ᠢᠷᠡᠳᠡᠭ᠌ ᠪᠣᠯ ᠤᠤ

ᠬᠤᠩᠭ᠋ᠤᠷᠬᠠᠨ ᠳᠠᠭᠤᠤ ᠪᠠᠨ ᠨᠤᠳᠤᠭ ᠲᠤ ᠮᠢᠨᠢ ᠡᠷᠭᠦᠭ᠍ᠰᠡᠭᠡᠷ

ᠬᠤᠯᠠ ᠶᠢᠨ ᠬᠤᠯᠠ ᠳᠤ ᠰᠢᠪᠠᠭᠤᠳ ᠪᠣᠴᠠᠯ᠎ᠠ

ᠬᠤᠰᠢᠭᠤᠷᠠᠨ ᠵᠡᠯᠡᠯᠡᠭ᠍ᠰᠡᠨ ᠰᠢᠪᠠᠭᠤᠳ ᠤᠨ ᠬᠠᠮᠳᠤ

ᠬᠤᠷᠸ᠎ᠠ ᠳᠡᠯᠡᠭᠡᠢ ᠶᠢᠨ ᠨᠠᠮᠤᠷ ᠴᠤ ᠡᠭᠡᠯ᠎ᠡ

ᠰᠠᠷᠠᠯ ᠪᠣᠳᠠᠩ ᠣᠨᠢᠶᠠᠷᠳᠤᠨ ᠪᠠᠢ᠌ᠭᠰᠠᠨ

ᠰᠠᠨᠠᠭ᠎ᠠ ᠠᠯᠳᠠᠶ᠎ᠠ ᠨᠢᠭᠡ ᠨᠠᠮᠤᠷ

ᠰᠠᠠᠰᠠᠷ ᠲᠤ ᠬᠤᠭᠤᠰᠤᠷᠠᠭᠰᠠᠨ ᠰᠢᠪᠠᠭᠤᠳ ᠤᠨ ᠬᠠᠮᠳᠤ

ᠰᠠᠢ᠌ᠬᠠᠨ ᠴᠢ ᠮᠢᠨᠢ ᠰᠠᠯᠵᠤ ᠣᠳᠤᠭᠰᠠᠨ

ᠵᠢᠯ ᠵᠢᠯ ᠤᠨ ᠬᠠᠪᠣᠷ ᠤᠨ ᠠᠭᠤᠷ ᠪᠠᠷ

ᠵᠡᠯᠡᠯᠡᠭ᠍ᠰᠡᠨ ᠰᠢᠪᠠᠭᠤᠳ ᠪᠣᠴᠠᠭᠠᠤᠨ ᠯᠠ ᠢᠷᠡᠳᠡᠭ᠌

ᠵᠢᠷᠦᠭᠡᠨ ᠬᠠᠢ᠌ᠷ᠎ᠠ ᠶᠢ ᠮᠢᠨᠢ ᠠᠪᠣᠭᠠᠤᠨ ᠣᠳᠤᠭᠰᠠᠨ ᠴᠢ ᠯᠠ

ᠵᠢᠯᠡᠭ᠍ᠰᠡᠨ ᠶᠤᠮᠰᠢᠭ ᠰᠤᠷᠠᠭ ᠦᠭᠡᠶ ᠪᠠᠢ᠌ᠳᠠᠭ

ᠢᠨᠠᠭ ᠬᠠᠢ᠌ᠷ᠎ᠠ ᠶᠢ ᠮᠢᠨᠢ ᠠᠪᠣᠭᠠᠤᠨ ᠶᠠᠪᠣᠭᠰᠠᠨ

ᠢᠯᠳᠠᠮᠠᠯ ᠴᠢ ᠮᠢᠨᠢ ᠢᠷᠡᠳᠡᠭ᠌ ᠪᠣᠯ ᠦᠦ ︖



ᠵᠤᠬᠢᠶᠠᠭᠴᠢ ᠶᠢᠨ ᠬᠠᠶ‍ᠢᠭ᠄ ᠰᠢᠠᠵᠢᠶᠠᠩ ᠪᠠᠶᠠᠠᠭᠤᠤᠯ

ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1535
ᠴᠠᠭ᠄ 2010 ᠤᠨ ᠤ 08 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁