡᠨ ᠠᠩᠭᠢ ᠶᠢᠨ ᠪᠠᠭᠰᠢ ᠪᠠᠨ ᠣᠷᠢᠵᠤ᠂ ᠮᠤᠩᠭ᠋ᠤᠯ ᠣᠯᠤᠰ ᠲᠤ ᠵᠤᠭᠠᠴᠠᠭᠤᠯᠤᠭᠰᠠᠨ ᠪᠠᠢ᠌ᠵᠠᠢ᠃ ᠳᠠᠳᠠ ᠵᠤᠭᠠᠴᠠᠨ ᠳᠤᠭᠤᠷᠢᠭᠰᠠᠭᠠᠷ ᠨᠢᠭᠡᠨ ᠭᠤᠤᠯ ᠤᠨ ᠭᠦᠪᠠᠭᠡᠨ ᠳᠤ ᠭᠦᠷᠭᠦ ᠳᠤ ᠭᠤᠤᠯ ᠤᠨ ᠣᠰᠤ ᠮᠠᠰᠢ ᠳᠤᠩᠭ᠋ᠠᠯᠠᠭ ᠪᠠᠢ᠌ᠵᠤ᠂ ᠭᠤᠤᠯ ᠤᠨ ᠢᠷᠤᠭᠠᠷ ᠳᠠᠭᠢ ᠣᠯᠠᠭᠠᠨ᠂ ᠨᠤᠭᠤᠭᠠᠨ᠂ ᠰᠢᠷ᠎ᠠ᠁ ᠵᠣᠢ᠌ᠯ ᠤᠨ ᠥᠩᠭᠡ ᠲᠡᠶ ᠴᠢᠯᠠᠭᠤᠳ ᠨᠠᠷᠠᠨ ᠤ ᠭᠡᠷᠡᠯ ᠳᠤ ᠰᠠᠴᠤᠷᠠᠨ ᠭᠡᠷᠡᠯᠳᠦᠵᠤ ᠶᠠᠭᠠᠭᠢᠬᠤ ᠶᠢᠨ ᠠᠷᠭ᠎ᠠ ᠦᠭᠡᠶ ᠭᠦᠮᠦᠰ ᠤᠨ ᠳᠤᠷ᠎ᠠ ᠶᠢ ᠪᠣᠯᠢᠶᠠᠮ᠎ᠠ ᠪᠠᠢ᠌ᠵᠠᠢ᠂ ᠡᠨᠡ ᠦᠶ᠎ᠡ ᠳᠤ ᠮᠠᠨ ᠤ ᠦᠪᠣᠷ ᠮᠤᠩᠭ᠋ᠤᠯ ᠡᠴᠡ ᠣᠴᠢᠭᠰᠠᠨ ᠪᠠᠭᠰᠢ ᠡᠳᠡᠭᠡᠷ ᠴᠢᠯᠠᠭᠤᠳ ᠢ ᠳᠡᠭᠦᠵᠤ ᠠᠪᠬᠤ ᠭᠡᠳᠡᠯ᠎ᠡ ᠳᠠᠷᠠ ᠪᠢᠴᠢᠬᠠᠨ ᠰᠤᠷᠤᠭᠴᠢ ᠳᠠᠷᠤᠢ ᠬᠤᠷᠢᠭᠯᠠᠵᠤ᠄ 《ᠪᠠᠭᠰᠢ ᠡ ︕ ᠠᠪᠬᠤ ᠪᠡᠨ ᠪᠠᠢ᠌ᠬᠤ ᠤᠤ ︕ ᠡᠳᠡᠭᠡᠷ ᠴᠢᠯᠠᠭᠤᠳ ᠣᠰᠤᠨ ᠳᠤᠤᠷ᠎ᠠ ᠪᠠᠢ᠌ᠬᠤ ᠳᠠᠭᠠᠨ ᠰᠠᠶ‍ᠢ ᠥᠩᠭᠡ ᠢᠯᠭᠠᠷᠠᠨ ᠠᠮᠢᠳᠤ ᠪᠠᠢ᠌ᠬᠤ ᠡᠴᠡ ᠪᠢᠰᠢ ᠂ ᠣᠰᠤᠨ ᠡᠴᠡ ᠨᠢ ᠠᠪᠣᠭᠠᠤᠨ ᠭᠠᠷᠭᠠᠪᠠᠯ ᠥᠭᠦᠴᠢᠭᠡᠨ᠎ᠡ᠂ ᠢᠩᠭᠢᠪᠠᠯ ᠭᠡᠨ ᠳᠤ ᠴᠤ ᠭᠡᠷᠡᠭ᠌ ᠦᠭᠡᠶ ᠡᠳ᠋ ᠪᠣᠯᠴᠢᠬᠠᠨ᠎ᠠ》ᠭᠡᠵᠤ ᠭᠡᠨ᠎ᠡ ᠃

ᠡᠨᠡ ᠭᠦ ᠵᠢᠵᠢᠭ᠌ ᠥᠯᠢᠭᠡᠷ ᠳᠠᠭᠢ ᠪᠢᠴᠢᠬᠠᠨ ᠭᠡᠦᠭᠡᠨ ᠤ ᠡᠭᠡ ᠪᠠᠢ᠌ᠭᠠᠯᠢ ᠪᠠᠨ ᠭᠡᠰᠡᠨ ᠬᠠᠢ᠌ᠷ᠎ᠠ ᠭᠬᠢᠷ ᠦᠭᠡᠶ ᠴᠠᠪᠠᠷ ᠴᠠᠢ᠌ᠯᠭᠠᠨ᠃ ᠶᠠᠮᠠᠷᠪᠠ ᠪᠠᠯᠡᠭ᠌ ᠭᠦᠷᠭᠡᠭᠦ ᠪᠢᠯᠳᠠᠤᠴᠢ ᠠᠷᠠᠠᠰᠢᠨ ᠨᠢᠭᠤᠭᠳᠠᠬᠤ ᠦᠭᠡᠶ᠂ ᠮᠥᠩᠭᠦ ᠵᠤᠭᠤᠰᠤᠨ ᠤ ᠠᠷᠠᠯᠵᠢᠶ᠎ᠠ ᠰᠤᠯᠢᠯᠴᠠᠭ᠎ᠠ ᠬᠠᠷᠠᠭᠳᠠᠬᠤ ᠦᠭᠡᠶ ᠵᠢᠪ ᠵᠢᠩᠭᠢᠨᠢ ᠡᠭᠡ ᠪᠠᠢ᠌ᠭᠠᠯᠢ ᠳᠠᠭᠠᠨ ᠠᠭᠤᠰᠤᠭᠰᠠᠨ ᠡᠵᠡᠨ ᠭᠦᠮᠤᠨ ᠤ ᠬᠠᠢ᠌ᠷ᠎ᠠ ᠮᠦᠨ ᠪᠠᠢ᠌ᠬ᠎ᠠ᠃

ᠭᠠᠯᠠᠭᠤ ᠰᠢᠪᠠᠭᠤ ᠭᠦᠷᠳᠡᠯ᠎ᠡ ᠭᠦᠮᠤᠨ ᠰᠡᠢ᠌ᠷᠡᠭ᠌᠂ ᠠᠭᠠᠷ ᠴᠠᠪᠠᠷ᠂ ᠪᠠᠢ᠌ᠭᠠᠯᠢᠯᠢᠬ ᠨᠤᠳᠤᠭ ᠢ ᠡᠷᠢᠨ ᠰᠠᠭᠤᠷᠢᠰᠢᠵᠤ ᠪᠠᠢ᠌ᠳᠠᠯ᠎ᠠ᠂ ᠡᠨᠡ ᠨᠤᠳᠤᠭ ᠤᠨ ᠶᠢᠡᠨ ᠡᠵᠡᠨ ᠨᠢ ᠪᠣᠯᠤᠭᠰᠠᠨ ᠪᠢᠳᠠ ᠴᠤᠬᠤᠮ ᠨᠤᠳᠤᠭ ᠣᠰᠤ ᠪᠠᠨ ᠭᠡᠷᠭᠢᠨ ᠬᠠᠮᠠᠭᠠᠯᠠᠪᠠᠯ ᠵᠤᠭᠢᠰᠳᠠᠢ ᠪᠢᠯᠠ᠃ ᠭᠦᠮᠤᠨ ᠪᠠ ᠪᠠᠢ᠌ᠭᠠᠯᠢ ᠭᠡᠵᠢᠶ᠎ᠡ ᠨᠢᠭᠡ ᠡᠳᠦᠷ ᠡᠪ ᠵᠤᠭᠢᠴᠠᠯ ᠶᠢᠡᠨ ᠣᠯᠳᠠᠭ ᠪᠣᠯ ︖


ᠵᠤᠬᠢᠶᠡᠬᠴᠢ ᠵᠢᠨ ᠬᠠᠶ‍ᠢᠬ᠄ ᠪᠠᠭᠠᠷᠢᠨ ᠪᠠᠷᠠᠭᠤᠨ ᠬᠤᠰᠢᠭᠤᠨ ᠤ ᠪᠠᠶᠠᠠᠳᠠᠯ᠎ᠠ ᠰᠤᠮᠤᠨ ᠤ ᠭᠤᠤᠯ ᠪᠠᠭ᠎ᠠ ᠰᠤᠷᠭᠠᠭᠤᠯᠢ


ᠵᠤᠬᠢᠶᠠᠭᠴᠢ᠄ ᠷᠢᠨᠴᠢᠩᠭ᠋ᠤᠸ᠎ᠠ
ᠬᠠᠷᠢᠶ᠎ᠠ᠄ ᠨᠠᠢᠷᠠᠭᠤᠯᠤᠯ
ᠳᠠᠷᠤᠮ᠄ 3670
ᠴᠠᠭ᠄ 2009 ᠤᠨ ᠤ 08 ᠰᠠᠷ᠎ᠠ ᠶᠢᠨ 06